ᠬᠤᠴᠤᠷᠤᠩᠭ᠋ᠤᠢ ᠰᠤᠷᠤᠭᠴᠢ ᠶᠢ ᠭᠡᠷᠭᠢᠨ ᠭᠦᠮᠦᠵᠢᠭᠦᠯᠭᠦ ᠳᠤᠬᠠᠢ ᠥᠭᠦᠯᠡᠭᠦ ᠨᠢ

ᠭᠡᠪ ᠴᠢᠨᠠᠷ ᠤᠨ ᠰᠤᠷᠭᠠᠨ ᠭᠦᠮᠦᠵᠢᠯ ᠤᠨ ᠭᠦᠡᠵᠡᠭᠡᠢ᠌ᠷᠡᠯ᠂ ᠰᠢᠨ᠎ᠡ ᠭᠢᠴᠢᠶᠡᠯᠯᠡᠭᠡ ᠶᠢᠨ ᠥᠭᠡᠷᠡᠴᠢᠯᠡᠯᠳᠡ ᠨᠢ ᠮᠠᠨ ᠤ ᠪᠠᠭᠰᠢ ᠪᠣᠯᠤᠭᠰᠠᠤᠨ ᠡᠷᠭᠡᠪᠰᠢ ᠰᠤᠷᠤᠭᠴᠢ ᠪᠣᠯᠭᠠᠨ ᠢ ᠢᠯᠡᠷᠡᠭᠦᠯᠵᠤ᠂ ᠬᠠᠢ᠌ᠷᠠᠯᠠᠵᠤ᠂ ᠵᠢᠯᠤᠭᠤᠤᠠᠴᠤ ᠭᠦᠮᠦᠵᠢᠭᠦᠯᠤᠨ᠂ ᠨᠡᠢ᠌ᠭᠡᠮ ᠨᠠᠢ᠌ᠳᠠ ᠳᠤ ᠭᠡᠷᠡᠭ᠍ᠴᠠᠭᠡᠳᠠᠢ ᠭᠦᠮᠤᠨ ᠪᠣᠯᠭᠠᠬᠤ ᠶᠢ ᠱᠠᠭᠠᠷᠳᠠᠵᠤ ᠪᠠᠢ᠌ᠨ᠎ᠠ᠃ ᠨᠡᠢ᠌ᠭᠡᠮ ᠤᠨ ᠪᠦᠭᠦᠢᠯᠡ ᠴᠤᠭᠴᠠ ᠡᠴᠠ ᠠᠪᠴᠤ ᠦᠵᠡᠪᠠᠯ ᠨᠡᠢ᠌ᠭᠡᠮ ᠤᠨ ᠪᠦᠷᠢᠯᠳᠦᠭᠦᠨ ᠳᠤ ᠳᠠᠪᠰᠢᠩᠭ᠋ᠤᠢ ᠪᠠ ᠬᠤᠴᠤᠷᠤᠩᠭ᠋ᠤᠢ ᠭᠡᠳᠡᠭ᠌ ᠬᠤᠶᠠᠷ ᠵᠣᠢ᠌ᠯ ᠤᠨ ᠥᠵᠡᠭ᠍ᠳᠡᠯ ᠶᠡᠷᠦᠳᠡᠭᠡᠨ ᠣᠷᠤᠰᠢᠳᠠᠭ᠃ ᠶᠠᠷᠢᠶᠠᠨ ᠦᠭᠡᠶ ᠶᠠᠮᠠᠷ ᠨᠢᠭᠡᠨ ᠰᠤᠷᠭᠠᠭᠤᠯᠢ᠂ ᠠᠩᠭᠢ ᠨᠢᠭᠡᠴᠡ ᠳᠤ ᠪᠦᠷ ᠰᠤᠷᠤᠯᠭ᠎ᠠ ᠳᠤ ᠪᠠᠨ ᠭᠦᠴᠢᠷᠳᠡᠵᠤ ᠪᠠᠢ᠌ᠬᠤ ᠰᠠᠭᠢᠯᠭ᠎ᠠ ᠪᠠᠳᠤ᠂ ᠶᠤᠰᠤ ᠮᠤᠷᠠᠯ ᠤᠨ ᠳᠠᠯ᠎ᠠ ᠪᠠᠷ ᠠᠨᠠᠢ ᠰᠤᠷᠤᠭᠴᠢ ᠪᠠᠢ᠌ᠳᠠᠭ᠃ ᠡᠳᠡᠭᠡᠷ ᠰᠤᠷᠤᠭᠴᠢᠳ ᠴᠤ ᠪᠣᠰᠤᠳ ᠰᠢᠯᠢᠳᠡᠭ᠌ ᠰᠤᠷᠤᠭᠴᠢ ᠲᠡᠶ ᠠᠳᠠᠯᠢ ᠦᠪᠡᠷ ᠤᠨ ᠵᠠᠩ ᠴᠢᠨᠠᠷ᠂ ᠦᠪᠡᠷ ᠤᠨ ᠰᠠᠨᠠᠯ ᠪᠣᠳᠤᠯ᠂ ᠦᠪᠡᠷ ᠤᠨ ᠮᠡᠳᠡᠯᠭᠡ ᠪᠣᠯᠤᠨ ᠦᠵᠡᠯ ᠰᠠᠨᠠᠭᠠᠨ ᠤ ᠰᠠᠭᠤᠷᠢ ᠵᠢᠴᠢ ᠠᠵᠢᠯᠯᠠᠭᠠᠨ ᠤ ᠵᠢᠮ᠎ᠠ ᠶᠤᠰᠤ ᠲᠡᠶ ᠪᠠᠢ᠌ᠳᠠᠭ᠃

ᠲ᠋ᠡᠭᠡᠪᠠᠯ᠂ ᠪᠠᠭᠰᠢ ᠪᠣᠯᠤᠭᠰᠠᠤᠨ ᠬᠤᠴᠤᠷᠤᠩᠭ᠋ᠤᠢ ᠰᠤᠷᠤᠭᠴᠢ ᠶᠢ ᠭᠡᠷᠭᠢᠨ ᠭᠦᠮᠦᠵᠢᠭᠦᠯᠭᠦ ᠳᠤᠬᠠᠢ ᠦᠪᠡᠷ ᠤᠨ ᠦᠵᠡᠯᠳᠠ ᠪᠠᠨ ᠶᠠᠷᠢᠶ᠎᠎ᠠ᠄

