ᠡ᠊·ᠮᠡᠷᠭᠡᠨ ᠪᠣᠶᠤ ᠳᠡᠭᠦᠨ ᠤ 《ᠣᠩᠭ᠋ᠤᠨ ᠬᠠᠢ᠌ᠷᠬᠠᠨ ᠤ ᠣᠳᠤ》 ᠭᠡᠭᠦ ᠰᠢᠯᠦᠭ᠌ ᠤᠨ ᠳᠡᠭᠦᠪᠦᠷᠢ ᠶᠢᠨ ᠳᠤᠬᠠᠢ

ᠨᠢᠭᠡ


ᠡᠨᠡ ᠣᠨ ᠤ 5 ᠳ᠋ᠤᠭᠠᠷ ᠰᠠᠷ᠎ᠠ ᠶᠢᠨ 17 ᠤ ᠡᠳᠦᠷ ᠤᠨ ᠦᠳᠡ ᠶᠢᠨ ᠣᠷᠢᠳᠠᠭᠤᠷ᠂ ᠪᠢ ᠠᠯᠪᠠᠨ ᠭᠡᠷ ᠲᠡᠭᠡᠨ ᠠᠯᠪᠠᠯᠠᠵᠤ ᠰᠠᠭᠤᠵᠤ ᠪᠠᠢ᠌ᠬᠤ ᠳᠤ᠂ ᠮᠠᠨ ᠤ ᠰᠤᠷᠭᠠᠭᠤᠯᠢ ᠶᠢᠨ ᠳᠦᠷᠪᠠᠳᠦᠭᠡᠷ ᠣᠨ ᠤ ᠰᠤᠷᠤᠭᠴᠢ ᠪ᠊·ᠢᠯᠭᠤᠮ ᠤᠨ ᠭᠡᠷ ᠤᠨ ᠠᠬᠠᠮᠠᠤᠨ (ᠠᠪᠣ ᠨᠢ) ᠊᠊᠊᠊᠊᠊᠊᠊᠊᠊᠊᠊᠊᠊᠊ ᠪᠦᠭᠡᠴᠢᠯᠡᠭᠤ᠂ ᠮᠢᠨᠤ ᠠᠯᠪᠠᠨ ᠭᠡᠷ ᠲᠤ ᠢᠷᠠᠵᠤ᠂ 《ᠡᠨᠡ ᠪᠣᠯ ᠮᠢᠨᠤ ᠠᠪᠣ ᠶᠢᠨ ᠭᠡᠪᠯᠡᠭᠦᠯᠦᠭ᠍ᠰᠡᠨ ᠰᠢᠯᠦᠭ᠌ ᠤᠨ ᠨᠤᠮ ᠶᠤᠮ ᠡ᠂ ᠳᠠᠨ ᠳᠤ ᠭᠦᠷᠭᠡᠶ᠎ᠡ︕》 ᠭᠡᠵᠤ ᠳᠠᠪᠤᠨ ᠳᠠᠪᠳᠠᠷ 《ᠣᠩᠭ᠋ᠤᠨ ᠬᠠᠢ᠌ᠷᠬᠠᠨ ᠤ ᠣᠳᠤ》 ᠭᠡᠭᠦ ᠨᠤᠮ ᠪᠠᠯᠡᠭᠯᠡᠵᠤ ᠪᠢᠯᠠ︕

ᠪᠢ ᠣᠯᠠᠨ ᠶᠠᠭᠤᠮ᠎ᠠ ᠪᠣᠳᠤᠭᠰᠠᠨ ᠦᠭᠡᠶ᠂ ᠵᠤᠬᠢᠶᠠᠭᠴᠢ ᠨᠢ ᠭᠡᠨ ᠪᠢᠯᠠ ᠳ᠋ᠡ ᠭᠡᠵᠤ ᠶᠠᠭᠠᠷᠠᠪᠴᠢᠯᠠᠨ ᠡᠷᠭᠢᠭᠦᠯᠵᠤ ᠥᠵᠡᠭᠦ ᠳᠤ᠂ 《ᠡ᠊·ᠮᠡᠷᠭᠡᠨ》 ᠭᠡᠵᠤ ᠪᠢᠴᠢᠵᠤ ᠪᠠᠢ᠌ᠯ᠎ᠠ᠃ ᠪᠢ ᠳᠠᠷᠠ ᠳᠠᠷᠤᠢ ᠳᠤ ᠨᠢ ᠪᠦᠭᠡᠴᠢᠯᠡᠭᠤ ᠳᠤ᠄ 《ᠥ︕ ᠡ᠊·ᠮᠡᠷᠭᠡᠨ ᠭᠤᠸᠠᠢ ᠳᠠᠨ ᠤ ᠠᠪᠣ ᠪᠠᠢ᠌ᠭᠰᠠᠨ ᠶᠤᠮ ᠦᠦ᠂ ᠪᠢ ᠮᠠᠳᠠᠨ᠎ᠠ ᠡ᠃ ᠳᠠᠷᠠ ᠰᠢᠯᠦᠭ᠌ ᠵᠤᠬᠢᠶᠠᠯ ᠣᠯᠠᠨ ᠪᠢᠴᠢᠳᠡᠭ᠌᠂ ᠰᠠᠢ᠌ᠬᠠᠨ ᠪᠢᠴᠢᠳᠡᠭ᠌ ᠁》 ᠭᠡᠵᠤ ᠵᠤᠬᠢᠶᠠᠭᠴᠢ ᠶᠢᠨ ᠭᠢᠨᠢ ᠳᠤᠬᠠᠢ ᠪᠠᠭ᠎ᠠ ᠰᠠᠭ᠎ᠠ ᠣᠢ᠌ᠯᠭᠠᠵᠤ ᠮᠡᠳᠡᠭᠦ ᠵᠣᠢ᠌ᠯᠠᠰ ᠶᠢᠡᠨ ᠳᠡᠯᠭᠡᠭᠦ ᠳᠤ᠂ ᠳᠠᠷᠠ ᠴᠤ ᠳᠤᠩ ᠳᠠᠷᠤᠤᠬᠠᠨ ᠶᠢᠡᠷ᠄ 《ᠳᠠᠢ᠌ᠮᠤ ᠡ᠂ ᠮᠢᠨᠤ ᠠᠪᠣ ᠶᠤᠮ᠃ ᠰᠢᠯᠦᠭ᠌ ᠵᠤᠬᠢᠶᠠᠯ ᠪᠢᠴᠢᠵᠤ ᠣᠷᠤᠯᠳᠤᠳᠠᠭ ᠶᠤᠮ᠃ ᠠᠵᠢᠯ ᠡᠴᠡ ᠪᠠᠨ ᠠᠮᠠᠷᠠᠭᠠᠤᠨ ᠨᠠᠯᠢᠶᠠᠤᠨ ᠭᠡᠳᠤᠨ ᠵᠢᠯ ᠪᠣᠯᠵᠤ ᠪᠣᠢ᠃ ᠳᠦᠷᠦᠭᠦᠤ ᠪᠠᠷ᠂ ᠴᠢᠯᠦᠭᠡ ᠵᠠᠪ ᠶᠢᠡᠷ ᠶᠢᠡᠨ ᠦᠪᠡᠷ ᠤᠨ ᠪᠢᠴᠢᠭ᠍ᠰᠡᠨ ᠰᠢᠯᠦᠭ᠌ ᠤᠳ ᠶᠢᠡᠨ ᠴᠤᠭᠯᠠᠭᠤᠯᠤᠨ ᠡᠮᠭᠢᠦᠡᠭᠡᠵᠤ᠂ ᠡᠨᠡᠭᠦ ᠳᠡᠭᠦᠪᠦᠷᠢ ᠶᠢ ᠭᠡᠪᠯᠡᠭᠦᠯᠦᠭ᠍ᠰᠡᠨ ᠶᠤᠮ᠃ ᠭᠡᠪᠯᠡᠭᠦᠯᠦᠭᠡᠳ ᠨᠠᠯᠢᠶᠠᠤᠨ ᠭᠡᠳᠤᠨ ᠵᠢᠯ ᠪᠣᠯᠴᠢᠬᠠᠯ᠎ᠠ᠃ ᠪᠠᠭᠰᠢ ᠳᠠ ᠪᠠᠰᠠ ᠶᠠᠭᠤᠮ᠎ᠠ ᠣᠷᠤᠯᠳᠤᠳᠠᠭ᠃ ᠪᠢᠳᠠ ᠣᠯᠠᠨ ᠬᠠᠷᠠᠵᠤ (ᠣᠩᠰᠢᠵᠤ) ᠪᠠᠢ᠌ᠭᠰᠠᠨ᠃ ᠳᠡᠭᠡᠭᠡᠳ ᠳᠠᠨ ᠳᠤ ᠠᠪᠣ ᠶᠢᠨ ᠶᠢᠡᠨ ᠨᠤᠮ ᠡᠴᠡ ᠭᠦᠷᠭᠡᠵᠤ ᠢᠷᠠᠯ᠎ᠠ᠃ ᠳᠠ ᠣᠩᠰᠢᠵᠤ ᠥᠵᠡᠭᠡᠷᠡᠢ︕ ᠁》 ᠭᠡᠵᠤ ᠭᠡᠯᠡᠵᠤ ᠭᠠᠷᠤᠯ᠎ᠠ᠃

