ᠪᠣᠴᠠᠵᠤ ᠰᠠᠨᠠᠭᠳᠠᠭᠰᠠᠨ ᠬᠠᠢ᠌ᠷ᠎ᠠ

ᠭᠤᠴᠢ ᠶᠢ ᠭᠠᠳᠤᠯᠤᠭᠠᠤᠨ ᠬᠠᠢ᠌ᠷ᠎ᠠ ᠶᠢᠨ ᠰᠢᠯᠦᠭ᠌ ᠪᠢᠴᠢᠭᠦ ᠳ᠋ᠤ

ᠭᠤᠳᠤᠷᠠᠬᠤ ᠨᠠᠰᠤ ᠮᠢᠨᠢ ᠵᠠᠯᠠᠭᠤᠵᠢᠵᠤ ᠢᠷᠠᠮᠠᠷ ᠰᠠᠨᠠᠭᠳᠠᠨ᠎ᠠ

ᠭᠤᠨᠠᠷᠠᠬᠤ ᠨᠠᠮᠤᠷ ᠤᠨ ᠠᠮᠢᠰᠬᠤᠭ᠎ᠠ ᠪᠠᠷ ᠲᠡᠩᠴᠡᠬᠦᠷᠢ ᠠᠯᠳᠠᠨ ᠭᠡᠩᠰᠡᠷᠡᠭᠦ ᠳ᠋ᠤ

ᠭᠤᠨᠢᠭᠳᠤ ᠰᠡᠳᠭᠢᠯ ᠤᠨ ᠭᠦᠡᠳᠤ ᠣᠢ᠌ᠤᠠᠬᠠᠷ ᠨᠦᠷᠢᠵᠤ ᠢᠷᠠᠮᠠᠷ ᠪᠣᠳᠤᠭᠳᠠᠨ᠎ᠠ


ᠴᠢᠨᠤ ᠳᠤᠬᠠᠢ ᠪᠣᠳᠤᠯ

ᠴᠡᠭᠡᠵᠢᠨ ᠳᠤ ᠳᠠᠩᠳᠠ ᠣᠷᠭᠤᠬᠤ ᠶᠤᠮ

ᠴᠢᠠᠳᠠᠮᠤᠨᠢᠯᠠᠵᠤ ᠬᠠᠢ᠌ᠷᠠᠯᠠᠬᠤ ᠰᠡᠳᠭᠢᠯ

ᠰᠠᠨᠠᠭᠠᠨ ᠤ ᠬᠠᠷᠭᠤᠢ ᠶᠢ ᠡᠵᠡᠯᠡᠭᠦ ᠶᠤᠮ

ᠴᠢᠮᠢ᠋ᠢ ᠰᠠᠨᠠᠬᠤ ᠪᠦᠷᠢ

ᠰᠡᠳᠭᠢᠯ ᠳᠤ ᠪᠣᠷᠠᠮ ᠠᠮᠳᠠᠯᠠᠭᠳᠠᠬᠤ ᠶᠤᠮ

ᠵᠢᠷᠦᠭᠡᠨ ᠤ ᠴᠤᠭᠢᠯᠭ᠎ᠠ ᠳᠦᠷᠭᠡᠰᠳᠡᠭ᠌ ᠶᠤᠮ

ᠵᠡᠭᠦᠳᠤᠨ ᠤ ᠮᠢᠨᠢ ᠳᠦᠷᠢᠵᠢᠯ ᠴᠤ ᠣᠯᠠᠰᠢᠷᠠᠳᠠᠭ ᠶᠤᠮ


ᠬᠠᠢ᠌ᠷ᠎ᠠ ᠶᠢᠨ ᠰᠡᠳᠭᠢᠯ ᠳᠤ ᠴᠢ ᠮᠢᠨᠢ

ᠬᠠᠰ ᠪᠣᠯᠵᠤ ᠭᠢᠯᠠᠯᠵᠠᠨ᠎ᠠ

ᠬᠠᠰ ᠰᠢᠭ ᠭᠡᠷᠡᠯᠳᠡᠢ ᠪᠠᠢ᠌ᠳᠠᠭ ᠶᠢᠡᠷ ᠵᠢᠠᠨ

ᠬᠠᠷᠠᠮᠨᠠᠵᠤ ᠥᠮᠴᠢᠷᠭᠡᠮᠡᠷ ᠴᠤ ᠰᠠᠨᠠᠭᠳᠠᠨ᠎ᠠ

ᠬᠠᠢ᠌ᠷᠠᠳᠠᠢ ᠪᠦᠭᠦᠨ ᠦᠮᠴᠢᠨ ᠳᠤ ᠦᠭᠡᠶ ᠭᠡᠵᠤ

ᠬᠤᠷᠤ᠎ᠠ ᠭᠦᠮᠦᠰ ᠲᠤ ᠬᠠᠳᠠᠭᠤᠬᠠᠨ ᠰᠢᠪᠠᠨᠠᠪᠠ

ᠬᠠᠢ᠌ᠷᠠᠳᠠᠢ ᠵᠣᠢ᠌ᠯ ᠶᠢᠡᠨ ᠣᠷᠭᠢᠵᠤ ᠴᠢᠳᠠᠬᠤ

ᠬᠠᠳᠠᠭᠤ ᠳᠠᠷᠴᠢᠯᠭᠠᠨ ᠳᠤ ᠳᠠᠰᠤᠭᠠᠷᠠᠢ ᠭᠡᠵᠤ ᠴᠢᠩᠭ᠋ᠠᠯᠠᠨ ᠰᠤᠷᠭᠠᠪᠠ