    ᠨᠢᠭᠡ᠂ ᠭᠦᠰᠡᠯᠡᠩ ᠪᠠ ᠵᠤᠷᠢᠯᠭ᠎ᠠ ᠶᠢᠨ ᠭᠦᠮᠦᠵᠢᠯ ᠢ ᠴᠢᠩᠭ᠋ᠠᠳᠬᠠᠬᠤ ᠭᠡᠷᠡᠭ᠍ᠳᠡᠢ᠃

ᠬᠤᠴᠤᠷᠤᠩᠭ᠋ᠤᠢ ᠰᠤᠷᠤᠭᠴᠢ ᠶᠢᠨ ᠨᠠᠢ᠌ᠳᠠ ᠶᠢᠨ ᠣᠠᠴᠠᠯᠢᠭ ᠭᠡᠪᠠᠯ᠂ ᠴᠠᠭ ᠢ ᠪᠠᠷᠢᠮᠳᠠᠯᠠᠬᠤ ᠦᠭᠡᠶ᠂ ᠰᠠᠭᠢᠯᠭ᠎ᠠ ᠶᠢ ᠰᠠᠭᠢᠬᠤ ᠦᠭᠡᠶ᠂ ᠰᠤᠷᠤᠯᠭ᠎ᠠ ᠳᠠᠭᠠᠨ ᠴᠢᠷᠮᠠᠢ᠌ᠬᠤ ᠦᠭᠡᠶ᠂ ᠭᠡᠯᠡᠭᠦ ᠶᠢ ᠰᠤᠨᠤᠰᠬᠤ ᠦᠭᠡᠶ ᠵᠡᠷᠭᠡ 《ᠳᠦᠷᠪᠠᠨ ᠥᠭᠡᠢ》  ᠵᠢᠨ ᠢᠯᠠᠷᠠᠯ ᠪᠠᠢ᠌ᠳᠠᠭ᠃ ᠡᠨᠡ ᠨᠢ ᠴᠤᠬᠤᠮ ᠶᠠᠮᠠᠷ ᠰᠢᠯᠳᠠᠭᠠᠨ ᠡᠴᠠ ᠪᠣᠯᠤᠭᠰᠠᠨ ᠪᠣᠢ︖ ᠭᠡᠪᠠᠯ᠂ ᠳᠠᠷᠤᠢ ᠰᠤᠷᠤᠯᠴᠠᠬᠤ ᠵᠤᠷᠢᠯᠭ᠎ᠠ ᠨᠢ ᠪᠠᠯᠠᠷᠬᠠᠢ᠂ ᠠᠯᠤᠰ ᠤᠨ ᠭᠦᠰᠡᠯᠡᠩ ᠨᠢ ᠳᠤᠳᠤ ᠦᠭᠡᠶ ᠡᠴᠠ ᠪᠣᠯᠤᠭᠰᠠᠨ ᠶᠤᠮ᠃ ᠡᠨᠡ ᠨᠢ ᠶᠠᠭ 《ᠭᠦᠰᠡᠯᠡᠩ ᠦᠭᠡᠶ ᠭᠦᠮᠤᠨ ᠵᠢᠭᠦᠷ ᠦᠭᠡᠶ ᠰᠢᠪᠠᠭᠤ᠂ ᠵᠤᠷᠢᠯᠭ᠎ᠠ ᠦᠭᠡᠶ ᠭᠦᠮᠤᠨ ᠴᠢᠭᠯᠡᠯ ᠦᠭᠡᠶ ᠤᠩᠭ᠋ᠦᠴᠡ》  ᠭᠡᠭ᠍ᠴᠢ ᠪᠠᠷ ᠴᠠᠭ ᠡᠳᠦᠷ ᠢ ᠳᠠᠯᠠᠭᠠᠷ ᠥᠩᠭᠡᠷᠡᠭᠡᠵᠤ ᠪᠠᠢ᠌ᠳᠠᠭ᠃ ᠡᠢ᠌ᠮᠤ ᠡᠴᠠ ᠬᠤᠴᠤᠷᠤᠩᠭ᠋ᠤᠢ ᠰᠤᠷᠤᠭᠴᠢ ᠶᠢᠨ ᠡᠨᠡᠭᠦ ᠵᠣᠢ᠌ᠯ ᠤᠨ ᠣᠠᠴᠠᠯᠢᠭ ᠢ ᠠᠳᠬᠤᠵᠤ᠂ ᠰᠤᠷᠤᠭᠴᠢᠳ ᠢ ᠰᠠᠢ᠌ᠨ ᠵᠥᠭ᠌ ᠲᠤ ᠭᠦᠳᠦᠯᠤᠨ ᠳᠠᠭᠠᠭᠤᠯᠬᠤ ᠳᠤᠬᠠᠢ ᠠᠵᠢᠯ ᠢ ᠭᠢᠭᠦ ᠳᠤ ᠵᠠᠪᠠᠯ ᠳᠠᠳᠠᠨ ᠢ ᠶᠠᠭᠤᠨ ᠳᠤ ᠰᠤᠷᠤᠯᠴᠠᠵᠤ ᠪᠠᠢ᠌ᠬᠤ᠂ ᠶᠠᠭᠤᠨ ᠤ ᠲᠦᠯᠦᠭᠡ ᠠᠮᠢᠳᠤᠷᠠᠵᠤ ᠪᠠᠢ᠌ᠬᠤ ᠪᠠ ᠶᠠᠭᠠᠭᠢᠵᠤ ᠡᠭᠡ ᠣᠷᠤᠨ ᠳᠠᠭᠠᠨ ᠭᠡᠷᠡᠭ᠍ᠴᠠᠭᠡᠳᠠᠢ ᠭᠦᠮᠤᠨ ᠪᠣᠯᠵᠤ ᠭᠦᠮᠦᠵᠢᠭ᠍ᠳᠡᠭᠦ ᠳᠤᠬᠠᠢ ᠶᠤᠰᠤ ᠣᠴᠢᠷ ᠢ ᠣᠯᠠᠨ ᠳᠠᠯ᠎ᠠ ᠡᠴᠠ ᠨᠠᠷᠢᠨ ᠳᠤᠳᠤᠷᠬᠠᠢ ᠳᠠᠢ᠌ᠯᠪᠣᠷᠢᠯᠠᠨ ᠥᠭ᠍ᠴᠤ ᠳᠠᠳᠠᠨ ᠤ ᠠᠯᠤᠰ ᠭᠡᠳᠤ ᠶᠢᠨ ᠭᠦᠰᠡᠯᠡᠩ ᠤᠨ ᠳᠤᠬᠠᠢ ᠳᠠᠨᠢᠯᠳᠠ ᠶᠢ ᠨᠢ ᠳᠡᠭᠡᠭ᠍ᠰᠢᠯᠡᠭᠦᠯᠭᠦ ᠴᠢᠬᠤᠯᠳᠠᠢ᠃

