ᠬᠤᠷᠴᠢᠨ ᠨᠤᠳᠤᠭ ᠲᠤ ᠮᠥᠩᠭᠡ ᠳᠠᠭᠤᠷᠢᠰᠤᠭᠳᠠᠬᠤ ᠬᠤᠭᠤᠷ ᠤᠨ ᠡᠭᠡᠰᠢᠭ᠌

ᠨᠢᠭᠡᠨ ᠦᠶ᠎ᠡ ᠲᠦᠰᠢᠶᠠᠳᠤ ᠬᠤᠰᠢᠭᠤᠨ ᠳᠤ ᠳᠠᠭᠤᠯᠠᠭᠳᠠᠨ ᠳᠡᠯᠭᠡᠷᠡᠵᠤ ᠪᠠᠢ᠌ᠭᠰᠠᠨ 《ᠬᠤᠭᠤᠷ ᠤᠨ ᠥᠯᠢᠭᠡᠷ》 ᠭᠡᠳᠡᠭ᠌ ᠮᠤᠩᠭ᠋ᠤᠯ ᠳᠠᠭᠤᠤ ᠶᠢᠨ ᠥᠭᠡ ᠶᠢ ᠰᠡᠴᠡᠡᠴᠡᠩᠭᠡᠯ ᠵᠤᠬᠢᠶᠠᠵᠤ᠂ ᠠᠶ᠎ᠠ ᠶᠢ ᠬᠠᠨ ᠪᠣᠯᠠᠭ ᠳᠠᠭᠠᠷᠠᠭᠤᠯᠵᠤ᠂ ᠲᠦᠰᠢᠶᠠᠳᠤ ᠶᠢᠨ ᠵᠠᠯᠠᠭᠤ ᠳᠠᠭᠤᠴᠢᠨ ᠪᠠᠢ ᠬᠤᠩ ᠮᠸᠢ ᠴᠡᠭᠡᠯᠭᠡᠨ ᠬᠤᠭᠤᠯᠠᠢ ᠪᠠᠷ ᠴᠡᠭᠡᠵᠢ ᠶᠢ ᠠᠭᠤᠷᠵᠢᠳᠠᠯ᠎ᠠ ᠳᠠᠭᠤᠯᠠᠭᠰᠠᠨ ᠪᠠᠢ᠌ᠳᠠᠭ᠃ ᠳᠤᠰ ᠳᠠᠭᠤᠨ ᠳᠤ 《ᠪᠣᠶᠠᠠᠳᠤ ᠳᠡᠭᠡᠳᠤ ᠡᠴᠠ ᠣᠯᠠᠮᠵᠢᠯᠠᠭᠰᠠᠨ᠂ ᠪᠣᠭᠤᠷᠤᠯ ᠨᠠᠰᠤᠳᠠᠨ ᠤ ᠮᠢᠨᠢ ᠭᠡᠯᠡᠭ᠍ᠰᠡᠭᠡᠷ ᠢᠷᠡᠭ᠍ᠰᠡᠨ᠂ ᠪᠣᠯᠠᠭ ᠤᠨ ᠳᠤᠩᠭ᠋ᠠᠯᠠᠭ ᠷᠠᠰᠢᠶᠠᠨ ᠰᠢᠭ᠂ ᠪᠣᠳᠤᠯ ᠵᠢᠷᠦᠭᠡ ᠶᠢ ᠣᠮᠳᠠᠯᠠᠭᠰᠠᠨ᠂ ᠬᠤᠭᠤᠷ ᠤᠨ ᠥᠯᠢᠭᠡᠷ᠁》 ᠭᠡᠵᠤ ᠳᠠᠭᠤᠯᠠᠳᠠᠭ ᠶᠤᠮ᠃ ᠡᠨᠡ ᠳᠠᠭᠤᠨ ᠳᠤ ᠬᠤᠭᠤᠷ ᠤᠨ ᠥᠯᠢᠭᠡᠷ ᠤᠨ ᠪᠠᠯᠠᠷᠠᠰᠢ ᠦᠭᠡᠶ ᠦᠴᠦᠭᠡᠳᠦᠷ ᠪᠣᠯᠤᠨ ᠪᠠᠬᠠᠳᠤᠵᠤ ᠰᠤᠨᠤᠰᠤᠭᠠᠤᠨ ᠬᠠᠨᠤᠰᠢ ᠦᠭᠡᠶ ᠮᠠᠷᠭᠠᠰᠢ ᠶᠢ ᠭᠦᠮᠦᠰ ᠲᠤ ᠮᠡᠳᠡᠭᠦᠯᠦᠭ᠍ᠰᠡᠨ ᠪᠠᠢ᠌ᠳᠠᠭ᠃