ᠪᠢ ᠴᠤ ᠳᠠᠷᠠ ᠳᠠᠪᠤᠨ ᠳᠠᠪᠳᠠᠷ 《ᠣᠩᠭ᠋ᠤᠨ ᠬᠠᠢ᠌ᠷᠬᠠᠨ ᠤ ᠣᠳᠤ》 ᠵᠢ ᠨᠢ ᠳᠤᠩ ᠪᠠᠶᠠᠷᠳᠠᠢ ᠪᠠᠷ ᠳᠤᠰᠤᠨ ᠠᠪᠴᠤ᠂ ᠬᠤᠵᠢᠮ ᠰᠠᠢ᠌ᠬᠠᠨ ᠣᠩᠰᠢᠵᠤ ᠦᠵᠡᠶ᠎ᠠ ᠭᠡᠵᠤ ᠰᠢᠤ ᠪᠣᠳᠤᠯ ᠰᠡᠳᠭᠢᠯ ᠶᠢᠡᠨ ᠳᠤᠪᠴᠢᠬᠠᠨ ᠢᠯᠡᠳᠭᠡᠭᠡᠳ ᠁ ᠬᠤᠴᠤᠷᠴᠤ ᠪᠢᠯᠠ︕


ᠬᠤᠶᠠᠷ


《ᠣᠩᠭ᠋ᠤᠨ ᠬᠠᠢ᠌ᠷᠬᠠᠨ ᠤ ᠣᠳᠤ》 ᠭᠡᠭᠦ ᠨᠤᠮ ᠪᠣᠯ ᠡ᠊·ᠮᠡᠷᠭᠡᠨ ᠭᠤᠸᠠᠢ ᠶᠢᠨ 2006 ᠣᠨ ᠳᠤ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ ᠳᠤ ᠭᠡᠪᠯᠡᠭᠦᠯᠦᠭ᠍ᠰᠡᠨ ᠠᠩᠬᠠᠳᠠᠭᠴᠢ ᠰᠢᠯᠦᠭ᠌ ᠤᠨ ᠨᠤᠮ ᠨᠢ ᠪᠠᠢ᠌ᠯ᠎ᠠ᠃ ᠳᠤᠰ ᠨᠤᠮ ᠶᠢᠡᠨ ᠡ᠊·ᠮᠡᠷᠭᠡᠨ ᠭᠤᠸᠠᠢ ᠡᠴᠡ 1980 ᠣᠨ ᠳᠤ ᠪᠢᠴᠢᠭ᠍ᠰᠡᠨ 《ᠰᠤᠷᠤᠭᠴᠢ ᠶᠢᠨ ᠳᠠᠭᠤᠯᠠᠯ ᠵᠢᠷᠭᠤᠭᠠᠨ ᠪᠠᠳᠠᠭ》᠂ 《ᠳᠦᠭᠦᠮ ᠤᠨ ᠰᠢᠯᠦᠭ᠌ ᠳᠦᠷᠪᠠᠨ ᠪᠠᠳᠠᠭ》 ᠭᠡᠭᠦ ᠰᠢᠯᠦᠭ᠌ ᠤᠳ ᠶᠢᠡᠷ ᠶᠢᠡᠨ ᠡᠭᠢᠯᠡᠭᠦᠯᠵᠤ᠂ 2006 ᠣᠨ ᠳᠤ ᠪᠢᠴᠢᠭ᠍ᠰᠡᠨ 《ᠡᠩᠭᠡ ᠶᠢᠨ ᠰᠠᠢ᠌ᠬᠠᠨ ᠳᠠᠭᠤᠯᠠᠯ》᠂ 《ᠡᠭᠡ ᠰᠤᠷᠭᠠᠭᠤᠯᠢ ᠳᠠᠭᠠᠨ ᠡᠷᠭᠦᠭᠦ ᠤᠶᠠᠩ‍ᠭ᠎ᠠ ᠶᠢᠨ ᠰᠠᠴᠤᠯᠢ》 ᠭᠡᠭᠦ ᠰᠢᠯᠦᠭ᠌ ᠤᠳ ᠶᠢᠡᠷ ᠶᠢᠡᠨ ᠰᠡᠭᠦᠯ ᠬᠤᠷᠢᠶᠠᠯᠭᠠᠵᠤ᠂ ᠨᠠᠢ᠌ᠳᠠ 93 ᠰᠢᠯᠦᠭ᠌ ᠨᠠᠢ᠌ᠷᠠᠭ (ᠭᠠᠷᠴᠠᠭᠯᠠᠯ ᠶᠢᠡᠷ ᠨᠢ) ᠵᠢᠡᠨ ᠪᠠᠭᠳᠠᠭᠠᠵᠤ᠂ 340 ᠣᠷᠴᠢᠮ ᠨᠢᠭᠤᠷ ᠲᠡᠶ᠂ ᠶᠡᠭᠡ 32 ᠵᠢᠰᠤᠮ ᠤᠨ ᠭᠡᠪᠯᠡᠯ ᠲᠡᠶ ᠨᠤᠮ ᠪᠣᠯᠭᠠᠨ ᠭᠡᠪᠯᠡᠭᠦᠯᠦᠭ᠍ᠰᠡᠨ ᠪᠠᠢ᠌ᠯ᠎ᠠ᠃