ᠴᠢᠮᠢ᠋ᠢ ᠬᠠᠰᠤᠵᠤ ᠣᠷᠭᠢᠭᠰᠠᠨ ᠮᠢᠨᠢ

ᠮᠢᠨᠤᠭᠢ ᠊᠊᠊᠊᠊᠊᠊᠊᠊᠊᠊᠊᠊᠊᠊

ᠬᠤᠷᠤᠮᠬᠠᠨ ᠵᠠᠭᠤᠷ᠎ᠠ ᠶᠢᠨ ᠭᠤᠮᠤᠳᠠᠯ ᠶᠤᠮ

ᠭᠡᠵᠢᠶ᠎ᠡ ᠴᠤ ᠮᠠᠷᠳᠠᠵᠤ ᠴᠢᠳᠠᠬᠤ ᠦᠭᠡᠶ ᠣᠰᠤᠯ ᠶᠤᠮ

ᠴᠢᠨᠤᠭᠢ ᠊᠊᠊᠊᠊᠊᠊᠊᠊᠊᠊᠊᠊᠊᠊

ᠵᠢᠷᠦᠭᠡᠨ ᠤ ᠴᠢᠨᠢ ᠳᠤᠯᠳᠤ ᠳ᠋ᠠᠭᠢ ᠡᠳᠡᠭᠡᠷᠡᠵᠤ ᠳᠠᠢ᠌ᠯᠤᠰᠢ ᠥᠭᠡᠢ

ᠭᠦᠡᠳᠤ ᠰᠢᠷᠬᠠᠯᠠᠯ ᠶᠤᠮ

ᠠᠮᠢᠳᠤᠷᠠᠯ ᠰᠠᠢ᠌ᠬᠠᠨ ᠪᠠᠢ᠌ᠳᠠᠭ ᠶᠤᠮ

ᠬᠠᠳᠠᠭᠤᠬᠠᠨ ᠴᠤ ᠪᠠᠢ᠌ᠳᠠᠭ ᠶᠤᠮ

ᠡᠶ᠎ᠡ ᠲᠡᠶ ᠰᠠᠢ᠌ᠬᠠᠨ ᠠᠮᠢᠳᠤᠷᠠᠯ ᠤᠨ ᠴᠢᠨᠢ

ᠡᠯᠢᠭᠡ ᠶᠢ ᠪᠣᠤ ᠰᠡᠪᠳᠦᠭᠡᠶ᠎ᠡ ᠭᠡᠵᠤ

ᠠᠮᠢᠠᠴᠢᠷᠬᠠᠨ ᠦᠨᠡᠠᠴᠢ ᠬᠠᠢ᠌ᠷᠠᠨ ᠳᠤ ᠴᠢᠨᠢ

ᠰᠠᠯᠠᠭ᠎ᠠ ᠪᠢᠳᠡᠭᠡᠢ ᠭᠠᠷᠭᠠᠶ᠎ᠠ ᠭᠡᠵᠤ

ᠬᠠᠢ᠌ᠷᠠᠳᠠᠢ ᠪᠣᠯᠬᠤᠷ ᠶᠢᠡᠨ ᠴᠢᠮᠢ᠋ᠢ ᠡᠴᠠ ᠪᠢ

ᠳᠡᠷᠳᠡᠭᠡ ᠳᠠᠯᠳᠠᠬᠠᠨ ᠪᠠᠢ᠌ᠶ᠎ᠠ ᠭᠡᠵᠤ

ᠵᠢᠷᠦᠭᠡᠨ ᠤ ᠴᠢᠨᠢ ᠳᠤᠯᠳᠤ ᠶᠢ ᠵᠥᠭᠡᠯᠡᠭᠡᠨ ᠥᠨᠦᠰᠦᠭᠡᠳ

ᠪᠠᠶᠠᠷᠳᠠᠢ ᠭᠡᠵᠤ ᠦᠴᠢᠶ᠎ᠠ

ᠬᠠᠢ᠌ᠷ᠎ᠠ ᠮᠢᠨᠢ︕


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ

ᠵᠤᠬᠢᠶᠠᠭᠴᠢ᠄ ᠭᠡᠷᠡᠯᠳᠦᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1798
ᠴᠠᠭ᠄ 2011 ᠤᠨ ᠤ 02 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