ᠮᠤᠩᠭ᠋ᠤᠯ ᠠᠷᠠᠤᠨ ᠤᠨ ᠳᠠᠭᠤᠤ

ᠭᠠᠵᠠᠷ ᠤᠨ ᠬᠤᠯᠠ ᠶᠢ ᠳᠤᠪᠴᠢᠯᠠᠵᠤ ᠳᠡᠭ᠍ᠷᠢᠯᠢᠭ᠌ ᠡᠭᠡᠰᠢᠭ᠌ ᠴᠤᠤᠷᠢᠶᠠᠳᠤᠨ᠎ᠠ

ᠭᠠᠩᠳᠠᠭᠰᠠᠨ ᠳᠡᠭ᠍ᠷᠢ ᠪᠠᠨ ᠠᠷᠭᠠᠳᠠᠵᠤ ᠰᠡᠳᠭᠢᠯ ᠤᠨ ᠪᠦᠪᠠᠢ ᠠᠶᠠᠯᠤᠨ᠎ᠡ

ᠮᠤᠩᠭ᠋ᠤᠯ ᠨᠤᠳᠤᠭ ᠤᠨ ᠠᠭᠤᠳᠠᠮ ᠢ ᠭᠠᠢ᠌ᠬᠠᠵᠤ ᠨᠠᠷᠠᠨ ᠤ ᠰᠤᠷᠮᠤᠤᠰᠤ ᠳᠠᠨᠠᠢ᠌ᠨ᠎ᠡ

ᠮᠤᠷᠢᠳᠠᠢ ᠵᠠᠶᠠᠭᠠᠨ ᠤ ᠵᠢᠷᠭᠠᠯ ᠳᠤ ᠰᠤᠭᠳᠤᠵᠤ ᠰᠠᠷᠠᠨ ᠤ ᠮᠠᠯᠮᠠᠢ ᠳᠠᠯᠮᠢᠶᠠᠷᠠᠨ᠎ᠡ


ᠦᠷᠭᠦᠭᠦ ᠪᠠᠨ ᠮᠠᠷᠳᠠᠭᠰᠠᠨ ᠭᠡᠭᠡᠷ᠎ᠡ ᠶᠢᠨ ᠠᠮᠢᠳᠠᠨ ᠬᠤᠳᠠᠨ ᠳᠤ ᠢᠷᠠᠵᠤ ᠬᠤᠨᠤᠨ᠎ᠠ

ᠥᠶᠡᠷᠭᠡᠭᠦ ᠭᠡᠵᠤ ᠦᠷᠭᠦᠮᠡᠳᠡᠭᠡᠢ ᠰᠢᠪᠠᠭᠤᠳ ᠭᠡᠷ ᠳᠡᠭᠡᠷ᠎ᠡ ᠪᠠᠭᠤᠵᠤ ᠪᠠᠭᠠᠨ᠎ᠠ

ᠦᠨᠢᠶᠠᠨ ᠵᠠᠯᠠᠨ ᠳᠡᠭᠡᠷ᠎ᠡ ᠰᠠᠷᠠ ᠦᠷᠭᠦᠯᠡᠵᠤ ᠨᠡᠭᠦᠭᠦ ᠪᠠᠨ ᠮᠠᠷᠳᠠᠨ ᠳᠤᠨᠤᠷᠠᠨ᠎ᠠ

ᠦᠯᠢᠶᠡᠭᠦ ᠪᠠᠨ ᠵᠤᠭᠰᠤᠭᠰᠠᠨ ᠶᠠᠪᠠᠭᠠᠨ ᠰᠠᠯᠭᠢ ᠪᠠᠶ᠎ᠠ ᠪᠠᠨ ᠴᠢᠩᠨᠠᠨ ᠭᠠᠢ᠌ᠬᠠᠨ᠎ᠠ


ᠢᠩᠭᠡᠨ ᠤ ᠪᠦᠯᠢᠶᠡᠨ ᠨᠢᠯᠪᠣᠰᠤ ᠪᠣᠳᠤᠭᠤᠨ ᠳᠠᠭᠠᠨ ᠢᠷᠠᠵᠤ ᠰᠢᠩᠭᠡᠨ᠎ᠡ

ᠢᠠᠵᠠᠭᠠᠨ ᠤ ᠭᠦᠭᠡᠷᠦᠭᠦᠨ ᠨᠢᠳᠤ ᠡᠭᠡ ᠳᠡᠭᠡᠨ ᠡᠷᠭᠡᠯᠡᠨ ᠳᠤᠨᠢᠷᠬᠠᠨ᠎ᠠ