ᠨᠤᠮ ᠳᠤ ᠨᠢ ᠡ᠊·ᠮᠡᠷᠭᠡᠨ ᠭᠤᠸᠠᠢ ᠶᠢᠨ ᠨᠤᠳᠤᠭ ᠤᠨ ᠨᠠᠢ᠌ᠵᠠ ᠊᠊᠊᠊᠊᠊᠊᠊᠊᠊᠊᠊᠊᠊᠊ ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠨᠠᠷᠠᠳᠤ ᠫᠷᠤᠹᠧᠰᠰᠤᠷ᠂ ᠠᠯᠳᠠᠷᠳᠤ ᠡᠷᠳᠡᠮᠳᠡᠨ ᠪᠦᠷᠢᠡᠪᠠᠳᠤ ᠭᠤᠸᠠᠢ ᠪᠠᠷ 《ᠬᠠᠢ᠌ᠷ᠎ᠠ ᠪᠠ ᠬᠠᠷᠢᠭᠤᠴᠠᠯᠭ᠎ᠠ》 ᠭᠡᠭᠦ ᠰᠠᠳᠤᠪᠳᠤ ᠣᠷᠤᠰᠢᠯ ᠪᠢᠴᠢᠵᠤ᠂ ᠡ᠊·ᠮᠡᠷᠭᠡᠨ ᠭᠤᠸᠠᠢ ᠶᠢᠨ ᠠᠮᠢᠳᠤᠷᠠᠯ᠂ ᠵᠤᠬᠢᠶᠠᠨ ᠪᠦᠳᠦᠭᠡᠯᠭᠡ᠂ ᠭᠦᠰᠡᠯ ᠳᠠᠮᠠᠤᠯᠠᠯ᠂ ᠭᠦᠮᠤᠨ ᠮᠦᠰᠤ᠁ ᠵᠡᠷᠭᠡ ᠳᠠᠯ᠎ᠠ ᠶᠢ ᠪᠦᠭᠦ ᠳᠠᠯ᠎ᠠ ᠪᠠᠷ ᠦᠨᠡᠯᠠᠨ ᠬᠤᠷᠢᠶᠠᠩᠭ᠋ᠣᠢ᠌ᠯᠠᠵᠤ᠂ ᠡ᠊·ᠮᠡᠷᠭᠡᠨ ᠭᠤᠸᠠᠢ ᠶᠢᠨ ᠠᠮᠢᠳᠤᠷᠠᠯ᠂ ᠵᠤᠬᠢᠶᠠᠨ ᠪᠦᠳᠦᠭᠡᠯᠭᠡ ᠁ ᠳᠤ ᠲᠦᠪ ᠭᠤᠤᠯᠴᠢ ᠡᠷᠭᠦᠯᠳᠡ᠂ ᠦᠨᠡᠯᠠᠯᠳᠠ ᠦᠭ‍ᠭᠦᠭ᠍ᠰᠡᠨ ᠪᠠᠢ᠌ᠨ᠎ᠠ᠃

ᠡ᠊·ᠮᠡᠷᠭᠡᠨ ᠭᠤᠸᠠᠢ ᠴᠤ ᠨᠤᠮ ᠤᠨ ᠶᠢᠡᠨ ᠳᠡᠭᠦᠰᠭᠡᠯ ᠳᠤ 《ᠬᠣᠢ᠌ᠨᠠᠭᠢ ᠥᠭᠡ》 ᠪᠢᠴᠢᠵᠤ᠂ ᠦᠪᠡᠷ ᠤᠨ ᠠᠮᠢᠳᠤᠷᠠᠯ᠂ ᠣᠷᠴᠢᠨ᠂ ᠪᠣᠳᠤᠴᠠ ᠰᠠᠳᠭᠢᠴᠠ᠂ ᠪᠠᠶᠠᠰᠤᠯ ᠵᠢᠷᠭᠠᠯ᠂ ᠵᠤᠪᠠᠯ ᠵᠦᠳᠠᠯ ᠵᠢᠴᠢ ᠵᠤᠬᠢᠶᠠᠨ ᠪᠦᠳᠦᠭᠡᠯᠭᠡ᠁ ᠵᠡᠷᠭᠡ ᠪᠠᠨ ᠳᠤᠪᠴᠢ ᠳᠤᠳᠤᠷᠠᠭᠤᠨ ᠶᠢᠡᠷ ᠬᠤᠷᠢᠶᠠᠩᠭ᠋ᠣᠢ᠌ᠯᠠᠨ ᠳᠡᠯᠭᠡᠵᠤ᠂ ᠨᠤᠮ ᠭᠡᠪᠯᠡᠭᠦᠯᠦᠭ᠍ᠰᠡᠨ ᠳᠡᠭᠡᠨ ᠪᠠᠶᠠᠰᠴᠤ ᠪᠠᠢ᠌ᠭ᠎ᠠ ᠪᠠ ᠨᠤᠮ ᠭᠡᠪᠯᠡᠭᠦᠯᠭᠦ ᠳᠤ ᠨᠢ ᠳᠠᠮᠵᠢᠵᠤ ᠳᠤᠰᠠᠯᠠᠭᠰᠠᠨ ᠨᠠᠢ᠌ᠵᠠ ᠨᠥᠭᠦᠤᠨ᠂ ᠨᠤᠳᠤᠭ ᠨᠢᠭᠡᠳᠡᠨ ᠪᠣᠶᠤ ᠭᠡᠷ ᠪᠦᠯᠢ (ᠬᠡᠦᠬᠡᠳ ᠠᠴᠢᠷ) ᠵᠢᠨ ᠭᠢᠨ ᠳᠡᠭᠡᠨ ᠪᠠᠶᠠᠷᠬᠠᠨ ᠳᠠᠯᠠᠷᠬᠠᠵᠤ ᠪᠠᠢ᠌ᠭ᠎ᠠ ᠰᠡᠳᠬᠢᠯᠭᠡ ᠪᠠᠨ ᠢᠯᠡᠳᠭᠡᠭ᠍ᠰᠡᠨ ᠪᠠᠢ᠌ᠨ᠎ᠠ᠃ ᠨᠤᠮ ᠤᠨ ᠶᠢᠡᠨ ᠡᠭᠢᠨ ᠳᠤ᠂ ᠦᠪᠡᠷ ᠤᠨ ᠠᠮᠢᠳᠤᠷᠠᠯ᠂ ᠣᠷᠴᠢᠨ ᠲᠡᠶ ᠬᠤᠯᠪᠣᠭᠳᠠᠭᠰᠠᠨ ᠵᠢᠷᠤᠭ ᠰᠡᠭᠦᠳᠡᠷ ᠡᠴᠡ ᠪᠠᠨ 6 ᠵᠢ ᠰᠤᠩᠭ᠋ᠤᠨ ᠣᠷᠤᠭᠤᠯᠵᠤ ᠳᠤᠳᠤᠷᠬᠠᠢ᠌ᠯᠠᠯᠳᠠ ᠳᠠᠢ᠌ᠯᠪᠣᠷᠢᠯᠠᠯᠳᠠ ᠭᠢᠭ᠍ᠰᠡᠨ ᠨᠢ ᠳᠤᠰ ᠨᠤᠮ ᠤᠨ ᠠᠭᠤᠯᠭ᠎ᠠ ᠣᠤᠠᠬ᠎ᠠ ᠶᠢ ᠣᠯᠠᠮ ᠪᠠᠶᠠᠯᠢᠭ᠂ ᠪᠠᠭᠳᠠᠭᠠᠮᠵᠢ ᠲᠡᠶ ᠪᠣᠯᠭᠠᠵᠤ ᠴᠢᠳᠠᠭᠰᠠᠨ ᠬᠠᠷᠠᠭᠳᠠᠵᠤ ᠪᠠᠢ᠌ᠯ᠎ᠠ᠃