ᠮᠠᠨ ᠢ ᠪᠠᠭ᠎ᠠ ᠳᠤ᠂ ᠪᠢᠳᠠ ᠠᠢ᠌ᠯ ᠡᠴᠠ ᠠᠷᠪᠠᠭᠠᠤᠨ ᠭᠠᠵᠠᠷ ᠤᠨ ᠠᠯᠤᠰ ᠲᠤ ᠪᠠᠢ᠌ᠭ᠎ᠠ ᠰᠤᠮᠤ ᠶᠢᠨ ᠲᠥᠪ ᠲᠤ ᠣᠴᠢᠵᠤ ᠪᠢᠴᠢᠭ᠌ ᠥᠵᠡᠳᠡᠭ᠌ ᠶᠤᠮ᠃ ᠵᠤᠨ ᠤ ᠦᠳᠡ ᠳᠤ ᠬᠤᠶᠠᠷ ᠭᠤᠷᠪᠠᠨ ᠴᠠᠭ ᠠᠮᠠᠷᠠᠳᠠᠭ ᠣᠴᠢᠷ ᠡᠴᠠ ᠭᠡᠷ ᠲᠡᠭᠡᠨ ᠣᠴᠢᠵᠤ ᠥᠳᠡᠯᠡᠳᠡᠭ᠌ ᠶᠤᠮ᠃ ᠬᠤᠵᠢᠮᠳᠠᠵᠤ ᠢᠷᠡᠭᠡᠳ ᠰᠤᠮᠤ ᠶᠢᠨ ᠲᠥᠪ ᠲᠤ ᠨᠢᠭᠡ ᠳᠤᠮᠤᠬᠠᠨ ᠯᠠᠪᠠᠷ ᠣᠭᠰᠠᠷᠠᠭᠤᠯᠤᠭᠰᠠᠨ ᠡᠴᠠ ᠪᠢᠳᠠ ᠭᠡᠷ ᠲᠡᠭᠡᠨ ᠥᠳᠡᠯᠡᠳᠡᠭ᠌ ᠵᠤᠷᠰᠢᠯ ᠶᠢᠡᠨ ᠥᠭᠡᠷᠡᠴᠢᠯᠡᠪᠡ᠃ ᠦᠳᠡ ᠪᠣᠯᠬᠤ ᠳᠤ ᠭᠡᠷ ᠡᠴᠠ ᠪᠠᠨ ᠠᠪᠴᠢᠷᠠᠭᠰᠠᠨ ᠬᠠᠳᠠᠭᠠᠭᠰᠠᠨ ᠮᠠᠠᠵᠢᠨ ᠪᠣᠯᠤᠨ ᠬᠠᠷ᠎ᠠ ᠬᠤᠰᠤᠮ ᠲᠡᠶ ᠭᠠᠪ ᠰᠢᠷ᠎ᠠ ᠪᠣᠤᠪᠣ ᠪᠣᠶᠤ ᠡᠷᠳᠡᠨᠢ ᠰᠢᠰᠢ ᠶᠢᠨ ᠬᠠᠭᠤᠷᠮᠠᠯ ᠶᠢᠡᠨ ᠡᠪᠯᠡᠭᠦᠯᠤᠨ ᠢᠳᠠᠵᠤ᠂ ᠰᠤᠷᠭᠠᠭᠤᠯᠢ ᠶᠢᠨ ᠭᠦᠷᠢᠶᠡᠨ ᠤ ᠮᠤᠳᠤᠨ ᠰᠡᠭᠦᠳᠡᠷ ᠲᠤ ᠭᠡᠪᠳᠡᠭᠦ ᠪᠣᠶᠤ ᠰᠠᠭᠤᠯᠴᠠᠵᠤ ᠳᠤᠮᠤ ᠯᠠᠪᠠᠷ ᠥᠭᠡᠳᠡ ᠴᠢᠭᠢ ᠳᠠᠯᠪᠢᠨ ᠴᠢᠩᠨᠠᠵᠤ᠂ ᠪᠦᠷᠢᠡᠪᠠᠶᠡᠷ᠂ ᠡᠷᠳᠡᠨᠢᠵᠢᠷᠦᠭᠡ᠂ ᠰᠢᠷᠠᠪ ᠬᠤᠭᠤᠷᠴᠢ ᠶᠢᠨ 《ᠰᠢᠤᠸᠠᠢ ᠭᠠᠩ ᠳᠠᠩ ᠣᠯᠤᠰ ᠡᠴᠠ ᠣᠷᠪᠠᠭᠰᠠᠨ》᠂ 