ᠢᠵᠢᠯᠢ ᠪᠠᠨ ᠬᠠᠢ᠌ᠭᠰᠠᠨ ᠠᠳᠤᠭᠤ ᠪᠠᠯᠴᠢᠭᠡᠷ ᠠᠯᠤᠰᠯᠠᠨ ᠭᠦᠶ‍ᠦᠯᠳᠦᠨ᠎ᠡ

ᠢᠷᠡᠭᠦ ᠬᠠᠪᠣᠷ ᠤᠨ ᠨᠤᠭᠤᠭ᠎ᠠ ᠭᠦᠷᠦᠰᠤᠨ ᠳᠤᠤᠷ᠎ᠠ ᠨᠢᠳᠤᠯᠠᠨ᠎ᠠ


ᠨᠤᠳᠤᠭ ᠤᠨ ᠠᠭᠤᠯᠠᠰ ᠭᠦᠯᠴᠦᠭᠦᠷᠡᠨ ᠭᠠᠳᠤᠷ᠎ᠠ ᠲᠡᠶ ᠴᠢᠭᠡ ᠳᠤ ᠳᠤᠨᠤᠨ᠎ᠡ

ᠨᠠᠭᠤᠷ ᠪᠦᠷᠢᠳᠤ ᠨᠢ ᠮᠠᠯᠮᠠᠷᠠᠨ ᠠᠶᠠᠭ᠎ᠠ ᠲᠡᠶ ᠠᠢ᠌ᠷᠠᠭ ᠲᠤ ᠭᠦᠪᠦᠨ᠎ᠡ

ᠨᠤᠮᠢᠨ ᠣᠢ ᠨᠢ ᠱᠤᠤᠭᠢᠨ ᠵᠢᠷᠦᠭᠡᠨ ᠳᠤ ᠢᠰᠭᠢᠷᠤᠨ ᠨᠠᠢ᠌ᠭᠤᠨ᠎ᠡ

ᠨᠤᠭᠤᠰᠤ ᠭᠠᠯᠠᠭᠤ ᠨᠢ ᠪᠣᠴᠠᠯᠤᠨ ᠵᠡᠭᠦᠳᠤᠨ ᠳᠤ ᠦᠨᠵᠢᠨ ᠭᠠᠩᠭ᠋ᠠᠨᠠᠨ᠎ᠠ


ᠶᠠᠪᠠᠭᠠᠨ ᠭᠦᠮᠤᠨ ᠰᠤᠨᠤᠰᠤᠭᠠᠤᠨ ᠰᠠᠭᠤᠵᠤ ᠠᠯᠵᠢᠶᠠᠯ ᠶᠢᠡᠨ ᠳᠠᠢ᠌ᠯᠤᠨ ᠠᠮᠠᠷᠠᠨ᠎ᠠ

ᠣᠨᠤᠭ᠎ᠠ ᠲᠡᠶ ᠭᠦᠮᠤᠨ ᠴᠢᠩᠨᠠᠭᠠᠤᠨ ᠪᠠᠭᠤᠵᠤ ᠠᠶᠠᠨ ᠤ ᠳᠤᠭᠤᠰᠤ ᠪᠠᠨ ᠭᠦᠪᠢᠨ᠎ᠡ

ᠪᠣᠷᠬᠠᠨ ᠳᠡᠭ᠍ᠷᠢ ᠣᠶᠠᠷᠠᠭᠠᠤᠨ ᠬᠠᠢ᠌ᠯᠵᠤ ᠪᠣᠷᠤᠭ᠎ᠠ ᠪᠠᠨ ᠬᠠᠢ᠌ᠷᠠᠯᠠᠨ ᠪᠠᠶᠠᠰᠤᠨ᠎ᠠ

ᠪᠣᠶᠠᠠᠳᠤ ᠳᠡᠯᠡᠭᠡᠢ ᠳᠡᠪᠳᠦᠭᠡᠳ ᠨᠢᠯᠬᠠᠷᠠᠵᠤ ᠡᠩᠭᠡᠷ ᠶᠢᠡᠨ ᠳᠡᠯᠭᠡᠨ ᠢᠨᠢᠶᠠᠨ᠎ᠡ