ᠭᠤᠷᠪᠠ


《ᠣᠩᠭ᠋ᠤᠨ ᠬᠠᠢ᠌ᠷᠬᠠᠨ ᠤ ᠣᠳᠤ》 ᠭᠡᠭᠦ ᠨᠤᠮ ᠢ ᠪᠢ ᠣᠩᠰᠢᠵᠤ ᠰᠠᠭᠤᠯ᠎ᠠ᠃ ᠣᠠᠴᠠᠭᠠᠢ᠌ᠯᠠᠨ 《ᠣᠩᠭ᠋ᠤᠨ ᠬᠠᠢ᠌ᠷᠬᠠᠨ ᠤ ᠣᠳᠤ》 ᠵᠢᠨ ᠡᠵᠡᠨ (ᠵᠤᠬᠢᠶᠠᠭᠴᠢ) ᠨᠢ ᠪᠣᠯᠤᠭᠰᠠᠨ ᠡ᠊·ᠮᠡᠷᠭᠡᠨ ᠭᠤᠸᠠᠢ ᠶᠢ ᠣᠩᠰᠢᠵᠤ᠂ ᠣᠢ᠌ᠯᠭᠠᠵᠤ ᠰᠠᠭᠤᠯ᠎ᠠ᠃

ᠡ᠊·ᠮᠡᠷᠭᠡᠨ ᠭᠤᠸᠠᠢ ᠪᠣᠯ ᠣᠤᠯ ᠤᠨ ᠵᠤᠤ ᠣᠳᠠ ᠠᠢ᠌ᠮᠠᠭ ᠤᠨ (ᠣᠳᠤᠭᠢ ᠣᠯᠠᠭᠠᠠᠬᠠᠳᠠ ᠬᠤᠳᠠ ᠵᠢᠨ) ᠪᠠᠭᠠᠷᠢᠨ ᠪᠠᠷᠠᠭᠤᠨ ᠬᠤᠰᠢᠭᠤᠨ ᠳᠤ ᠨᠤᠳᠤᠭ ᠲᠡᠶ᠂ 1943 ᠣᠨ ᠳᠤ ᠳᠦᠷᠦᠭ᠍ᠰᠡᠨ ᠬᠠᠷᠠᠭᠴᠢᠨ ᠬᠤᠨᠢᠨ ᠵᠢᠯ ᠲᠡᠶ ᠭᠦᠮᠤᠨ᠃ ᠪᠠᠭᠰᠢ ᠭᠦᠮᠤᠨ ᠪᠠᠭ᠎ᠠ ᠰᠤᠷᠭᠠᠭᠤᠯᠢ ᠶᠢᠨ ᠳᠡᠭᠡᠳᠤ ᠳᠠᠰ ᠤᠨ ᠪᠠᠭᠰᠢ ᠶᠢᠨ ᠮᠡᠷᠭᠡᠵᠢᠯ ᠤᠨ ᠴᠤᠯᠠ ᠲᠡᠶ ᠭᠦᠮᠤᠨ᠃