    ᠬᠤᠶᠠᠷ᠂ ᠣᠪᠣᠷ ᠰᠡᠳᠬᠢᠯᠭᠡ ᠲᠦᠪ ᠪᠠᠢ᠌ᠵᠤ᠂ ᠠᠮᠢᠳᠤᠷᠠᠯ ᠤᠨ ᠳᠠᠯ᠎ᠠ ᠪᠠᠷ ᠬᠠᠷᠠᠭᠠᠯᠵᠠᠬᠤ ᠭᠡᠷᠡᠭ᠍ᠳᠡᠢ᠃

ᠪᠠᠭᠰᠢ ᠪᠣᠯᠤᠭᠰᠠᠤᠨ ᠬᠤᠴᠤᠷᠤᠩᠭ᠋ᠤᠢ ᠰᠤᠷᠤᠭᠴᠢ ᠳᠤ ᠬᠠᠠᠳᠤᠬᠤ ᠳᠤ ᠪᠠᠨ ᠡᠷᠭᠡᠪᠰᠢ ᠣᠪᠣᠷ ᠰᠡᠳᠬᠢᠯᠭᠡ ᠪᠠᠨ ᠲᠦᠪ ᠭᠢᠴᠢᠶᠡᠩᠭᠦᠢ᠂ ᠡᠶᠡᠯᠳᠡᠭ᠌ ᠳᠤᠳᠤᠨᠤ᠂ ᠡᠭᠡ ᠵᠢᠨ ᠬᠠᠢ᠌ᠷ᠎ᠠ ᠪᠠᠷ ᠭᠦᠮᠦᠵᠢᠭᠦᠯᠵᠤ᠂ ᠳᠠᠳᠠᠨ ᠤ ᠡᠳᠦᠷ ᠳᠤᠳᠤᠮ ᠤᠨ ᠠᠮᠢᠳᠤᠷᠠᠯ ᠢ ᠰᠠᠢ᠌ᠳᠤᠷ ᠬᠠᠷᠠᠵᠤ ᠬᠠᠷᠠᠭᠠᠯᠵᠠᠨ᠂ ᠠᠮᠢᠳᠤᠷᠠᠯ ᠰᠤᠷᠤᠯᠭ᠎ᠠ ᠶᠢᠨ ᠶᠠᠪᠣᠴᠠ ᠳᠤ ᠭᠦᠴᠢᠷᠳᠡᠯ ᠳᠤᠯᠭᠠᠷᠬᠤ ᠦᠶ᠎ᠡ ᠳᠤ ᠰᠢ᠌ᠤᠠᠪᠣᠷᠢᠯᠠᠨ ᠥᠭ᠍ᠴᠤ ᠦᠵᠡᠯ ᠰᠠᠨᠠᠭᠠᠨ ᠤ ᠳᠠᠯ᠎ᠠ ᠡᠴᠠ ᠨᠢ ᠵᠤᠷᠢᠭᠵᠢᠭᠤᠯᠵᠤ ᠠᠮᠢᠳᠤᠷᠠᠯ ᠤᠨ ᠳᠠᠯ᠎ᠠ ᠪᠠᠷ ᠨᠢ ᠬᠠᠷᠠᠭᠠᠯᠵᠠᠵᠤ᠂ ᠭᠦᠷᠦᠯᠴᠡᠭᠦ ᠦᠭᠡᠶ ᠭᠠᠵᠠᠷ ᠪᠣᠶᠤ ᠳᠤᠳᠠᠭᠳᠠᠯ ᠲᠡᠶ ᠳᠠᠯ᠎ᠠ ᠶᠢ ᠨᠢ ᠵᠦᠪ ᠣᠨᠤᠪᠴᠢᠳᠠᠢ ᠪᠠᠷ ᠵᠢᠭᠠᠨ ᠭᠠᠷᠭᠠᠵᠤ ᠠᠯᠳᠠᠭ᠎ᠠ ᠳᠤᠳᠠᠭᠳᠠᠯ ᠢ ᠨᠢ ᠳᠠᠨᠢᠭᠤᠯᠤᠨ ᠠᠵᠢᠯ ᠰᠤᠷᠤᠯᠭ᠎ᠠ ᠳ᠋ᠤᠨᠢ ᠵᠤᠷᠢᠭᠵᠢᠭᠤᠯᠤᠯ ᠦᠭ‍ᠭᠦ ᠴᠢᠬᠤᠯᠳᠠᠢ᠃ ᠳᠠᠷᠤᠢ ᠪᠠᠭᠰᠢ ᠡᠴᠠ ᠬᠤᠴᠤᠷᠤᠩᠭ᠋ᠤᠢ ᠰᠤᠷᠤᠭᠴᠢ ᠶᠢᠨ ᠳᠠᠰᠬᠠᠯ ᠳᠠᠭᠠᠭᠠᠯᠠᠭᠠᠪᠣᠷᠢ ᠶᠢ ᠵᠠᠰᠠᠵᠤ ᠭᠢᠨᠠᠬᠤ ᠳᠠᠭᠠᠨ ᠨᠠᠷᠢᠨ ᠭᠢᠨᠠᠮᠠᠭᠠᠢ ᠪᠠᠢ᠌ᠵᠤ ᠬᠠᠯᠠᠭᠤᠮᠰᠤᠭ ᠶᠢᠡᠷ ᠬᠠᠪᠰᠤᠷᠴᠤ ᠳᠠᠭᠢᠨ ᠳᠠᠪᠳᠠᠨ ᠠᠰᠠᠭᠤᠬᠤ ᠦᠶᠡᠰ ᠭᠦᠯᠢᠴᠡᠩᠭᠦᠢ ᠵᠢᠯᠤᠭᠤᠳᠤᠭᠰᠠᠨ ᠪᠠᠢ᠌ᠬᠤ ᠭᠡᠷᠡᠭ᠍ᠳᠡᠢ᠃

    ᠭᠤᠷᠪᠠ᠂ ᠳᠤᠰᠬᠠᠢ ᠶᠠᠷᠢᠯᠴᠠᠭ᠎ᠠ ᠶᠢ ᠡᠷᠭᠢᠮᠯᠡᠵᠤ᠂ ᠰᠡᠳᠭᠢᠯ ᠰᠠᠨᠠᠭ᠎ᠠ ᠪᠠᠨ ᠰᠤᠯᠢᠯᠴᠠᠬᠤ ᠭᠡᠷᠡᠭ᠍ᠳᠡᠢ᠃

ᠨᠢᠭᠡ ᠭᠦᠮᠤᠨ ᠤ ᠦᠵᠡᠯ ᠰᠠᠨᠠᠭ᠎ᠠ ᠪᠠ ᠳᠤᠳᠤᠭᠠᠳᠤ ᠰᠡᠳᠬᠢᠯᠭᠡ ᠶᠢ ᠨᠢ ᠣᠢ᠌ᠯᠠᠭᠠᠨ ᠮᠠᠳᠠᠶ᠎ᠠ ᠭᠡᠪᠠᠯ᠂ ᠡᠷᠭᠡᠪᠰᠢ ᠳᠡᠭᠦᠨ ᠲᠡᠶ ᠢᠯᠡᠭᠦᠭᠡᠨ ᠤᠢ᠌ᠷᠠᠳᠤᠵᠤ ᠳᠤᠰᠬᠠᠢ ᠶᠠᠷᠢᠯᠴᠠᠬᠤ ᠭᠡᠷᠡᠭ᠍ᠳᠡᠢ ᠶᠤᠮ᠃ ᠪᠠᠭᠰᠢ ᠰᠤᠷᠤᠭᠴᠢᠳ ᠤᠨ ᠡᠩ ᠤᠨ ᠬᠠᠷᠢᠯᠴᠠᠭ᠎ᠠ ᠶᠠᠪᠣᠯᠴᠠᠭ᠎ᠠ ᠳᠤᠮᠳᠠ ᠢᠯᠠᠩᠭ᠋ᠤᠶ᠎ᠠ ᠬᠤᠴᠤᠷᠤᠩᠭ᠋ᠤᠢ ᠰᠤᠷᠤᠭᠴᠢᠳ ᠲᠡᠶ ᠦᠷᠭᠦᠯᠵᠢ ᠡᠶᠡᠯᠳᠡᠭ᠌ ᠳᠤᠳᠤᠨᠤ ᠪᠠᠷ ᠰᠡᠳᠭᠢᠯ ᠤᠨ ᠥᠭᠡ ᠪᠠᠨ ᠶᠠᠷᠢᠯᠴᠠᠵᠤ ᠶᠠᠷᠢᠯᠴᠠᠭᠠᠨ ᠶᠢᠡᠷ ᠳᠠᠮᠵᠢᠵᠤ ᠳᠠᠳᠠᠨ ᠤ ᠦᠵᠡᠯ ᠰᠠᠨᠠᠭᠠᠨ ᠤ ᠪᠣᠳᠠᠳᠤ ᠪᠠᠢ᠌ᠳᠠᠯ ᠳᠤ ᠨᠢ ᠴᠢᠭᠯᠡᠭᠦᠯᠤᠨ ᠬᠠᠷᠠᠯᠳᠠ ᠲᠡᠶ ᠪᠠᠷ ᠰᠤᠮᠤ ᠬᠠᠷᠪᠣᠵᠤ ᠦᠵᠡᠯ ᠰᠠᠨᠠᠭᠠᠨ ᠤ ᠠᠵᠢᠯ ᠢ ᠥᠨᠡᠩᠭᠦ ᠰᠠᠢ᠌ᠨ ᠭᠢᠵᠤ ᠴᠢᠳᠠᠭᠰᠠᠨ ᠪᠠᠢ᠌ᠬᠤ ᠭᠡᠷᠡᠭ᠍ᠳᠡᠢ᠃ ᠶᠠᠷᠢᠯᠴᠠᠬᠤ ᠶᠠᠪᠣᠴᠠ ᠳᠤ ᠪᠠᠨ ᠡᠷᠭᠡᠪᠰᠢ ᠰᠤᠷᠤᠭᠴᠢ ᠶᠢ ᠪᠠᠴᠢᠮᠳᠠᠭᠤᠯᠵᠤ ᠴᠢᠨᠠᠭᠰᠢᠯᠠᠨ ᠡᠶ᠎ᠡ ᠡᠪ ᠦᠭᠡᠶ ᠪᠣᠯᠭᠠᠬᠤ ᠪᠠᠢ᠌ᠳᠠᠯ ᠭᠠᠷᠭᠠᠬᠤ ᠦᠭᠡᠶ ᠪᠠᠢ᠌ᠬᠤ ᠪᠠ ᠬᠠᠳᠠᠭᠤ ᠥᠭᠡ ᠪᠠᠷ ᠶᠤᠵᠤᠯᠠᠨ ᠳᠠᠭᠠᠷᠢᠵᠤ ᠰᠡᠳᠭᠢᠯ ᠰᠠᠨᠠᠭᠠᠨ ᠤ ᠴᠤᠭᠢᠯᠳᠠ ᠦᠭ‍ᠭᠦ ᠦᠭᠡᠶ ᠪᠠᠢ᠌ᠬᠤ ᠶᠢ ᠠᠩᠬᠠᠷᠬᠤ ᠭᠡᠷᠡᠭ᠍ᠳᠡᠢ᠃ ᠪᠠᠭᠰᠢ ᠵᠠᠪᠠᠯ ᠡᠶᠡᠯᠳᠡᠭ᠌ ᠵᠥᠭᠡᠯᠡᠨ᠂ ᠬᠠᠯᠠᠭᠤᠮᠰᠤᠭ ᠳᠤᠳᠤᠨᠤ᠂ ᠦᠨᠡᠠᠴᠢ ᠪᠣᠯᠪᠠᠰᠤᠨ ᠵᠠᠩ ᠣᠪᠣᠷ ᠶᠢᠡᠷ ᠰᠤᠷᠤᠭᠴᠢ ᠲᠡᠶ ᠰᠡᠳᠭᠢᠯ ᠰᠠᠨᠠᠭ᠎ᠠ ᠪᠠᠨ ᠰᠤᠯᠢᠯᠴᠠᠵᠤ᠂ ᠪᠠᠢ᠌ᠳᠠᠯ ᠢ ᠨᠢ ᠣᠢ᠌ᠯᠠᠭᠠᠬᠤ ᠭᠡᠷᠡᠭ᠍ᠳᠡᠢ᠃ ᠰᠤᠷᠤᠭᠴᠢ ᠶᠢᠨ ᠪᠠᠢ᠌ᠳᠠᠯ ᠢ ᠣᠢ᠌ᠯᠠᠭᠠᠬᠤ ᠪᠣᠯ ᠠᠯᠢᠪᠠ ᠠᠵᠢᠯᠯᠠᠭ᠎ᠠ ᠠᠮᠵᠢᠯᠳᠠ ᠣᠯᠬᠤ ᠶᠢᠨ ᠰᠠᠭᠤᠷᠢ ᠪᠣᠯᠳᠠᠭ᠃

    ᠳᠦᠷᠪᠠ᠂ ᠵᠦᠪ ᠳᠠᠯ᠎ᠠ ᠶᠢᠨ ᠭᠦᠮᠦᠵᠢᠯ ᠢ ᠪᠠᠷᠢᠮᠳᠠᠯᠠᠵᠤ᠂ ᠭᠦᠯᠢᠴᠡᠩᠭᠦᠢ ᠪᠠᠢ᠌ᠬᠤ ᠭᠡᠷᠡᠭ᠍ᠳᠡᠢ᠃

ᠣᠯᠠᠩᠭᠢ ᠬᠤᠴᠤᠷᠤᠩᠭ᠋ᠤᠢ ᠰᠢᠭ ᠰᠤᠷᠤᠭᠴᠢᠳ ᠤᠨ ᠦᠵᠡᠯ ᠰᠠᠨᠠᠭ᠎ᠠ ᠪᠠ ᠣᠯᠤᠰ ᠳᠦᠷᠤ ᠶᠢᠨ ᠠᠵᠢᠯ ᠢ ᠭᠢᠵᠤ ᠪᠠᠢ᠌ᠭ᠎ᠠ ᠶᠠᠪᠣᠴᠠ ᠳᠤ ᠳᠠᠳᠠᠨ ᠤ ᠦᠵᠡᠯ ᠰᠠᠨᠠᠭᠠᠨ ᠤ ᠬᠤᠪᠢᠷᠠᠯᠳᠠ ᠪᠠ ᠳᠠᠪᠳᠠᠯᠳᠠ ᠨᠢ ᠨᠢᠭᠡ ᠣᠳᠠᠭ᠎ᠠ ᠪᠣᠶᠤ ᠣᠯᠠᠨ ᠣᠳᠠᠭ᠎ᠠ ᠭᠠᠷᠬᠤ ᠶᠢ ᠪᠠᠭᠰᠢ ᠨᠢᠭᠡᠪᠦᠷᠢ ᠮᠠᠳᠠᠷᠠᠨ ᠵᠦᠪᠰᠢᠶᠠᠷᠠᠵᠤ᠂ ᠳᠠᠳᠠᠨ ᠤ ᠪᠣᠳᠠᠳᠤ ᠪᠠᠢ᠌ᠳᠠᠯ ᠳᠤ ᠨᠢ ᠳᠤᠭᠢᠷᠠᠭᠤᠯᠤᠨ ᠣᠴᠢᠷ ᠢ ᠳᠡᠯᠭᠡᠵᠤ᠂ ᠶᠤᠰᠤ ᠶᠢ ᠳᠠᠢ᠌ᠯᠪᠣᠷᠢᠯᠠᠵᠤ᠂ ᠵᠦᠪ ᠳᠠᠯ᠎ᠠ ᠶᠢᠨ ᠭᠦᠮᠦᠵᠢᠯ ᠤᠨ ᠵᠠᠷᠴᠢᠮ ᠢ ᠪᠠᠷᠢᠮᠳᠠᠯᠠᠵᠤ᠂ ᠭᠦᠯᠢᠴᠡᠩᠭᠦᠢ ᠣᠪᠣᠷ ᠶᠢᠡᠷ ᠬᠠᠯᠠᠰᠢᠷᠠᠯ ᠦᠭᠡᠶ ᠭᠦᠮᠦᠵᠢᠭᠦᠯᠭᠦ ᠭᠡᠷᠡᠭ᠍ᠳᠡᠢ᠃ ᠢᠩᠭᠢᠪᠠᠯ ᠰᠠ‍‌ᠶᠢ ᠮᠠᠨ ᠤ ᠪᠠᠭᠰᠢ ᠪᠣᠯᠤᠭᠰᠠᠤᠨ ᠬᠤᠴᠤᠷᠤᠩᠭ᠋ᠤᠢ ᠰᠤᠷᠤᠭᠴᠢ ᠶᠢ ᠭᠦᠮᠦᠵᠢᠭᠦᠯᠭᠦ ᠠᠵᠢᠯ ᠢ ᠰᠠᠢ᠌ᠨ ᠭᠢᠵᠤ᠂ ᠳᠠᠳᠠᠨ ᠢ ᠭᠦᠰᠡᠯᠡᠩ ᠲᠡᠶ᠂ ᠮᠤᠷᠠᠯ ᠲᠡᠶ᠂ ᠰᠤᠶᠤᠯ ᠲᠡᠶ᠂ ᠰᠠᠭᠢᠯᠭ᠎ᠠ ᠲᠡᠶ᠂ 《ᠲ᠋ᠦᠷᠪᠠ ᠶᠢ ᠪᠦᠷᠢᠯᠳᠦᠭᠦᠯᠦᠭ᠍ᠰᠡᠨ》  ᠰᠡᠢ᠌ᠨ ᠪᠠᠭᠠᠴᠤᠳ ᠪᠣᠯᠭᠠᠨ ᠭᠦᠮᠦᠵᠢᠭᠦᠯᠵᠤ ᠴᠢᠳᠠᠨ᠎ᠠ᠃

    ᠲ᠋ᠠᠪᠣ᠂ ᠰᠤᠷᠤᠭᠴᠢ ᠶᠢᠨ ᠳᠠᠪᠠᠭᠤᠯᠢᠭ ᠳᠠᠯ᠎ᠠ ᠡᠴᠡ ᠨᠢ ᠭᠠᠷᠳᠠᠵᠤ ᠵᠢᠯᠤᠭᠤᠤᠠᠬᠤ

ᠭᠦᠮᠤᠨ ᠪᠦᠭᠦᠨ ᠳᠤ ᠳᠠᠪᠠᠭᠤᠯᠢᠭ ᠲᠡᠶ᠂ ᠪᠠᠭᠰᠢ ᠪᠣᠯᠤᠭᠰᠠᠤᠨ ᠡᠷᠭᠡᠪᠰᠢ ᠬᠤᠴᠤᠷᠤᠩᠭ᠋ᠤᠢ ᠰᠤᠷᠤᠭᠴᠢ ᠶᠢᠨ ᠳᠠᠪᠠᠭᠤᠯᠢᠭ ᠳᠠᠯ᠎ᠠ ᠶᠢ ᠨᠢ ᠣᠯᠵᠤ ᠥᠵᠡᠭᠦ ᠮᠦᠷᠳᠡᠭᠡᠨ ᠳᠡᠭᠦᠨ ᠡᠴᠡ ᠨᠢ ᠭᠠᠷᠳᠠᠨ ᠰᠤᠷᠤᠭᠴᠢ ᠶᠢ ᠵᠦᠪ ᠳᠠᠢ᠌ᠰᠢ ᠵᠢᠯᠤᠭᠤᠤᠠᠬᠤ ᠭᠡᠷᠡᠭ᠍ᠳᠡᠢ᠃ ᠡᠭᠦᠨ ᠳᠤ ᠳᠤᠷᠠᠳᠤᠭᠤᠰᠢᠳᠠᠢ ᠨᠢ ᠮᠠᠨ ᠤ ᠵᠠᠷᠢᠮ ᠪᠠᠭᠰᠢ ᠶᠠᠮᠠᠷ ᠭᠦᠳᠡᠯᠭᠡᠭᠡᠨ ᠳᠤ ᠴᠤ ᠭᠡᠰᠡᠨ ᠦᠭᠡᠶ ᠬᠠᠮᠤᠭ ᠡᠴᠡ ᠡᠮᠤᠨ᠎ᠡ ᠪᠣᠳᠤᠵᠤ ᠣᠯᠳᠠᠭ ᠨᠢ ᠭᠡᠳᠤᠨ ᠰᠤᠷᠤᠯᠭ᠎ᠠ ᠰᠠᠢ᠌ᠨ ᠰᠤᠷᠤᠭᠴᠢ᠂ ᠳᠡᠳᠡᠭᠡᠷ ᠰᠤᠷᠤᠯᠭ᠎ᠠ ᠪᠠᠷᠤᠭᠳᠠᠢ ᠰᠤᠷᠤᠭᠴᠢ ᠶᠠᠷᠤ ᠨᠢ ᠰᠠᠨᠠᠭᠠᠨ ᠳ᠋ᠤᠨᠢ ᠣᠷᠤᠳᠠᠭ ᠦᠭᠡᠶ᠃ ᠭᠡᠪᠠᠴᠤ ᠵᠠᠷᠢᠮ ᠰᠤᠷᠤᠯᠭ᠎ᠠ ᠳᠠᠭᠠᠨ ᠠᠨᠠᠢ ᠰᠤᠷᠤᠭᠴᠢ ᠴᠤ ᠵᠠᠷᠢᠮ ᠳᠠᠯ᠎ᠠ ᠳᠠᠭᠠᠨ ᠠᠪᠢᠶᠠᠰ ᠲᠡᠶ ᠪᠠᠢ᠌ᠵᠤ ᠮᠠᠳᠠᠨ᠎ᠡ᠃ ᠡᠳᠡᠭᠡᠷ ᠰᠤᠷᠤᠭᠴᠢ ᠨᠢ ᠦᠪᠡᠷ ᠤᠨ ᠳᠤᠰ ᠪᠠᠶ᠎ᠠ ᠶᠢᠨ ᠭᠤᠳᠤᠷᠠᠩᠭ᠋ᠤᠢ ᠰᠡᠳᠬᠢᠯᠭᠡ ᠪᠣᠶᠤ ᠪᠠᠭᠰᠢ ᠶᠢᠨ ᠭᠦᠡᠳᠦᠳᠭᠡᠵᠤ ᠢᠯᠡᠷᠡᠭᠦᠯᠦᠭ᠍ᠰᠡᠨ ᠦᠭᠡᠶ ᠡᠴᠡ ᠪᠣᠯᠵᠤ ᠵᠠᠷᠢᠮ ᠳᠠᠯ᠎ᠠ ᠶᠢᠨ ᠠᠪᠢᠶᠠᠰ ᠨᠢ ᠦᠨᠢᠳᠠ ᠨᠢᠭᠤᠭᠳᠠᠵᠤ ᠢᠯᠠᠷᠠᠵᠤ ᠴᠢᠳᠠᠬᠤ ᠦᠭᠡᠶ ᠮᠦᠷᠳᠡᠭᠡᠨ ᠭᠦᠭ᠍ᠵᠢᠵᠤ ᠴᠢᠳᠠᠬᠤ ᠦᠭᠡᠶ ᠪᠣᠯᠤᠨ᠎ᠠ᠃ ᠪᠠᠭᠰᠢ ᠪᠣᠯᠤᠭᠰᠠᠤᠨ ᠰᠤᠷᠤᠭᠴᠢ ᠨᠢᠭᠡᠪᠦᠷᠢ ᠶᠢᠨ ᠣᠠᠴᠠᠯᠢᠭ ᠠᠪᠢᠶᠠᠰ ᠢ ᠮᠠᠳᠠᠵᠤ᠂ ᠳᠠᠳᠠ ᠨᠡᠷ ᠢ ᠵᠤᠭᠢᠬᠤ ᠭᠦᠳᠡᠯᠭᠡᠭᠡᠨ ᠣᠷᠤᠯᠳᠤᠭᠠᠨ ᠳᠤ ᠣᠷᠤᠯᠴᠠᠭᠤᠯᠵᠤ᠂ ᠡᠭᠦᠨ ᠶᠢᠡᠷ ᠳᠠᠮᠵᠢᠨ ᠳᠠᠳᠠᠨ ᠤ ᠦᠪᠡᠷ ᠢ ᠪᠠᠨ ᠢᠳᠡᠭᠡᠭᠦ ᠰᠡᠳᠬᠢᠯᠭᠡ ᠶᠢ ᠪᠣᠢ ᠪᠣᠯᠭᠠᠵᠤ᠂ ᠰᠤᠷᠤᠯᠴᠠᠯᠭ᠎ᠠ ᠶᠢᠨ ᠣᠷᠮ᠎ᠠ ᠪᠠᠬ᠎ᠠ ᠶᠢ ᠭᠦᠭ᠍ᠵᠢᠭᠡᠵᠤ ᠪᠣᠯᠤᠨ᠎ᠠ᠃ ᠡᠨᠡ ᠨᠢ ᠰᠤᠷᠤᠯᠭ᠎ᠠ ᠶᠢᠨ ᠭᠢᠷᠢ ᠭᠡᠮᠵᠢᠶ᠎ᠡ ᠶᠢ ᠳᠡᠭᠡᠭ᠍ᠰᠢᠯᠡᠭᠦᠯᠭᠦ ᠨᠢᠭᠡ ᠰᠠᠢ᠌ᠨ ᠠᠷᠭ᠎ᠠ ᠮᠦᠨ᠃

    ᠵᠢᠷᠭᠤᠭ᠎ᠠ᠂ ᠰᠢᠯᠭᠠᠬᠤ ᠪᠠ ᠥᠨᠡᠯᠡᠭᠦ ᠠᠷᠭ᠎ᠠ ᠪᠠᠨ ᠥᠭᠡᠷᠡᠴᠢᠯᠡᠭᠦ

ᠰᠤᠷᠤᠭᠴᠢ ᠶᠢ ᠰᠠᠭᠢᠯᠭ᠎ᠠ ᠲᠡᠶ᠂ ᠮᠤᠷᠠᠯ ᠲᠡᠶ᠂ ᠭᠦᠰᠡᠯᠡᠩ ᠲᠡᠶ᠂ ᠰᠤᠶᠤᠯ ᠲᠡᠶ ᠪᠦᠭᠦ ᠳᠠᠯ᠎ᠠ ᠪᠠᠷ ᠭᠦᠭ᠍ᠵᠢᠭ᠍ᠰᠡᠨ ᠰᠢᠨ᠎ᠡ ᠴᠠᠭ ᠦᠶ᠎ᠡ ᠶᠢᠨ ᠵᠠᠯᠭᠠᠮᠵᠢᠯᠠᠭᠴᠢ ᠪᠣᠯᠭᠠᠨ ᠭᠦᠮᠦᠵᠢᠭᠦᠯᠭᠦ ᠳᠤ ᠡᠷᠭᠡᠪᠰᠢ ᠭᠡᠪ ᠴᠢᠨᠠᠷ ᠤᠨ ᠰᠤᠷᠭᠠᠨ ᠭᠦᠮᠦᠵᠢᠯ ᠢ ᠴᠢᠩᠭ᠋᠎ᠠ ᠠᠳᠬᠤᠵᠤ ᠰᠢᠯᠭᠠᠬᠤ ᠪᠠ ᠥᠨᠡᠯᠡᠭᠦ ᠠᠷᠭ᠎ᠠ ᠪᠠᠨ ᠥᠭᠡᠷᠡᠴᠢᠯᠡᠨ ᠰᠢᠨᠡᠳᠭᠡᠭᠦ ᠴᠢᠬᠤᠯᠠ ᠲᠡᠶ᠃

ᠭᠠᠭᠴᠠ ᠰᠢᠯᠭᠠᠯᠳᠠ ᠶᠢᠨ ᠬᠤᠪᠢ ᠪᠠᠷ ᠦᠨᠡᠯᠠᠵᠤ᠂ ᠳᠡᠭᠦᠨ ᠳᠤ ᠳᠠᠰ ᠳᠤᠭᠳᠠᠭᠠᠵᠤ ᠪᠣᠯᠬᠤ ᠦᠭᠡᠶ᠃ ᠰᠤᠷᠤᠭᠴᠢ ᠪᠠᠨ ᠬᠠᠢ᠌ᠷᠠᠯᠠᠨ᠂ ᠰᠤᠷᠤᠭᠴᠢ ᠨᠢᠭᠡᠪᠦᠷᠢ ᠳᠤ ᠬᠠᠠᠳᠤᠨ᠂ ᠡᠷᠭᠡ ᠳᠡᠭ᠍ᠰᠢ᠂ ᠲᠦᠪ ᠭᠤᠤᠯᠴᠢ ᠣᠠᠴᠠᠯᠢᠭ ᠳᠤᠨᠢ ᠳᠤᠭᠢᠷᠠᠭᠤᠯᠤᠨ ᠵᠢᠭᠠᠵᠤ᠂ ᠰᠤᠷᠤᠭᠴᠢ ᠳᠤ ᠭᠦᠭ᠍ᠵᠢᠯᠳᠡ ᠶᠢᠨ ᠴᠢᠨᠠᠷᠳᠠᠢ ᠦᠨᠡᠯᠠᠯᠳᠠ ᠭᠢᠭᠦ ᠠᠷᠭ᠎ᠠ ᠶᠢ ᠠᠯᠬᠤᠮ ᠠᠯᠬᠤᠮ ᠶᠢᠡᠷ ᠡᠵᠡᠮᠰᠢᠵᠤ᠂ ᠳᠠᠳᠠᠨ ᠤ ᠡᠷᠡᠭᠦᠯ ᠦᠰᠦᠨ ᠪᠣᠢ᠌ᠵᠢᠬᠤ ᠪᠠ ᠭᠦᠭ᠍ᠵᠢᠭᠦ ᠶᠢ ᠠᠭᠢᠭᠤᠯᠬᠤ ᠭᠡᠷᠡᠭ᠍ᠳᠡᠢ᠃

ᠬᠤᠴᠤᠷᠤᠩᠭ᠋ᠤᠢ ᠰᠤᠷᠤᠭᠴᠢ ᠶᠢᠨ ᠳᠠᠪᠠᠭᠤᠯᠢᠭ ᠳᠠᠯ᠎ᠠ ᠪᠠ ᠠᠪᠢᠶᠠᠰ ᠢ ᠨᠢ ᠢᠯᠡᠭᠦᠭᠡᠨ ᠢᠯᠡᠷᠡᠭᠦᠯᠵᠤ᠂ ᠳᠠᠳᠠᠨ ᠢ ᠣᠠᠴᠠᠯᠢᠭ ᠳᠤᠨᠢ ᠳᠤᠭᠢᠷᠠᠭᠰᠠᠨ ᠬᠤᠶᠠᠳᠤᠭᠠᠷ ᠭᠢᠴᠢᠶᠡᠯᠯᠡᠭᠡ ᠪᠠ ᠳᠤᠷ᠎ᠠ ᠰᠤᠨᠢᠷᠬᠠᠯᠳᠤ ᠳᠤᠭᠣᠢ᠌ᠯᠠᠩ ᠳᠤ ᠣᠷᠤᠯᠴᠠᠭᠤᠯᠵᠤ᠂ ᠳᠠᠪᠠᠭᠤᠯᠢᠭ ᠳᠠᠯ᠎ᠠ ᠶᠢ ᠨᠢ ᠪᠠᠳᠠᠷᠠᠭᠤᠯᠵᠤ᠂ ᠭᠦᠷᠦᠯᠴᠡᠭᠦ ᠦᠭᠡᠶ ᠳᠠᠯ᠎ᠠ ᠶᠢ ᠨᠢ ᠨᠥᠭᠦᠪᠦᠷᠢᠯᠡᠵᠤ᠂ ᠰᠢᠯᠭᠠᠯᠳᠠ ᠶᠢ ᠥᠨᠡᠯᠡᠭᠦ ᠳᠤᠭᠢᠳᠠᠢ ᠠᠷᠭ᠎ᠠ ᠭᠡᠮᠵᠢᠶ᠎ᠡ ᠠᠪᠴᠤ ᠳᠠᠳᠠᠨ ᠤ ᠰᠤᠷᠤᠯᠴᠠᠬᠤ ᠢᠳᠠᠪᠭᠢᠵᠢᠯ ᠢ ᠨᠢ ᠳᠠᠢ᠌ᠴᠢᠯᠠᠵᠤ᠂ ᠰᠢᠯᠭᠠᠯᠳᠠ ᠶᠢ ᠠᠷᠭᠠᠴᠠᠬᠤ ᠰᠤᠷᠭᠠᠨ ᠭᠦᠮᠦᠵᠢᠯ ᠡᠴᠡ ᠭᠡᠪ ᠴᠢᠨᠠᠷ ᠤᠨ ᠰᠤᠷᠭᠠᠨ ᠭᠦᠮᠦᠵᠢᠯ ᠳᠤ ᠠᠯᠬᠤᠮ ᠠᠯᠬᠤᠮ ᠶᠢᠡᠷ ᠳᠠᠪᠰᠢᠨ ᠣᠷᠤᠬᠤ ᠭᠡᠷᠡᠭ᠍ᠳᠡᠢ᠃