ᠬᠠᠳᠠᠭᠰᠠᠨ ᠭᠤᠤᠯ ᠶᠢᠡᠨ ᠣᠮᠳᠠᠯᠠᠨ ᠭᠠᠵᠠᠷ ᠤᠨ ᠰᠤᠳᠠᠰᠤ ᠬᠠᠭᠠᠷᠠᠨ᠎ᠠ

ᠬᠠᠯᠴᠠᠷᠠᠭᠰᠠᠨ ᠳᠠᠯ᠎ᠠ ᠪᠠᠨ ᠳᠤᠮᠨᠤᠨ ᠪᠠᠢ᠌ᠭᠠᠯᠢ ᠶᠢᠨ ᠭᠦᠭᠦᠨ ᠴᠢᠨᠤᠷᠠᠨ᠎ᠠ

ᠠᠯᠳᠠᠭᠰᠠᠨ ᠪᠦᠭᠦᠨ ᠢ ᠰᠠᠨᠠᠭᠤᠯᠤᠨ ᠠᠷᠠᠤᠨ ᠤᠨ ᠳᠠᠭᠤᠤ ᠰᠢᠷᠤᠩᠬᠠᠢ᠌ᠯᠠᠨ᠎ᠠ

ᠠᠯᠳᠠᠭᠠᠳᠤᠢ ᠪᠦᠭᠦᠨ ᠢ ᠰᠡᠷᠡᠮᠵᠢᠯᠡᠭᠦᠯᠤᠨ ᠨᠤᠳᠤᠭ ᠣᠰᠤᠨ ᠳᠤᠭᠳᠤᠯᠤᠨ᠎ᠡ


ᠭᠦᠯᠦᠷᠡᠳᠡᠯ᠎ᠡ ᠰᠢᠷᠠᠭᠳᠠᠭᠰᠠᠨ ᠴᠢᠯᠠᠭᠤᠳ ᠮᠤᠳᠤᠳ ᠶᠢᠡᠨ ᠰᠠᠨᠠᠵᠤ ᠵᠢᠷᠦᠭᠡᠨ ᠡᠴᠡ ᠳᠦᠭᠡᠨᠡᠨ᠎ᠡ

ᠭᠦᠷᠵᠡᠨ ᠳᠤ ᠡᠰᠭᠦᠯᠦᠭ᠍ᠰᠡᠨ ᠳᠠᠯ᠎ᠠ ᠭᠦᠷᠦᠰᠤ ᠪᠠᠨ ᠥᠭᠡᠢ᠌ᠯᠡᠵᠤ ᠰᠡᠳᠭᠢᠯ ᠡᠴᠡ ᠴᠢᠩᠭ᠋ᠠᠭᠠᠨ᠎ᠠ

ᠭᠦᠷᠳᠤᠨ ᠳᠤ ᠪᠣᠳᠠᠷᠠᠭᠰᠠᠨ ᠰᠢᠷᠤᠢ ᠮᠠᠩᠬ᠎ᠠ ᠪᠣᠰᠴᠤ ᠴᠡᠭᠡᠵᠢᠨ ᠳᠡᠭᠡᠷ᠎ᠡ ᠨᠠᠮ ᠳᠠᠷᠤᠨ᠎ᠠ

ᠭᠦᠮᠤᠨ ᠳᠤ ᠠᠯᠳᠠᠭᠰᠠᠨ ᠣᠰᠤᠨ ᠨᠢᠯᠪᠣᠰᠤ ᠪᠣᠯᠤᠨ ᠮᠡᠯᠳᠡᠭᠡᠨᠡᠵᠤ ᠳᠠᠷ᠎ᠠ ᠳᠡᠭᠡᠷ᠎ᠡ ᠬᠠᠯᠳᠤᠷᠢᠨ ᠣᠨᠠᠨ᠎ᠠ


ᠰᠢᠷᠠᠯᠠᠭᠰᠠᠨ ᠴᠡᠴᠡᠭ᠌ ᠤᠨ ᠳᠠᠯᠪᠢ ᠳᠡᠭᠡᠷ᠎ᠡ ᠰᠡᠭᠦᠳᠡᠷᠢ ᠣᠨᠠᠵᠤ ᠣᠮᠳᠠᠯᠠᠨ᠎ᠠ

ᠰᠢᠷᠬ᠎ᠠ ᠲᠡᠶ ᠣᠭᠤᠨᠤ ᠶᠢᠨ ᠴᠢᠰᠤᠨ ᠳᠡᠭᠡᠷ᠎ᠡ ᠰᠥ᠋ ᠳᠤᠰᠤᠵᠤ ᠠᠨᠠᠭᠠᠨ᠎ᠠ

