ᠰᠡᠳᠭᠢᠯ ᠤᠨ ᠵᠤᠭᠤᠭ

《ᠠᠷᠭᠠᠰᠤᠨ》 ᠮᠠᠷᠭᠤᠭᠠᠨ ᠤ ᠰᠠᠳᠤᠪ ᠶᠠᠷᠢᠯᠴᠠᠬᠤ ᠪᠠᠷ

ᠠᠯᠤᠰ ᠤᠨ ᠠᠯᠤᠰ ᠡᠴᠠ ᠠᠠᠳᠠ ᠮᠢᠨᠢ ᠢᠷᠠᠯ᠎ᠠ

ᠠᠷᠠᠵᠠᠨ ᠰᠢᠷᠡᠭᠡ ᠨᠢᠭᠡ ᠶᠢ ᠦᠷᠤᠵᠤ

ᠠᠭᠤᠵᠢᠷᠠᠨ ᠠᠭᠤᠵᠢᠷᠠᠳᠠᠯ᠎ᠠ ᠵᠤᠭᠤᠭ ᠳᠡᠯᠭᠡᠯ᠎ᠡ

ᠠᠯᠢᠶ᠎ᠠ ᠵᠠᠢ᠌ᠳᠠᠩ ᠵᠠᠯᠠᠭᠤ ᠨᠠᠰᠤ ᠪᠠᠨ

ᠠᠷᠢᠭᠢ ᠳᠠᠷᠠᠰᠤᠨ ᠳᠤ ᠱᠤᠩᠪᠠᠭᠰᠠᠨ ᠳᠡᠦᠭᠡ ᠪᠠᠨ

ᠠᠪᠠᠭᠠᠢ ᠬᠡᠦᠬᠡᠳ ᠲᠤ ᠪᠠᠨ ᠣᠰᠤᠯᠳᠠᠭᠰᠠᠨ ᠥᠩᠭᠡᠷᠡᠯᠳᠡ ᠪᠠᠨ

ᠠᠵᠢᠯ ᠣᠢ᠌ᠯᠠᠰ ᠤᠨ ᠠᠯᠳᠠᠰᠢ ᠣᠨᠤᠰᠢ ᠪᠠᠨ

ᠠᠮᠢᠳᠤᠷᠠᠯ ᠣᠠᠳᠤᠷᠤᠯᠭ᠎ᠠ ᠶᠢᠨ ᠨᠤᠭᠤᠷᠠᠯ ᠪᠦᠳᠦᠷᠢᠯ ᠵᠢᠠᠨ

ᠠᠭᠠᠰᠢ ᠵᠠᠩ ᠤᠨ ᠴᠠᠯᠠᠭᠠᠢ ᠴᠦᠯᠳᠤᠰ ᠵᠢᠠᠨ

ᠠᠶᠤᠤᠯᠢᠬᠠᠢ ᠴᠡᠭᠡᠵᠢ ᠪᠠᠨ ᠣᠩᠭ᠋ᠣᠢ᠌ᠨ ᠣᠩᠭ᠋ᠣᠢ᠌ᠳᠠᠯ᠎ᠠ

ᠠᠭ᠎ᠠ ᠶᠢᠨ ᠭᠦᠤ ᠳᠤ ᠳᠠᠢ᠌ᠯᠤᠨ ᠳᠡᠢ᠌ᠯᠦᠭ᠍ᠳᠡᠳᠡᠯ᠎ᠡ

ᠠᠷᠢᠭᠤᠨ ᠬᠤᠷᠸ᠎ᠠ ᠶᠢ ᠮᠠᠭᠳᠠᠨ ᠪᠠᠢ᠌ᠵᠤ ᠵᠤᠭᠤᠭᠳᠠᠭᠰᠠᠨ ᠶᠤᠮ

ᠠᠯᠠᠭ ᠪᠠᠷᠠᠭᠠᠨ ᠢ ᠨᠢ ᠬᠠᠷᠢᠶᠠᠨ ᠪᠠᠢ᠌ᠵᠤ ᠵᠤᠭᠤᠭᠳᠠᠭᠰᠠᠨ ᠶᠤᠮ

ᠠᠭᠠᠷ ᠤᠨ ᠨᠠᠷᠠ ᠶᠢ ᠳᠡᠭ᠍ᠳᠡᠨ ᠳᠡᠭ᠍ᠳᠡᠳᠡᠯ᠎ᠡ ᠵᠤᠭᠤᠭᠳᠠᠭᠰᠠᠨ ᠶᠤᠮ

ᠠᠠᠳᠠ ᠶᠢᠨ ᠵᠢᠷᠤᠮ ᠶᠢᠡᠷ ᠣᠶᠠᠷᠠᠨ ᠣᠶᠠᠷᠠᠨ ᠵᠤᠭᠤᠭᠳᠠᠭᠰᠠᠨ ᠶᠤᠮ ᠡ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠬᠠᠷᠢᠶ᠎ᠠ᠄ ᠰᠢᠯᠦᠭ
ᠳᠠᠷᠤᠮ᠄ 1859
ᠴᠠᠭ᠄ 2012 ᠤᠨ ᠤ 07 ᠰᠠᠷ᠎ᠠ ᠶᠢᠨ 25