    ᠲ᠋ᠤᠯᠤᠭ᠎ᠠ᠂ ᠠᠩᠭᠢ ᠨᠠᠢ᠌ᠳᠠ ᠶᠢᠨ ᠬᠠᠢ᠌ᠷ᠎ᠠ ᠬᠠᠯᠠᠮᠵᠢ ᠥᠵᠡᠭᠦᠯᠭᠦ

ᠰᠤᠷᠤᠭᠴᠢ ᠨᠢᠭᠡᠪᠦᠷᠢ ᠨᠢ ᠠᠩᠭᠢ ᠶᠢᠨ ᠳᠤᠳᠠᠭᠳᠠᠵᠤ ᠪᠣᠯᠤᠰᠢ ᠦᠭᠡᠶ ᠪᠦᠷᠢᠯᠳᠦᠭᠦᠨ ᠶᠤᠮ᠃ ᠠᠩᠭᠢ ᠶᠢᠨ ᠶᠤᠰᠤ ᠮᠤᠷᠠᠯ᠂ ᠪᠦᠯᠭᠦᠮᠳᠡᠯ ᠨᠢ ᠨᠢᠭᠡ ᠠᠩᠭᠢ ᠶᠢᠨ ᠰᠤᠷᠤᠯᠭ᠎ᠠ ᠶᠢᠨ ᠭᠢᠷᠢ ᠭᠡᠮᠵᠢᠶ᠎ᠡ ᠶᠢ ᠨᠥᠯᠦᠭᠡᠯᠡᠭᠦ ᠴᠢᠬᠤᠯᠠ ᠡᠯᠧᠮᠧᠨ᠋ᠲ ᠶᠤᠮ᠃ ᠡᠢ᠌ᠮᠤ ᠡᠴᠡ ᠪᠠᠭᠰᠢ ᠪᠣᠯᠤᠭᠰᠠᠤᠨ ᠠᠩᠭᠢ ᠶᠢᠨ ᠶᠤᠰᠤ ᠮᠤᠷᠠᠯ ᠪᠦᠯᠭᠦᠮᠳᠡᠯ ᠤᠨ ᠠᠰᠠᠭᠤᠳᠠᠯ ᠢ ᠴᠢᠩᠭ᠋᠎ᠠ ᠠᠳᠬᠤᠵᠤ᠂ ᠬᠤᠴᠤᠷᠤᠩᠭ᠋ᠤᠢ ᠰᠤᠷᠤᠭᠴᠢ ᠶᠢ ᠰᠢᠯᠭᠠᠯᠳᠠ ᠳᠤ ᠮᠠᠭᠤ ᠬᠤᠪᠢ ᠣᠯᠵᠤ ᠠᠩᠭᠢ ᠶᠢᠨ ᠬᠤᠪᠢ ᠶᠢ ᠳᠠᠳᠠᠯ᠎ᠠ ᠭᠡᠵᠤ ᠰᠢᠭᠦᠮᠵᠢᠯᠡᠵᠤ᠂ ᠳᠠᠷᠤᠭᠠᠰᠤ ᠥᠵᠡᠭᠦᠯᠵᠤ ᠪᠣᠯᠬᠤ ᠦᠭᠡᠶ᠃ ᠪᠦᠭᠦ ᠠᠩᠭᠢ ᠶᠢᠨ ᠰᠤᠷᠤᠭᠴᠢ ᠶᠢᠨ ᠰᠤᠷᠤᠯᠭ᠎ᠠ ᠶᠢᠨ ᠭᠢᠷᠢ ᠭᠡᠮᠵᠢᠶ᠎ᠡ ᠶᠢ ᠳᠡᠭᠡᠭ᠍ᠰᠢᠯᠡᠭᠦᠯᠦᠶ᠎ᠡ ᠭᠡᠪᠠᠯ ᠬᠠᠢ᠌ᠷ᠎ᠠ ᠶᠢᠨ ᠬᠠᠯᠠᠭᠤᠨ ᠭᠠᠷ ᠶᠢᠡᠨ ᠰᠤᠩᠭ᠋ᠠᠨ ᠬᠠᠷᠢᠯᠴᠠᠨ ᠬᠠᠪᠰᠤᠷᠴᠤ ᠬᠠᠮᠳᠤᠪᠠᠷ ᠳᠠᠪᠰᠢᠬᠤ ᠨᠢ ᠨᠠᠩ ᠴᠢᠬᠤᠯᠠ᠃ ᠬᠤᠴᠤᠷᠤᠩᠭ᠋ᠤᠢ ᠰᠤᠷᠤᠭᠴᠢ ᠳᠤ ᠨᠥᠭᠦᠤᠨ ᠤᠨ ᠭᠢᠨᠢ ᠬᠠᠪᠰᠤᠷᠤᠯᠭ᠎ᠠ ᠠᠩᠭᠢ ᠨᠠᠢ᠌ᠳᠠ ᠶᠢᠨ ᠬᠠᠢ᠌ᠷ᠎ᠠ ᠬᠠᠯᠠᠮᠵᠢ ᠶᠢ ᠥᠵᠡᠭᠦᠯᠵᠤ᠂ ᠪᠢ ᠪᠣᠯ ᠡᠨᠡ ᠠᠩᠭᠢ ᠶᠢᠨ ᠨᠢᠭᠡ ᠪᠦᠷᠢᠯᠳᠦᠭᠦᠨ ᠡᠨᠡ ᠠᠩᠭᠢ ᠶᠢᠨ ᠨᠠᠷ᠎ᠠ ᠨᠢᠳᠠᠷ ᠤᠨ ᠲᠦᠯᠦᠭᠡ ᠪᠢ ᠪᠠᠰᠠ ᠭᠦᠴᠤ ᠭᠠᠷᠭᠠᠨ ᠬᠤᠪᠢ ᠨᠠᠮᠠᠷᠢ ᠥᠵᠡᠭᠦᠯᠭᠦ ᠴᠢᠬᠤᠯᠠ ᠲᠡᠶ ᠭᠡᠰᠡᠨ ᠬᠠᠷᠢᠭᠤᠴᠠᠯᠭᠠᠳᠤ ᠰᠡᠳᠬᠢᠯᠭᠡ ᠶᠢ ᠪᠣᠢ ᠪᠣᠯᠭᠠᠵᠤ᠂ ᠬᠤᠴᠤᠷᠤᠩᠭ᠋ᠤᠢ ᠰᠤᠷᠤᠭᠴᠢ ᠶᠢ ᠬᠠᠮᠳᠤᠪᠠᠷ ᠬᠠᠪᠰᠤᠷᠬᠤ ᠪᠣᠶᠤ ᠡᠰᠡᠪᠠᠯ ᠨᠢᠭᠡ ᠰᠠᠢ᠌ᠨ ᠰᠤᠷᠤᠯᠭ᠎ᠠ ᠲᠡᠶ ᠰᠤᠷᠤᠭᠴᠢ ᠨᠢ ᠨᠢᠭᠡ ᠶᠢ ᠳᠠᠭᠠᠭᠠᠴᠢᠯᠠᠵᠤ᠂ ᠦᠪᠡᠷ ᠤᠨ ᠰᠤᠯᠠ ᠴᠢᠯᠦᠭᠡ ᠴᠠᠭ ᠶᠢᠡᠨ ᠠᠰᠢᠭᠯᠠᠨ ᠬᠠᠪᠰᠤᠷᠴᠤ᠂ ᠰᠤᠷᠤᠯᠭ᠎ᠠ ᠶᠢᠨ ᠭᠢᠷᠢ ᠪᠦᠳᠦᠮᠵᠢ ᠶᠢ ᠨᠢ ᠵᠤᠭᠢᠬᠤ ᠭᠡᠮᠵᠢᠶ᠎ᠡ ᠪᠠᠷ ᠳᠡᠭᠡᠭ᠍ᠰᠢᠯᠡᠭᠦᠯᠭᠦ ᠶᠢ ᠱᠠᠭᠠᠷᠳᠠᠨ᠎ᠠ᠃ ᠳᠠᠷᠤᠢ ᠬᠤᠴᠤᠷᠤᠩᠭ᠋ᠤᠢ ᠰᠤᠷᠤᠭᠴᠢ ᠨᠢ ᠰᠢᠯᠢᠳᠡᠭ᠌ ᠰᠤᠷᠤᠭᠴᠢ ᠶᠢᠨ ᠬᠠᠪᠰᠤᠷᠤᠯᠭ᠎ᠠ ᠳᠤᠤᠷ᠎ᠠ ᠰᠤᠷᠤᠯᠭ᠎ᠠ᠂ ᠮᠤᠷᠠᠯ ᠳᠡᠭᠡᠭ᠍ᠰᠢᠯᠡᠵᠤ᠂ ᠰᠢᠯᠢᠳᠡᠭ᠌ ᠰᠤᠷᠤᠭᠴᠢ ᠨᠢ ᠴᠤ ᠬᠤᠴᠤᠷᠤᠩᠭ᠋ᠤᠢ ᠰᠤᠷᠤᠭᠴᠢ ᠶᠢ ᠬᠠᠪᠰᠤᠷᠬᠤ ᠪᠠᠷ ᠳᠠᠮᠵᠢᠨ ᠦᠪᠡᠷ ᠤᠨ ᠮᠡᠳᠡᠯᠭᠡ ᠮᠠᠳᠠᠴᠠ ᠶᠢ ᠣᠢ᠌ᠯᠠᠭᠠᠬᠤ ᠭᠢᠷᠢ ᠭᠡᠮᠵᠢᠶ᠎ᠡ ᠪᠠᠨ ᠣᠯᠠᠮ ᠳᠡᠭᠡᠭ᠍ᠰᠢᠯᠡᠭᠦᠯᠤᠨ᠎ᠡ᠃ ᠡᠨᠡ ᠨᠢ ᠰᠤᠷᠤᠭᠴᠢᠳ ᠤᠨ ᠬᠠᠷᠢᠭᠤᠴᠠᠯᠭᠠᠳᠤ ᠣᠪᠣᠷ ᠪᠠ ᠬᠠᠮᠳᠤ ᠨᠠᠢ᠌ᠳᠠᠴᠢ ᠦᠵᠡᠯ ᠢ ᠪᠣᠢ ᠪᠣᠯᠭᠠᠬᠤ ᠳᠤ ᠳᠤᠰᠠᠳᠠᠢ ᠶᠤᠮ᠃