ᠰᠠᠷᠠᠨ ᠤ ᠳᠤᠶᠠᠭ᠎ᠠ ᠨᠦᠮᠦᠷᠢᠵᠤ ᠵᠤᠰᠠᠯᠠᠩ ᠤᠨ ᠰᠦᠨᠢ ᠨᠣᠢ᠌ᠷᠮᠤᠯᠠᠨ᠎ᠠ

ᠰᠠᠷᠠᠭᠤᠯ ᠣᠬᠠᠭᠠᠠᠳᠤ ᠳᠡᠭᠡᠳᠦᠰ ᠤᠨ ᠪᠠᠭᠤᠷᠢ ᠳᠡᠭᠡᠷ᠎ᠡ ᠣᠳᠤᠳ ᠠᠢ᠌ᠯᠰᠢᠵᠤ ᠪᠠᠭᠤᠨ᠎ᠠ


ᠭᠡᠭᠡᠵᠤ ᠪᠠᠢ᠌ᠭ᠎ᠠ ᠪᠠᠨ ᠨᠠᠠᠳᠢᠩᠨᠠᠬᠤ ᠢᠳᠡᠭᠡᠯ ᠶᠠᠰᠤ ᠳᠠᠨᠢᠨ ᠣᠷᠭᠤᠨ᠎ᠠ

ᠭᠡᠭᠡᠭᠡᠳ ᠦᠭᠡᠶ ᠪᠠᠨ ᠬᠠᠢ᠌ᠷᠠᠯᠠᠬᠤ ᠭᠦᠰᠡᠯ ᠴᠢᠰᠤ ᠳᠠᠮᠵᠢᠨ ᠣᠷᠤᠰᠤᠨ᠎ᠡ

ᠭᠡᠭᠡᠨ ᠣᠬᠠᠭᠠᠨ ᠤ ᠠᠯᠳᠠᠨ ᠳᠤᠤᠯᠢ ᠭᠡᠷ ᠤᠨ ᠬᠣᠢ᠌ᠮᠤᠷ ᠡᠴᠡ ᠦᠷᠭᠦᠯᠵᠢᠯᠡᠨ᠎ᠡ

ᠭᠡᠷᠡᠯᠳᠤ ᠣᠷᠴᠢᠯᠠᠩ ᠳᠤ ᠴᠢᠩᠭᠢᠰ ᠵᠤᠷᠢᠭ ᠰᠤᠳᠠᠯ ᠪᠠᠷᠢᠨ ᠯᠤᠭᠰᠢᠨ᠎ᠠ

ᠰᠢᠠᠳᠠᠰᠤ ᠰᠢᠯᠭᠠᠨ ᠯᠤᠭᠰᠢᠨ᠎ᠡ ︕   

                          

                        ᠰᠢᠠᠵᠢᠶᠠᠩ ᠤᠨ 《ᠦᠣᠷ ᠤᠨ ᠴᠤᠯᠮᠤᠨ》 ᠳᠡᠭᠡᠷ᠎ᠡ ᠨᠡᠢ᠌ᠳᠡᠯᠡᠭ᠍ᠳᠡᠪᠡ



ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1766
ᠴᠠᠭ᠄ 2012 ᠤᠨ ᠤ 11 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