《ᠭᠦᠭᠡ ᠰᠤᠳᠤᠷ》᠂ 《ᠰᠠᠭᠢᠭᠤᠯᠰᠤᠨ ᠡᠷᠭᠦᠮᠵᠢᠯᠡᠭ᠍ᠰᠡᠨ》 ᠵᠡᠷᠭᠡ ᠬᠤᠭᠤᠷ ᠤᠨ ᠥᠯᠢᠭᠡᠷ ᠢ ᠠᠮᠳᠠᠷᠬᠠᠨ ᠰᠤᠨᠤᠰᠳᠠᠭ ᠪᠠᠢ᠌ᠭᠰᠠᠨ ᠶᠤᠮ᠃

ᠳᠤᠬᠠᠢ ᠶᠢᠨ ᠦᠶ᠎ᠡ ᠳᠤ᠂ ᠪᠠᠷᠢᠭᠠᠳᠠ ᠡᠴᠠ ᠦᠷᠭᠦᠯᠵᠢ ᠬᠤᠭᠤᠷᠴᠢ ᠵᠠᠯᠠᠵᠤ᠂ ᠠᠢ᠌ᠯ ᠳᠤ ᠥᠯᠢᠭᠡᠷ ᠭᠡᠯᠡᠭᠦᠯᠳᠡᠭ᠌ ᠪᠠᠢ᠌ᠭᠰᠠᠨ᠃ ᠮᠠᠨ ᠤ ᠵᠡᠷᠭᠡᠯᠳᠡᠭᠡ ᠭᠡᠷ ᠲᠤ ᠪᠢᠶᠠᠨ ᠢᠤᠢ ᠴᠢᠤᠸᠠᠨ ᠭᠡᠭ᠍ᠴᠢ ᠴᠤᠪᠣᠭᠤᠯᠢᠭ ᠬᠡᠦᠬᠡᠳ ᠪᠠᠢ᠌ᠵᠠᠢ᠃ ᠣᠷᠤᠢ ᠪᠦᠷᠢ ᠪᠠᠢ᠌ᠮ᠎ᠠ ᠡᠷᠳᠡ ᠪᠠᠷᠢᠭᠠᠳᠠ ᠶᠢᠨ ᠭᠡᠷ ᠲᠤ ᠣᠴᠢᠵᠤ᠂ ᠬᠤᠭᠤᠷᠴᠢ ᠶᠢᠨ ᠡᠷᠡᠤ ᠶᠢᠨ ᠳᠤᠤᠷᠠᠭᠢ ᠣᠷᠤ ᠶᠢ ᠵᠠᠪᠳᠤᠨ ᠡᠵᠡᠯᠡᠵᠤ᠂ ᠪᠦᠭᠦ ᠠᠩᠬᠠᠷᠤᠯ ᠶᠢᠡᠨ ᠳᠦᠪᠯᠡᠷᠡᠭᠦᠯᠵᠤ᠂ ᠬᠤᠭᠤᠷ ᠤᠨ ᠥᠯᠢᠭᠡᠷ ᠰᠤᠨᠤᠰᠳᠠᠭ ᠶᠤᠮ᠃ ᠳᠡᠭᠡᠭᠡᠳ ᠭᠡᠷ ᠲᠡᠭᠡᠨ ᠬᠠᠷᠢᠪᠠᠯ᠂ ᠬᠤᠭᠤᠷᠴᠢ ᠶᠢᠨ ᠳᠦᠷᠰᠦᠯᠡᠭ᠍ᠰᠡᠨ ᠶᠤᠰᠤᠭᠠᠷ ᠬᠤᠯᠪᠤᠨ ᠪᠣᠳᠤᠵᠤ᠂ ᠣᠷᠠᠯᠠᠨ ᠰᠠᠳᠭᠢᠵᠤ ᠥᠯᠢᠭᠡᠷ ᠳᠠᠭᠢ ᠭᠦᠮᠦᠰ ᠢ ᠬᠤᠶᠠᠭ ᠳᠤᠭᠤᠯᠭ᠎ᠠ᠂ ᠬᠤᠪᠴᠠᠰᠤ ᠬᠤᠨᠠᠷ᠂ ᠪᠠᠢ᠌ᠯᠳᠤᠭᠠᠨ ᠤ ᠵᠡᠪᠰᠡᠭ᠌ ᠪᠠ ᠪᠠᠢ᠌ᠳᠠᠯ ᠳᠦᠷᠭᠦ ᠲᠡᠶ ᠨᠢ ᠳᠠᠷᠠ ᠭᠡᠪ ᠶᠢᠡᠷ ᠨᠢ ᠱᠤᠭᠤᠨ ᠪᠦᠳᠦᠭᠡᠵᠤ᠂ ᠣᠷᠠᠯᠠᠨ ᠵᠢᠷᠤᠵᠤ᠂ ᠵᠢᠷᠤᠭ ᠶᠢᠡᠨ ᠥᠵᠡᠭᠦᠯᠵᠤ ᠥᠯᠢᠭᠡᠷ ᠤᠨ ᠶᠠᠪᠣᠴᠠ ᠶᠢ ᠨᠢ ᠨᠠᠶᠠ ᠭᠠᠷᠤᠭᠰᠠᠨ ᠡᠮᠡᠭᠡ ᠳᠡᠭᠡᠨ ᠶᠠᠷᠢᠵᠤ ᠥᠭ᠍ᠳᠡᠭ᠌ ᠶᠤᠮ᠃

ᠮᠠᠨ ᠤ ᠰᠠᠭᠤᠭ᠎ᠠ ᠠᠢ᠌ᠯ ᠳᠤ ᠮᠢᠨᠤ ᠨᠢᠭᠡ ᠳᠦᠷᠤᠯ ᠤᠨ ᠡᠭᠡᠴᠢ ᠭᠦᠷᠭᠡᠨ ᠠᠬ᠎ᠠ ᠪᠠᠢ᠌ᠳᠠᠭ ᠶᠤᠮ᠃ ᠬᠤᠭᠤᠷ ᠤᠨ ᠥᠯᠢᠭᠡᠷ ᠲᠤ ᠰᠢᠨᠤᠯ ᠲᠡᠶ ᠨᠢ ᠠᠷᠭ᠎ᠠ ᠦᠭᠡᠶ᠃ ᠬᠤᠭᠤᠷ ᠤᠨ ᠥᠯᠢᠭᠡᠷ ᠭᠡᠪᠠᠯ ᠬᠤᠭᠤᠯᠠ ᠪᠣᠳᠠᠭ᠎ᠠ ᠪᠠᠨ ᠮᠠᠷᠳᠠᠬᠤ ᠭᠡᠮᠵᠢᠶᠡᠨ ᠳᠤ ᠳᠤᠯᠳᠠᠭ᠃ ᠬᠤᠶᠠᠭᠤᠯᠠ ᠶᠢᠨ ᠳᠤᠮᠳᠠ ᠨᠢᠭᠡᠨ ᠡᠪᠳᠡᠷᠡᠭᠡᠢ ᠷᠠᠳᠢᠤ᠋ ᠲᠡᠶ ᠪᠠᠢ᠌ᠵᠠᠢ᠃ ᠥᠯᠢᠭᠡᠷ ᠤᠨ ᠴᠠᠭ ᠪᠣᠯᠭᠠᠨ ᠳᠤ ᠡᠪᠳᠡᠷᠭᠡᠢ ᠷᠠᠳᠢᠤ᠋ ᠶᠢᠨ ᠯᠠᠪᠠᠷ ᠲᠡᠶ ᠳᠠᠯ᠎ᠠ ᠶᠢ ᠨᠢ ᠪᠣᠯᠢᠶᠠᠯᠳᠤᠭᠠᠤᠨ ᠭᠡᠷᠡᠭᠦᠯ ᠪᠣᠯᠳᠠᠭ᠃ ᠡᠮᠤᠨ᠎ᠡ ᠭᠡᠳᠤᠨ ᠵᠢᠯ ᠭᠦᠷᠭᠡᠨ ᠠᠬ᠎ᠠ ᠮᠢᠨᠢ ᠨᠠᠰᠤ ᠪᠠᠷᠠᠭᠰᠠᠨ ᠤ ᠳᠠᠷᠠᠭ᠎ᠠ᠂ ᠡᠭᠡᠴᠢ ᠶᠢᠨ ᠮᠢᠨᠢ ᠭᠦᠤ ᠨᠢ ᠡᠵᠢ ᠳᠡᠭᠡᠨ 《ᠴᠦᠨ ᠯᠸᠢ》 ᠳᠡᠮᠳᠡᠭ᠍ᠳᠤ ᠨᠢᠭᠡ ᠭᠤᠶᠤ ᠭᠢᠴᠠ ᠲᠡᠶ ᠷᠠᠳᠢᠤ᠋ ᠠᠪᠴᠤ ᠦᠭ‍ᠭᠦᠭ᠍ᠰᠡᠨ ᠭᠡᠳᠡᠭ᠌᠃ ᠳᠡᠭᠦᠨ ᠡᠴᠠ ᠠᠪᠣᠭᠠᠤᠨ ᠬᠤᠭᠤᠷ ᠤᠨ ᠥᠯᠢᠭᠡᠷ ᠭᠡᠯᠡᠳᠡᠭ᠌ ᠷᠠᠳᠢᠤ᠋ ᠨᠢ ᠡᠭᠡᠴᠢ ᠳᠤ ᠮᠢᠨᠢ ᠥᠳᠡᠯᠦᠭᠡ ᠨᠠᠰᠤᠨ ᠤ ᠭᠢᠨᠢ ᠥᠮᠦᠭ᠌ ᠳᠦᠰᠢᠭ᠌ ᠪᠣᠶᠤ ᠥᠭᠡ ᠶᠠᠷᠢᠳᠠᠭ ᠬᠠᠨᠢ ᠨᠢ ᠪᠣᠯᠤᠭᠰᠠᠨ ᠶᠤᠮ᠃

ᠠᠬᠠᠮᠠᠤᠨ ᠬᠤᠭᠤᠷᠴᠢ ᠪᠦᠷᠢᠡᠪᠠᠶᠡᠷ᠂ ᠡᠷᠳᠡᠨᠢᠵᠢᠷᠦᠭᠡ᠂ ᠬᠠᠢ ᠪᠣᠤ ᠨᠡᠷ ᠢᠷᠠᠭᠤ ᠰᠠᠢ᠌ᠬᠠᠨ ᠬᠤᠭᠤᠷ ᠤᠨ ᠥᠯᠢᠭᠡᠷ ᠶᠢᠡᠨ ᠭᠦᠮᠦᠰ ᠲᠤ ᠥᠯᠡᠳᠡᠭᠡᠵᠤ᠂ ᠬᠠᠯᠢᠵᠤ ᠶᠠᠪᠣᠭᠠᠤᠨ ᠣᠯᠠᠨ ᠵᠢᠯ ᠪᠣᠯᠴᠢᠬᠠᠯ᠎ᠠ᠃ ᠭᠡᠪᠠᠴᠤ ᠳᠠᠳᠠᠨ ᠤ ᠬᠠᠯᠠᠰᠢᠷᠠᠯ ᠦᠭᠡᠶ ᠰᠤᠷᠭᠠᠵᠤ ᠭᠦᠮᠦᠵᠢᠭᠦᠯᠦᠭ᠍ᠰᠡᠨ ᠳᠠᠮᠤᠷ᠎ᠠ᠂ ᠭᠠᠠᠵᠤᠤᠷ᠂ ᠳᠡᠮᠴᠡᠭ᠌ ᠵᠡᠷᠭᠡ ᠱᠠᠪᠢ ᠨᠡᠷ ᠨᠢ ᠳᠠᠳᠠᠨ ᠤ ᠥᠯᠢᠭᠡᠷ ᠭᠡᠯᠡᠭᠦ ᠭᠡᠪ ᠨᠠᠮᠪᠠ ᠶᠢ ᠨᠢ ᠵᠠᠯᠭᠠᠮᠵᠢᠯᠠᠨ ᠭᠦᠭ᠍ᠵᠢᠭᠦᠯᠵᠤ᠂ ᠪᠦᠷᠢᠡᠪᠠᠶᠡᠷ ᠬᠤᠭᠤᠷᠴᠢ ᠶᠢᠨ ᠣᠮᠪᠣᠯᠤ ᠭᠦᠤ ᠡᠷᠳᠡᠨᠢᠴᠤᠭᠯᠠ ᠨᠢ ᠡᠪᠦᠭᠡ ᠶᠢᠨ ᠶᠢᠡᠨ ᠥᠯᠢᠭᠡᠷ ᠭᠡᠯᠡᠭᠦ ᠠᠪᠢᠶᠠᠰ ᠴᠢᠳᠠᠪᠣᠷᠢ ᠶᠢ ᠰᠤᠷᠴᠤ ᠵᠠᠯᠭᠠᠮᠵᠢᠯᠠᠵᠤ᠂ ᠬᠤᠭᠤᠷ ᠤᠨ ᠥᠯᠢᠭᠡᠷ ᠤᠨ ᠣᠷᠠᠯᠢᠭ ᠢ ᠲᠥᠪ ᠤᠨ ᠳᠸᠯᠸᠢᠰ ᠬᠤᠷᠢᠶ᠎ᠠ ᠶᠢᠨ ᠴᠡᠭᠡᠨ ᠭᠦᠰᠢᠶ᠎ᠡ ᠪᠠᠷ ᠳᠠᠮᠵᠢᠭᠤᠯᠵᠤ᠂ ᠳᠢᠪ ᠳᠡᠯᠡᠭᠡᠢ ᠳᠤ ᠳᠠᠨᠢᠯᠴᠠᠭᠤᠯᠵᠤ᠂ ᠵᠠᠯᠠᠭᠤ ᠬᠤᠭᠤᠷᠴᠢ ᠵᠤᠷᠢᠭᠳᠤ᠂ ᠭᠦᠤ ᠭᠡᠭᠡᠡᠵᠦᠭ᠌᠂ ᠭᠡᠦᠭᠡᠨ ᠭᠡᠭᠡᠡᠳᠦᠶᠠᠭ᠎ᠠ ᠲᠡᠶ ᠪᠠᠨ ᠮᠤᠩᠭ᠋ᠤᠯ ᠬᠤᠭᠤᠷ ᠤᠨ ᠥᠯᠢᠭᠡᠷ ᠤᠨ ᠢᠷᠡᠭᠡᠳᠦᠢ ᠶᠢᠨ ᠲᠦᠯᠦᠭᠡ᠂ ᠣᠷ᠎ᠠ ᠡᠷᠳᠡᠮ ᠶᠢᠡᠨ ᠣᠯᠠᠷᠢᠭᠤᠯᠤᠨ ᠮᠠᠬᠠᠷᠠᠨ ᠴᠢᠷᠮᠠᠢ᠌ᠵᠤ ᠪᠠᠢ᠌ᠨ᠎ᠠ᠃ ᠪᠠᠰᠠ ᠰᠠᠢ᠌ᠰᠢᠶᠠᠯᠳᠤ᠂ ᠪᠠᠶᠠᠠᠳᠠᠮᠤᠷ᠎ᠠ ᠵᠡᠷᠭᠡ ᠶᠢᠨ ᠣᠯᠠᠨ ᠣᠯᠠᠨ ᠭᠦᠮᠤᠨ ᠬᠤᠭᠤᠷ ᠤᠨ ᠥᠯᠢᠭᠡᠷ ᠶᠢᠡᠨ ᠭᠦᠭ᠍ᠵᠢᠭᠦᠯᠤᠨ ᠮᠠᠠᠳᠤᠭᠤᠯᠬᠤ ᠶᠢᠨ ᠲᠦᠯᠦᠭᠡ ᠮᠠᠬᠠᠷᠠᠨ ᠴᠢᠷᠮᠠᠢ᠌ᠵᠤ ᠵᠢᠳᠭᠦᠨ ᠠᠵᠢᠯᠯᠠᠵᠤ ᠪᠠᠢ᠌ᠨ᠎ᠠ᠃ ᠬᠤᠭᠤᠷ ᠤᠨ ᠥᠯᠢᠭᠡᠷ ᠤᠨ ᠢᠷᠠᠭᠤᠬᠠᠨ ᠡᠭᠡᠰᠢᠭ᠌ ᠬᠤᠷᠴᠢᠨ ᠨᠤᠳᠤᠭ ᠲᠤ ᠮᠥᠩᠭᠡ ᠳᠠᠭᠤᠷᠢᠰᠤᠭᠳᠠᠬᠤ ᠨᠢ ᠯᠠᠪᠳᠠᠢ ᠶᠤᠮ᠃


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤ

ᠵᠤᠬᠢᠶᠠᠭᠴᠢ᠄ ᠠ᠊·ᠰᠠᠴᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 5645
ᠴᠠᠭ᠄ 2012 ᠤᠨ ᠤ 03 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