    ᠨᠢ᠋ᠮᠠ᠂ ᠭᠡᠷ ᠤᠨ ᠠᠬᠠᠮᠠᠤᠨ ᠲᠡᠶ ᠣᠶᠠᠯᠳᠤᠵᠤ ᠰᠤᠷᠭᠠᠬᠤ

ᠭᠡᠷ ᠪᠦᠯᠢ ᠪᠣᠯ ᠭᠦᠮᠤᠨ ᠤ ᠨᠢᠭᠡᠳᠦᠭᠡᠷ ᠰᠤᠷᠭᠠᠭᠤᠯᠢ᠂ ᠠᠪᠣ ᠡᠵᠢ ᠪᠣᠯ ᠭᠦᠮᠤᠨ ᠤ ᠬᠠᠮᠤᠭ ᠤᠨ ᠠᠩᠬᠠᠨ ᠤ ᠪᠠᠭᠰᠢ ᠮᠦᠨ᠃ ᠡᠢ᠌ᠮᠤ ᠡᠴᠡ ᠪᠠᠭᠰᠢ ᠪᠣᠯᠤᠭᠰᠠᠤᠨ ᠭᠡᠷ ᠤᠨ ᠠᠬᠠᠮᠠᠤᠨ ᠲᠡᠶ ᠢᠯᠡᠭᠦᠭᠡᠨ ᠬᠠᠷᠢᠯᠴᠠᠵᠤ᠂ ᠭᠡᠷ ᠤᠨ ᠠᠬᠠᠮᠠᠤᠨ ᠤᠨ ᠰᠤᠶᠤᠯ ᠤᠨ ᠭᠢᠷᠢ ᠭᠡᠮᠵᠢᠶ᠎ᠡ᠂ ᠭᠡᠷ ᠤᠨ ᠠᠮᠢᠳᠤᠷᠠᠯ ᠤᠨ ᠪᠠᠢ᠌ᠳᠠᠯ ᠵᠢᠴᠢ ᠰᠤᠷᠤᠭᠴᠢ ᠶᠢᠨ ᠪᠠᠢ᠌ᠳᠠᠯ ᠢ ᠢᠯᠡᠭᠦᠭᠡᠨ ᠣᠢ᠌ᠯᠠᠭᠠᠵᠤ ᠰᠤᠷᠤᠭᠴᠢ ᠶᠢᠨ ᠰᠤᠷᠤᠯᠭ᠎ᠠ ᠶᠢᠨ ᠭᠢᠷᠢ ᠪᠦᠳᠦᠮᠵᠢ᠂ ᠶᠤᠰᠤ ᠮᠤᠷᠠᠯ᠂ ᠰᠠᠭᠢᠯᠭ᠎ᠠ ᠪᠠᠳᠤ ᠵᠡᠷᠭᠡ ᠳᠠᠯ᠎ᠠ ᠶᠢᠨ ᠪᠠᠢ᠌ᠳᠠᠯ ᠢ ᠳᠤᠭᠳᠠᠭᠰᠠᠨ ᠬᠤᠭᠤᠴᠠᠭ᠎ᠠ ᠲᠡᠶ ᠪᠠᠷ ᠭᠡᠯᠡᠵᠤ ᠮᠡᠳᠡᠭᠦᠯᠵᠤ᠂ ᠭᠡᠷᠭᠢᠨ ᠵᠢᠯᠤᠭᠤᠤᠠᠬᠤ ᠳᠤᠬᠠᠢ ᠠᠷᠭ᠎ᠠ ᠠᠪᠴᠠᠯ ᠶᠢᠡᠨ ᠶᠠᠷᠢᠯᠴᠠᠨ ᠰᠤᠯᠢᠯᠴᠠᠵᠤ᠂ ᠰᠤᠷᠤᠭᠴᠢ ᠶᠢᠨ ᠭᠢᠷᠢ ᠪᠦᠳᠦᠮᠵᠢ ᠶᠢ ᠳᠡᠭᠡᠭ᠍ᠰᠢᠯᠡᠭᠦᠯᠭᠦ ᠭᠡᠷᠡᠭ᠍ᠳᠡᠢ᠃


ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ ᠬᠤᠰᠢᠭᠤ

ᠵᠤᠬᠢᠶᠠᠭᠴᠢ᠄ ᠪᠣᠤ ᠬᠠᠰ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3553
ᠴᠠᠭ᠄ 2011 ᠤᠨ ᠤ 01 ᠰᠠᠷ᠎ᠠ ᠶᠢᠨ 13