ᠥ ᠲᠡᠶ ᠭᠠᠵᠠᠷ ᠢ ᠮᠢᠨᠢ ᠠᠭᠤᠴᠢᠯᠠ

ᠥᠭᠡᠳᠡ ᠪᠠᠨ ᠠᠰᠠᠬᠤ ᠳᠡᠭ᠍ᠷᠢᠯᠢᠭ᠌ ᠶᠡᠭᠡ ᠠᠭᠤᠯᠠᠰ ᠴᠤ

ᠦᠯᠮᠡᠢ ᠬᠤᠯᠭᠤᠭᠠᠬᠤ ᠦᠯᠡᠮᠵᠢ ᠶᠢᠨ ᠴᠢᠯᠠᠭᠤ ᠲᠡᠶ ᠶᠢ ᠰᠠᠨᠠᠵᠤ

ᠥ ᠲᠡᠶ ᠭᠠᠵᠠᠷ ᠢ ᠮᠢᠨᠢ ᠠᠭᠤᠴᠢᠯᠠ

ᠣᠷᠤᠭᠤ ᠪᠠᠨ ᠠᠰᠬᠠᠯᠠᠬᠤ ᠭᠡᠮᠡᠷᠯᠢᠭ᠌ ᠵᠥᠭᠡᠯᠡᠨ ᠭᠤᠷᠤᠬ᠎ᠠ ᠴᠤ

ᠮᠠᠯᠮᠠᠢ ᠭᠦᠯᠪᠦᠷᠢᠭᠦ ᠳᠠᠪᠠᠷᠠᠭ᠎ᠠ ᠲᠡᠶ ᠶᠢ ᠰᠠᠨᠠᠵᠤ

ᠥ ᠲᠡᠶ ᠭᠠᠵᠠᠷ ᠢ ᠮᠢᠨᠢ ᠠᠭᠤᠴᠢᠯᠠ  

ᠨᠠᠰᠤ ᠦᠨᠳᠦᠷ ᠪᠣᠯᠵᠤ ᠪᠠᠢ᠌ᠭ᠎ᠠ ᠠᠪᠣ ᠡᠵᠢ ᠮᠢᠨᠢ

ᠨᠢᠯᠬ᠎ᠠ ᠭᠦᠤ ᠶᠢᠨ ᠡᠷᠭᠡ ᠳᠤᠭᠤᠷᠢᠭ ᠡᠷᠭᠢᠵᠤ ᠪᠠᠢ᠌ᠭ᠎ᠠ

ᠵᠠᠪ ᠢ ᠮᠠᠨᠢ ᠮᠠᠷᠳᠠᠵᠤ ᠠᠭᠤᠴᠢᠯᠠ

ᠶᠠᠰᠤ ᠪᠠᠨ ᠠᠮᠠᠷᠭᠠᠭᠰᠠᠨ ᠡᠪᠦᠭᠡ ᠡᠮᠡᠭᠡ᠂ ᠳᠡᠭᠡᠳᠦᠰ ᠮᠢᠨᠢ

ᠬᠠᠩᠰᠢ ᠶᠢᠨ ᠡᠳᠦᠷ ᠯᠠ ᠰᠠᠴᠤᠯᠢ ᠡᠷᠭᠦᠵᠤ

ᠥᠭᠡᠢ᠌ᠯᠡᠳᠡᠭ᠌ ᠢ ᠮᠢᠨᠢ ᠠᠭᠤᠴᠢᠯᠠ

ᠣᠶᠠᠬᠠᠨ ᠽᠠᠮᠪᠣᠳᠢᠪ ᠤᠨ ᠡᠪᠦᠷ ᠳᠤᠳᠤᠷ᠎ᠠ

ᠠᠭᠤᠷᠯᠠᠬᠤ ᠪᠠᠶᠠᠷᠯᠠᠬᠤ ᠪᠠᠷ ᠲᠡᠩᠴᠡᠬᠦᠷᠢ ᠠᠯᠳᠠᠳᠠᠭ ᠢ ᠮᠢᠨᠢ ᠠᠭᠤᠴᠢᠯᠠ

ᠤᠶᠠᠩ‍ᠭ᠎ᠠ ᠶᠢᠨ ᠪᠣᠷᠬᠠᠨ ᠢ ᠵᠠᠯᠠᠬᠤ ᠯᠠ ᠭᠡᠵᠤ

ᠣᠬᠠᠭᠠᠯᠢᠭ ᠭᠡᠷᠭᠡᠢ ᠳᠡᠭᠡᠨ ᠣᠰᠤᠯ ᠠᠯᠳᠠᠵᠤ

ᠬᠠᠭᠤᠳᠠᠰᠤ ᠴᠠᠭᠠᠰᠤᠨ ᠳᠡᠭᠡᠷ᠎ᠡ ᠳᠤᠩᠭ᠋ᠣᠢ᠌ᠵᠤ ᠰᠠᠭᠤᠳᠠᠭ ᠢ ᠮᠢᠨᠢ ᠠᠭᠤᠴᠢᠯᠠ

ᠬᠠᠢ᠌ᠷ᠎ᠠ ᠭᠦᠷᠭᠦ ᠪᠠᠷ ᠶᠠᠭᠤᠮ᠎ᠠ ᠬᠤᠷᠸ᠎ᠠ ᠳᠤ ᠣᠯᠠᠨ

ᠬᠠᠶᠠ ᠰᠡᠳᠭᠢᠯ ᠡᠯᠭᠦᠭ᠍ᠳᠡᠭᠡᠳ ᠵᠥᠳᠡᠷᠡᠳᠡᠭ᠌ ᠢ ᠮᠢᠨᠢ ᠠᠭᠤᠴᠢᠯᠠ

ᠠᠷ ᠳᠤᠯᠭᠢᠶᠠᠠᠳᠠᠭᠰᠠᠨ ᠠᠮᠠᠷᠠᠭ ᠣᠰᠤᠨ

ᠠᠭᠠᠰᠢ ᠨᠢ ᠮᠡᠯᠮᠡᠷᠡᠭᠡᠳ ᠳᠤᠳᠤᠭᠠᠳᠤ ᠡᠩᠭᠡᠷ ᠣᠷᠤᠭᠤ ᠪᠠᠨ

ᠰᠢᠩᠭᠡᠳᠡᠭ᠌ ᠢ ᠰᠠᠨᠠᠵᠤ ᠠᠭᠤᠴᠢᠯᠠ᠃


       1998.12


ᠵᠤᠬᠢᠶᠠᠭᠴᠢ ᠶᠢᠨ ᠬᠠ‍‌ᠶᠢᠭ ᠄ ᠪᠠᠷᠠᠭᠤᠨ ᠪᠠᠭᠠᠷᠢᠨ

ᠵᠤᠬᠢᠶᠠᠭᠴᠢ᠄ ᠫᠣ·ᠰᠠᠨᠠᠭᠠᠷᠠᠪᠣᠤ
ᠬᠠᠷᠢᠶ᠎ᠠ᠄ ᠰᠢᠯᠦᠭ
ᠳᠠᠷᠤᠮ᠄ 1853
ᠴᠠᠭ᠄ 2010 ᠤᠨ ᠤ 12 ᠰᠠᠷ᠎ᠠ ᠶᠢᠨ 01