1972 ᠣᠨ ᠳᠤ ᠠᠷᠠᠤᠨ ᠤᠨ ᠪᠠᠭᠰᠢ ᠭᠡᠭᠦ ᠠᠯᠳᠠᠷᠠᠢ᠌ᠬᠠᠨ ᠳᠠᠭᠤᠳᠠᠯᠭ᠎ᠠ ᠶᠢ ᠡᠷᠭᠦᠵᠤ᠂ ᠠᠵᠢᠯ ᠤᠨ ᠪᠠᠢ᠌ᠷᠢ ᠳᠤ ᠭᠠᠷᠴᠤ᠂ ᠨᠠᠢ᠌ᠳᠠ ᠮᠤᠩᠭ᠋ᠤᠯ ᠤᠨ ᠶᠢᠡᠨ (ᠨᠤᠳᠤᠭ ᠤᠨ ᠵᠢᠠᠨ) ᠦᠷᠠᠰ ᠢ ᠰᠤᠷᠭᠠᠨ ᠭᠦᠮᠦᠵᠢᠭᠦᠯᠭᠦ ᠣᠢ᠌ᠯᠠᠰ ᠲᠤ ᠨᠢᠭᠡᠨ ᠨᠠᠰᠤ ᠪᠠᠷ ᠶᠢᠡᠨ ᠨᠢᠩᠵᠢᠨ ᠰᠡᠳᠭᠢᠯ ᠶᠢᠡᠷ ᠶᠢᠡᠨ ᠵᠢᠦᠡᠭᠦᠭ᠍ᠰᠡᠨ ᠭᠦᠮᠤᠨ᠃ ᠨᠠᠯᠢᠶᠠᠤᠨ ᠶᠡᠭᠡ ᠵᠢᠦᠡᠭᠦᠯ ᠲᠡᠶ ᠵᠦᠳᠡᠷᠡᠯ ᠲᠡᠶ᠂ ᠭᠠᠪᠢᠶ᠎ᠠ ᠲᠡᠶ ᠭᠦᠭᠢᠭᠦᠯᠦᠯ ᠲᠡᠶ ᠶᠠᠪᠣᠭᠰᠠᠨ ᠭᠦᠮᠤᠨ᠃ ᠳᠡᠭᠡᠳᠤ ᠱᠠᠳᠤᠨ ᠤ ᠭᠦᠭᠢᠭᠦᠯᠦᠯ ᠱᠠᠩᠨᠠᠯ ᠢ ᠣᠯᠠᠠᠳᠠ ᠭᠦᠷᠳᠡᠵᠤ᠂ ᠰᠤᠷᠭᠠᠭᠤᠯᠢ ᠶᠢᠨ ᠶᠢᠡᠨ ᠭᠢᠴᠢᠶᠠᠯ ᠭᠦᠮᠦᠡᠵᠢᠯ ᠤᠨ ᠡᠷᠭᠢᠯᠡᠭ᠍ᠴᠢ᠂ ᠰᠤᠷᠭᠠᠭᠤᠯᠢ ᠶᠢᠨ ᠵᠠᠭᠢᠷᠤᠯ ᠵᠡᠷᠭᠡ ᠠᠵᠢᠯ ᠠᠯᠪᠠ ᠶᠢ ᠬᠠᠷᠢᠭᠤᠴᠠᠵᠤ᠂ ᠠᠯᠭᠠᠰᠠᠯ ᠦᠭᠡᠶ ᠠᠵᠢᠯᠠᠯᠵᠤ ᠵᠢᠦᠡᠭᠦᠵᠤ᠂ ᠠᠯᠳᠠᠷᠠᠯ ᠦᠭᠡᠶ ᠭᠦᠢᠴᠡᠳᠭᠡᠵᠤ ᠪᠠᠶᠡᠯᠡᠭᠦᠯᠵᠤ ᠢᠷᠡᠭ᠍ᠰᠡᠨ ᠭᠦᠮᠤᠨ᠃

ᠲ᠋ᠠᠷᠠ ᠪᠠᠷ᠂ 1980 ᠣᠨ ᠳᠤ᠂ ᠠᠩᠬᠠᠨ ᠤ ᠰᠢᠯᠦᠭ᠌ ᠤᠳ ᠤᠨ ᠶᠢᠡᠨ ᠨᠢᠭᠡᠨ ᠪᠣᠯᠬᠤ ᠊᠊᠊᠊᠊᠊᠊᠊᠊᠊᠊᠊᠊᠊᠊ 《ᠳᠦᠭᠦᠮ ᠤᠨ ᠰᠢᠯᠦᠭ᠌ ᠳᠦᠷᠪᠠᠨ ᠪᠠᠳᠠᠭ》 ᠵᠢᠡᠨ 《ᠦᠨᠢᠷ ᠴᠡᠴᠡᠭ᠌》 ᠰᠡᠳᠭᠦᠯ ᠤᠨ ᠳᠤᠰ ᠣᠨ ᠤ 8 ᠳ᠋ᠤᠭᠠᠷ ᠬᠤᠭᠤᠴᠠᠭ᠎ᠠ ᠳᠤ ᠨᠡᠢ᠌ᠳᠡᠯᠡᠭᠦᠯᠦᠭ᠍ᠰᠡᠨ ᠡᠴᠡ ᠨᠠᠭᠠᠰᠢ᠂ ᠣᠷᠤᠨ ᠠᠢ᠌ᠮᠠᠭ᠂ ᠬᠤᠳᠠ ᠶᠢᠨ ᠳᠠᠰ ᠤᠨ ᠰᠤᠨᠢᠨ ᠰᠡᠳᠭᠦᠯ ᠳᠤ ᠣᠯᠠᠨ ᠣᠯᠠᠨ ᠰᠢᠯᠦᠭ᠌ ᠨᠠᠢ᠌ᠷᠠᠭ ᠶᠢᠡᠨ ᠨᠡᠢ᠌ᠳᠡᠯᠡᠭᠦᠯᠵᠤ᠂ ᠣᠷᠤᠯᠳᠤᠯᠭ᠎ᠠ ᠲᠡᠶ ᠪᠦᠳᠦᠭᠡᠯ ᠲᠡᠶ᠂ ᠣᠯᠵᠠ ᠲᠡᠶ ᠭᠡᠰᠢᠭ᠌ ᠲᠡᠶ᠂ ᠣᠮᠤᠭ ᠲᠡᠶ ᠪᠠᠶᠠᠰᠤᠯ ᠲᠡᠶ ᠶᠠᠪᠣᠵᠤ ᠢᠷᠡᠭ᠍ᠰᠡᠨ ᠪᠠᠢ᠌ᠨ᠎ᠠ᠃ ᠳᠠᠷᠠᠴᠢᠯᠠᠨ ᠣᠯᠠᠨ ᠣᠳᠠᠭᠠᠨ ᠤ ᠨᠠᠢ᠌ᠷ ᠨᠠᠭᠠᠳᠤᠮ᠂ 《ᠪᠢᠷ ᠤᠨ ᠴᠤᠭᠯᠠᠭᠠᠨ》 ᠳᠤ ᠣᠷᠤᠯᠴᠠᠵᠤ᠂ ᠦᠪᠡᠷ ᠤᠨ ᠪᠦᠳᠦᠭᠡᠯ ᠶᠢᠡᠨ ᠣᠩᠰᠢᠨ ᠣᠯᠠᠨ ᠤ ᠭᠦᠷᠢᠶᠡᠯᠡᠯ ᠢ ᠣᠯᠵᠤ᠂ ᠵᠠᠷᠢᠮ ᠪᠦᠳᠦᠭᠡᠯ ᠨᠢ ᠰᠢᠯᠦᠭ᠌ ᠨᠠᠢ᠌ᠷᠠᠭᠤᠯᠤᠯ ᠤᠨ ᠣᠷᠤᠯᠳᠤᠭᠠᠨ ᠤ ᠰᠢᠯᠢᠳᠡᠭ᠌ ᠱᠠᠩᠨᠠᠯ ᠢ ᠭᠦᠷᠳᠡᠵᠤ᠁ ᠵᠠᠷᠢᠮ ᠪᠦᠳᠦᠭᠡᠯ ᠨᠢ ᠪᠠᠰᠠ ᠰᠢᠯᠦᠭ᠌ ᠤᠨ ᠳᠡᠭᠦᠪᠦᠷᠢ ᠳᠤ ᠳᠡᠭᠦᠪᠦᠷᠢᠯᠡᠭ᠍ᠳᠡᠵᠤ᠂ ᠲᠦᠪ ᠤᠨ ᠪᠠ ᠬᠤᠳᠠ ᠶᠢᠨ ᠷᠠᠳᠢᠤ᠋ ᠨᠡᠪᠳᠡᠷᠡᠭᠦᠯᠭᠡ ᠳᠤ ᠴᠤ ᠣᠳᠠᠭ᠎ᠠ ᠳᠠᠷᠠᠭ᠎ᠠ ᠪᠠᠷ ᠣᠶᠠᠩᠭ᠋ᠠᠯᠠᠭᠳᠠᠨ ᠨᠡᠪᠳᠡᠷᠡᠭᠦᠯᠦᠭ᠍ᠳᠡᠵᠤ ᠥᠩᠭᠡᠷᠡᠭ᠍ᠰᠡᠨ ᠪᠠᠢ᠌ᠨ᠎ᠠ᠃

ᠡᠳᠡᠭᠡᠷ ᠡᠴᠡ ᠪᠢᠳᠠ᠂ ᠡ᠊·ᠮᠡᠷᠭᠡᠨ ᠭᠤᠸᠠᠢ ᠪᠣᠯ ᠨᠢᠭᠡᠨ ᠪᠠᠭᠰᠢ ᠭᠦᠮᠤᠨ ᠰᠠᠢ᠌ᠨ ᠪᠠᠭᠰᠢ᠃ ᠮᠦᠨᠴᠤ ᠢᠷᠠᠭᠤ ᠨᠠᠢ᠌ᠷᠠᠭᠴᠢ ᠭᠦᠮᠤᠨ ᠠᠯᠵᠢᠶᠠᠯ ᠵᠦᠳᠡᠷᠡᠯ ᠢ ᠬᠠᠢ᠌ᠬᠤᠷᠠᠯ ᠦᠭᠡᠶ ᠠᠷᠪᠢᠨ ᠣᠯᠠᠨ ᠰᠢᠯᠦᠭ᠌ ᠨᠠᠢ᠌ᠷᠠᠭ ᠵᠤᠬᠢᠶᠠᠨ ᠳᠤᠭᠤᠷᠪᠢᠭᠰᠠᠨ ᠣᠷᠤᠯᠳᠤᠯᠭ᠎ᠠ ᠲᠡᠶ ᠪᠦᠳᠦᠭᠡᠯ ᠲᠡᠶ ᠭᠦᠮᠤᠨ ᠭᠡᠰᠡᠨ ᠢ ᠭᠦᠢᠴᠡᠳ ᠣᠢ᠌ᠯᠭᠠᠵᠤ ᠪᠣᠯᠬᠤ ᠪᠠᠢ᠌ᠬ᠎ᠠ︕


ᠳᠦᠷᠪᠡ


ᠡ᠊·ᠮᠡᠷᠭᠡᠨ ᠭᠤᠸᠠᠢ ᠶᠢᠨ ᠰᠢᠯᠦᠭ᠌ ᠢ ᠣᠩᠰᠢᠪᠠᠯ᠂ ᠥᠩᠭᠡᠷᠡᠤ ᠳᠠᠢ᠌ᠮᠤ ᠣᠶᠠᠩᠭ᠋ᠠᠯᠠᠵᠤ 《ᠳᠡᠪᠭᠡᠷᠴᠤ》 ᠊᠊᠊᠊᠊᠊᠊᠊᠊᠊᠊᠊᠊᠊᠊ 《ᠣᠷᠤᠰᠤᠭᠤᠯᠵᠤ》 《ᠬᠠᠯᠭᠢᠭᠤᠯᠤᠭᠰᠠᠨ》 ᠭᠠᠵᠠᠷ ᠭᠡᠵᠤ ᠦᠭᠡᠶ᠃ ᠬᠠᠷᠢᠨ ᠣᠬᠠᠭᠠᠯᠢᠭ ᠭᠦᠡᠴᠡ ᠰᠠᠳᠭᠢᠵᠤ᠂ ᠣᠷᠠᠨ ᠶᠢᠡᠷ ᠡᠰᠭᠡᠵᠤ ᠨᠠᠷᠢᠨ ᠶᠢᠡᠷ ᠨᠠᠢ᠌ᠷᠠᠭᠤᠯᠤᠭᠰᠠᠨ ᠵᠣᠢ᠌ᠯᠠᠰ ᠣᠯᠠᠨ ᠬᠠᠷᠠᠭᠳᠠᠨ᠎ᠠ᠃ ᠣᠯᠠᠩᠭᠢ ᠰᠢᠯᠦᠭ᠌ ᠤᠳ ᠨᠢ ᠴᠦᠮ ᠪᠣᠳᠠᠳᠤ ᠣᠷᠴᠢᠨ ᠊᠊᠊᠊᠊᠊᠊᠊᠊᠊᠊᠊᠊᠊᠊ ᠰᠤᠷᠭᠠᠭᠤᠯᠢ ᠰᠤᠷᠳᠠᠯ᠂ ᠭᠡᠷ ᠪᠦᠯᠢ᠂ ᠬᠡᠦᠬᠡᠳ ᠦᠷᠠᠰ᠂ ᠭᠦᠮᠤᠨ ᠨᠡᠢ᠌ᠭᠡᠮ᠂ ᠪᠠᠢ᠌ᠭᠠᠯᠢ ᠣᠷᠴᠢᠨ᠂ ᠰᠤᠶᠤᠯ ᠪᠣᠯᠪᠠᠰᠤᠷᠠᠯ᠂ ᠨᠠᠷᠭᠢᠶᠠᠨ ᠨᠠᠭᠠᠳᠤᠮ᠂ ᠨᠠᠢ᠌ᠵᠠ ᠨᠥᠭᠦᠤᠨ᠁ ᠭᠡᠭᠦ ᠵᠡᠷᠭᠡ ᠠᠭᠤᠯᠭ᠎ᠠ ᠪᠠᠷ ᠰᠡᠳᠦᠪᠯᠡᠭ᠍ᠳᠡᠵᠤ᠂ ᠡᠨᠡᠭᠦ ᠣᠷᠴᠢᠨ ᠊᠊᠊᠊᠊᠊᠊᠊᠊᠊᠊᠊᠊᠊᠊ ᠰᠡᠳᠦᠪᠯᠡᠭ᠍ᠳᠡᠭᠦᠨ ᠶᠢᠡᠷ ᠶᠢᠡᠨ ᠲᠦᠪᠯᠡᠵᠤ᠂ ᠠᠭᠤᠯᠭ᠎ᠠ ᠣᠤᠠᠬ᠎ᠠ ᠪᠠᠨ ᠳᠤᠰᠬᠠᠵᠤ ᠰᠠᠨᠠᠭ᠎ᠠ ᠠᠬᠤᠢ ᠪᠠᠨ ᠪᠣᠰᠬᠠᠭᠰᠠᠨ ᠨᠢ ᠢᠯᠠᠳᠳᠠ ᠳᠤᠳᠤᠷᠬᠠᠢ ᠪᠠᠢ᠌ᠨ᠎ᠠ᠃ ᠡᠨᠡ ᠪᠣᠯ ᠡ᠊·ᠮᠡᠷᠭᠡᠨ ᠭᠤᠸᠠᠢ ᠶᠢᠨ ᠰᠢᠯᠦᠭ᠌ ᠨᠠᠢ᠌ᠷᠠᠭ ᠤᠨ ᠬᠠᠮᠤᠭ ᠤᠨ ᠳᠤᠪᠣᠢ᠌ᠭᠰᠠᠨ ᠣᠠᠴᠠᠯᠢᠭ ᠭᠡᠵᠤ ᠭᠡᠯᠡᠯᠳᠡᠢ᠃ ᠳᠠᠭᠢᠭᠠᠤᠨ᠂ ᠨᠠᠷᠢᠨ ᠰᠢᠭ ᠨᠢᠭᠳᠠᠯᠠᠪᠠᠯ᠂ ᠡ᠊·ᠮᠡᠷᠭᠡᠨ ᠭᠤᠸᠠᠢ ᠶᠢᠨ ᠰᠢᠯᠦᠭ᠌ ᠨᠠᠢ᠌ᠷᠠᠭ ᠡᠴᠡ ᠠᠯᠢ ᠨᠢᠭᠡᠨ ᠰᠢᠯᠦᠭ᠌ ᠢ ᠨᠢ ᠠᠪᠣᠭᠠᠤᠨ ᠣᠩᠰᠢᠭᠰᠠᠨ ᠴᠤ᠂ ᠶᠠᠷᠤ ᠨᠢ ᠥᠭᠦᠯᠡᠵᠤ ᠶᠠᠷᠢᠨ᠎ᠡ ᠭᠡᠰᠡᠨ ᠵᠣᠢ᠌ᠯᠠᠰ ᠳᠤᠳᠤ᠂ ᠥᠵᠡᠭᠦᠯᠵᠤ ᠳᠠᠨᠢᠭᠤᠯᠤᠨ᠎ᠠ ᠭᠡᠰᠡᠨ ᠣᠴᠢᠷ ᠰᠢᠭᠤᠳ ᠥᠭᠡ ᠥᠰᠦᠭ᠌᠂ ᠥᠭᠦᠯᠡᠪᠦᠷᠢ ᠮᠦᠷ᠂ ᠠᠭᠤᠯᠭ᠎ᠠ ᠪᠠᠳᠠᠭ ᠪᠦᠷᠢ ᠳᠤ ᠨᠢ ᠥᠭᠡ ᠶᠢᠨ ᠴᠠᠭᠠᠨ᠎ᠠ ᠥᠭᠡ ᠲᠡᠶ᠂ ᠠᠭᠤᠯᠭ᠎ᠠ ᠶᠢᠨ ᠳᠤᠳᠤᠷ᠎ᠠ ᠠᠭᠤᠯᠭ᠎ᠠ ᠲᠡᠶ᠂ ᠣᠤᠠᠬ᠎ᠠ ᠶᠢᠨ ᠭᠠᠳᠠᠨ᠎ᠠ ᠣᠤᠠᠬ᠎ᠠ ᠲᠡᠶ᠂ ᠣᠬᠠᠭᠠᠨ ᠤ ᠳᠠᠯᠳᠠ ᠣᠬᠠᠭᠠᠨ ᠲᠡᠶ ᠭᠡᠰᠡᠨ ᠳᠦᠷᠦᠭ᠍ᠳᠡᠯ ᠦᠭ‍ᠭᠦᠨ᠎ᠡ᠃ ᠡᠨᠡ ᠪᠣᠯ ᠡ᠊·ᠮᠡᠷᠭᠡᠨ ᠭᠤᠸᠠᠢ ᠶᠢᠨ ᠰᠢᠯᠦᠭ᠌ ᠨᠠᠢ᠌ᠷᠠᠭ ᠤᠨ ᠪᠠᠰᠠ ᠨᠢᠭᠡᠨ ᠳᠤᠪᠣᠢ᠌ᠭᠰᠠᠨ ᠣᠠᠴᠠᠯᠢᠭ ᠭᠡᠵᠤ ᠭᠡᠯᠡᠵᠤ ᠪᠣᠯᠤᠨ᠎ᠠ᠃

ᠡ᠊·ᠮᠡᠷᠭᠡᠨ ᠭᠤᠸᠠᠢ ᠶᠢᠨ ᠰᠢᠯᠦᠭ᠌ ᠨᠠᠢ᠌ᠷᠠᠭ ᠡᠴᠡ ᠪᠢ 《ᠨᠤᠮ ᠳᠠᠭᠠᠨ ᠪᠢ ᠬᠠᠢ᠌ᠷᠠᠳᠠᠢ》᠂ 《ᠪᠢᠴᠢᠭᠡᠳ ᠪᠠᠷᠠᠬᠤ ᠦᠭᠡᠶ ᠰᠢᠯᠦᠭ᠌》᠂ 《ᠰᠢᠯᠦᠭ᠌ ᠤᠨ ᠳᠤᠬᠠᠢ ᠰᠢᠯᠦᠭ᠌》᠂ 《ᠡᠩᠭᠡ ᠶᠢᠨ ᠰᠠᠢ᠌ᠬᠠᠨ ᠳᠠᠭᠤᠯᠠᠯ》᠂ 《ᠠᠯᠠᠭ ᠬᠤᠷᠸ᠎ᠠ ᠶᠢᠨ ᠳᠡᠩᠨᠡᠭᠦᠷ ᠳᠡᠭᠡᠷ᠎ᠡ (1 ᠊᠊᠊᠊᠊᠊᠊᠊᠊᠊᠊᠊᠊᠊᠊ 3)》᠂ 《ᠮᠢᠨᠤ ᠡᠨᠡ ᠳᠠᠪᠢᠨ ᠨᠠᠰᠤ》᠂ 《ᠵᠥᠩᠳᠡᠭᠡᠨ ᠴᠢ ᠮᠢᠨᠢ ᠬᠠᠪᠣᠷ ᠶᠤᠮ》᠂ 《ᠬᠠᠢ᠌ᠯᠠᠰᠤᠨ ᠵᠤᠭ᠎ᠠ ᠶᠢᠨ ᠥᠭᠡ》᠂ 《ᠣᠶᠤᠨ ᠤ ᠦᠷᠤᠪᠳᠠᠰᠤ᠂ ᠨᠡᠢ᠌ᠭᠡᠮ ᠤᠨ ᠵᠣᠢ᠌ᠳᠠᠰᠤ》 ᠭᠡᠭᠦ ᠵᠡᠷᠭᠡ ᠰᠢᠯᠦᠭ᠌ ᠤᠳ ᠢ ᠨᠢ ᠣᠠᠴᠠᠯᠠᠨ ᠳᠤᠭᠤᠯ᠎ᠠ᠃ ᠡᠳᠡᠭᠡᠷ ᠰᠢᠯᠦᠭ᠌ ᠢ ᠣᠩᠰᠢᠬᠤ ᠳᠤ᠂ ᠶᠠᠷᠤ ᠨᠢ ᠢᠳᠡᠯᠢᠭ᠌ ᠳᠤᠷᠪᠢᠯᠢᠭ ᠰᠠᠳᠭᠢᠮᠵᠢ ᠲᠡᠶ᠂ ᠢᠯᠠᠨ ᠳᠠᠯᠠᠨ ᠦᠭᠡᠶ ᠰᠤᠷᠭᠠᠯ ᠬᠠᠢ᠌ᠷᠠᠯᠠᠯ ᠲᠡᠶ ᠶᠡᠭᠡ ᠶᠢ ᠪᠣᠳᠤᠵᠤ ᠡᠯᠳᠡᠪ ᠢ ᠰᠡᠳᠦᠭᠦ ᠳᠤ ᠢᠳᠠ ᠭᠦᠴᠤ᠂ ᠳᠠᠮᠢᠷ ᠵᠢᠯᠭ᠎ᠠ ᠨᠠᠮᠠᠵᠤ᠁ ᠢᠷᠡᠭᠡᠳᠦᠢ ᠳᠤ ᠨᠢᠭᠡ ᠶᠠᠭᠤ ᠭᠢᠭᠦ᠂ ᠶᠠᠭᠤ ᠨᠢᠭᠡ ᠪᠦᠳᠦᠭᠡᠭᠦ ᠳᠤ ᠮᠢᠨᠢ ᠨᠢᠭᠡᠨ ᠶᠤᠰᠤᠨ ᠤ ᠰᠡᠩᠭᠡᠷᠡᠭᠦᠯᠦᠯ ᠰᠡᠭᠡᠭᠡᠷᠡᠭᠦᠯᠦᠯ ᠪᠣᠯᠬᠤ ᠵᠣᠢ᠌ᠯᠠᠰ ᠪᠠᠢ᠌ᠨ᠎ᠠ ᠭᠡᠰᠡᠨ ᠰᠡᠳᠭᠢᠭ᠍ᠳᠡᠯ ᠳᠦᠷᠦᠭ᠍ᠳᠡᠯ ᠣᠯᠭᠤᠨ᠎ᠠ᠁ ᠢᠷᠠᠭᠤ ᠨᠠᠢ᠌ᠷᠠᠭ ᠤᠨ ᠷᠢᠳᠢ ᠰᠢᠳᠢ᠂ ᠢᠮᠠᠭᠳᠠ ᠶᠢᠨ ᠢᠳᠠᠭᠡᠭᠦᠯᠵᠤ ᠨᠥᠯᠦᠭᠡᠯᠡᠭᠦ ᠭᠦᠴᠤᠨ ᠴᠢᠳᠠᠯ ᠭᠡᠭ᠍ᠴᠢ ᠡᠨᠡ ᠯᠠ ᠪᠠᠢ᠌ᠬ᠎ᠠ︕ ᠁

ᠡ᠊·ᠮᠡᠷᠭᠡᠨ ᠭᠤᠸᠠᠢ ᠰᠢᠭ ᠰᠢᠯᠢᠳᠡᠭ᠌ ᠪᠠᠭᠰᠢ᠂ ᠰᠠᠢ᠌ᠨ ᠰᠢᠯᠦᠭ᠍ᠴᠢ ᠮᠠᠨ ᠤ ᠮᠤᠩᠭ᠋ᠤᠯ ᠣᠷᠤᠨ ᠳᠤ᠂ ᠮᠤᠩᠭ᠋ᠤᠯ ᠳᠤᠭᠤᠷᠭᠠᠳᠠᠨ ᠳᠤ ᠢᠯᠡᠭᠦᠤ ᠭᠡᠳᠤ ᠪᠠᠢ᠌ᠬᠤ ᠪᠠᠢ᠌ᠭᠠᠰᠠᠢ ᠭᠡᠵᠤ ᠢᠷᠦᠭᠡᠭᠡᠳ᠂ ᠵᠤᠬᠢᠶᠠᠯ ᠶᠢᠡᠨ ᠳᠡᠭᠦᠰᠭᠡᠶ᠎ᠡ︕

ᠮᠤᠩᠭ᠋ᠤᠯ ᠭᠦᠮᠤᠨ᠂ ᠮᠤᠩᠭ᠋ᠤᠯ ᠥᠭᠡ ᠭᠡᠯᠡ ᠥᠰᠦᠭ᠌ ᠪᠢᠴᠢᠭ᠌ ᠶᠢᠡᠨ ᠭᠡᠯᠡᠵᠤ ᠭᠡᠷᠡᠭᠯᠡᠵᠤ᠂ ᠮᠤᠩᠭ᠋ᠤᠯ ᠰᠤᠶᠤᠯ ᠶᠢᠡᠨ ᠭᠢᠮᠭᠠᠳᠠᠨ ᠬᠠᠳᠠᠭᠠᠯᠠᠵᠤ ᠪᠠᠢ᠌ᠭᠰᠠᠨ ᠴᠠᠭ ᠲᠤ᠂ ᠮᠤᠩᠭ᠋ᠤᠯᠴᠤᠳ ᠪᠢᠳᠠ ᠭᠡᠨ ᠡᠴᠡ ᠴᠤ ᠳᠤᠤᠷ᠎ᠠ ᠪᠣᠯᠬᠤ ᠭᠡᠰᠡᠨ ᠣᠴᠢᠷ ᠦᠭᠡᠶ ᠶᠤᠮ ᠡ︕ ᠁


2010.06.27 ᠳᠤ᠂ ᠬᠦᠬᠡᠬᠤᠲᠠᠨ᠎ᠡ᠃


ᠵᠤᠬᠢᠶᠠᠭᠴᠢ ᠶᠢᠨ ᠬᠠᠶ‍ᠢᠭ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 2793
ᠴᠠᠭ᠄ 2010 ᠤᠨ ᠤ 06 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