ᠴᠢᠩᠭᠢᠰ ᠬᠠᠭᠠᠨ ᠤ ᠳᠦᠷᠪᠡᠨ ᠬᠦᠯᠦᠭ ᠪᠠ ᠳᠦᠷᠪᠡᠨ ᠨᠤᠬᠠᠢ

ᠪᠣᠭᠤᠷᠴᠤ

ᠪᠣᠭᠤᠷᠴᠤ ᠪᠣᠯ ᠴᠢᠩᠭᠢᠰ ᠬᠠᠭᠠᠨ ᠤ ᠳᠦᠷᠪᠡᠨ ᠭᠦᠯᠦᠭ᠌ ᠤᠨ ᠨᠢᠭᠡ ᠨᠢ ᠪᠣᠯᠤᠨ᠎ᠠ᠃ ᠠᠮᠢᠳᠤᠷᠠᠵᠤ ᠪᠠᠢ᠌ᠭᠰᠠᠨ ᠣᠨ ᠵᠢᠯ ᠤᠨ ᠳᠤᠬᠠᠢ ᠳᠤᠳᠤᠷᠬᠠᠢ ᠳᠡᠮᠳᠡᠭᠯᠡᠯ ᠦᠭᠡᠶ᠃ ᠠᠷᠤᠯᠠᠤᠨ ᠣᠪᠣᠭᠳᠤ ᠨᠠᠬᠤ ᠪᠠᠶᠠᠨ ᠤ ᠭᠦᠪᠠᠭᠦᠨ᠃ ᠴᠢᠩᠭᠢᠰ ᠬᠠᠭᠠᠨ ᠲᠡᠶ ᠬᠠᠮᠳᠤ ᠶᠢᠨ ᠣᠭᠰᠠᠭᠠᠨ ᠳᠤ ᠪᠠᠭᠳᠠᠵᠤ᠂ ᠬᠠᠢ᠌ᠳᠤ ᠶᠢᠨ ᠬᠣᠢ᠌ᠴᠢᠰ ᠪᠣᠯᠤᠨ᠎ᠠ᠃ ᠳᠠᠮᠤᠵᠢᠨ ᠳᠡᠭᠡᠷᠡᠮ ᠳᠤ ᠪᠣᠯᠢᠶᠠᠭᠳᠠᠭᠰᠠᠨ ᠨᠢ᠋ᠮᠠᠨ ᠰᠢᠷᠭ᠎ᠠ ᠠᠭᠳᠠ ᠪᠠᠨ ᠨᠡᠭᠡᠵᠤ ᠪᠠᠢ᠌ᠭᠠᠤᠨ ᠪᠣᠭᠤᠷᠴᠤ ᠲᠡᠶ ᠳᠠᠨᠢᠯᠴᠠᠵᠤ᠂ ᠳᠡᠭᠦᠨ ᠤ ᠬᠠᠪᠰᠤᠷᠤᠯᠭ᠎ᠠ ᠪᠠᠷ ᠨᠢ᠋ᠮᠠᠨ ᠰᠢᠷᠭ᠎ᠠ ᠪᠠᠨ ᠪᠣᠯᠢᠶᠠᠨ ᠠᠪᠴᠢᠷᠠᠵᠠᠢ᠃ ᠬᠠᠮᠤᠭ ᠡᠷᠳᠡ ᠴᠢᠩᠭᠢᠰ ᠬᠠᠭᠠᠨ ᠤ ᠨᠥᠭᠦᠷ ᠪᠣᠯᠵᠤ᠂ ᠮᠤᠩᠭ᠋ᠤᠯ ᠤᠨ ᠥᠡᠳᠦᠷᠯᠢᠭ᠌ ᠳ᠋ᠠᠭᠢ ᠣᠯᠠᠨ ᠠᠢ᠌ᠮᠠᠭ ᠣᠪᠣᠭᠳᠠᠨ ᠢ ᠨᠢᠭᠡᠳᠭᠡᠭᠦ ᠣᠢ᠌ᠯᠠᠰ ᠲᠤ ᠭᠦᠴᠤᠨ ᠵᠢᠦᠡᠭᠦᠵᠤ ᠶᠠᠪᠣᠵᠠᠢ᠃ 1206 ᠣᠨ ᠳᠤ ᠶᠡᠭᠡ ᠮᠤᠩᠭ᠋ᠤᠯ ᠣᠯᠤᠰ ᠤᠨ ᠬᠠᠭᠠᠠᠳᠤ ᠲᠦᠷᠦ ᠪᠠᠨ ᠳᠤᠩᠬᠠᠭᠯᠠᠬᠤ ᠬᠤᠷᠠᠯᠳᠠᠢ ᠳᠡᠭᠡᠷ᠎ᠡ ᠪᠣᠭᠤᠷᠴᠤ ᠶᠢ ᠪᠠᠷᠠᠭᠤᠨ ᠭᠠᠷ ᠤᠨ ᠲᠦᠮᠡᠨ ᠤ ᠨᠤᠶᠠᠨ ᠶᠢᠡᠷ ᠡᠷᠭᠦᠮᠵᠢᠯᠡᠵᠡᠢ᠃ 1226 ᠣᠨ ᠳᠤ ᠴᠢᠩᠭᠢᠰ ᠬᠠᠭᠠᠨ ᠢ ᠳᠠᠭᠠᠵᠤ ᠳᠠᠩᠭ᠋ᠤᠳ ᠢ ᠳᠠᠢ᠌ᠯᠠᠷ᠎ᠠ ᠮᠤᠷᠳᠠᠵᠤ᠂ ᠣᠳᠠᠯ ᠦᠭᠡᠶ ᠡᠪᠠᠦᠡᠴᠢᠨ ᠶᠢᠡᠷ ᠨᠠᠰᠤ ᠪᠠᠷᠠᠭᠰᠠᠨ ᠭᠡᠳᠡᠭ᠌᠃

ᠮᠤᠬᠤᠯᠠᠢ

ᠮᠤᠬᠤᠯᠠᠢ (1170 ᠊᠊᠊᠊᠊᠊᠊᠊᠊᠊᠊᠊᠊᠊᠊ 1223) ᠪᠣᠯ ᠴᠢᠩᠭᠢᠰ ᠬᠠᠭᠠᠨ ᠤ ᠳᠦᠷᠪᠡᠨ ᠭᠦᠯᠦᠭ᠌ ᠤᠨ ᠨᠢᠭᠡ ᠨᠢ ᠪᠣᠯᠤᠨ᠎ᠠ᠃ ᠶᠡᠭᠡ ᠮᠤᠩᠭ᠋ᠤᠯ ᠣᠯᠤᠰ ᠢ ᠪᠠᠢ᠌ᠭᠤᠯᠤᠭᠰᠠᠨ ᠭᠠᠪᠢᠶᠠᠳᠤ ᠲᠦᠰᠢᠮᠠᠯ ᠮᠦᠨ᠃ ᠵᠠᠯᠠᠢ᠌ᠷ ᠣᠪᠣᠭ ᠤᠨ ᠭᠦᠮᠤᠨ᠂ ᠡᠴᠢᠭᠡ ᠨᠢ ᠭᠦᠨ ᠭᠤᠸ᠎ᠠ ᠭᠡᠳᠡᠭ᠌᠃ ᠠᠩᠬᠠᠨ ᠳᠠᠭᠠᠨ ᠣᠨᠤᠨ ᠮᠦᠷᠠᠨ ᠤ ᠵᠡᠭᠦᠨ ᠬᠠᠪᠢ ᠪᠠᠷ ᠰᠠᠭᠤᠷᠢᠰᠢᠵᠤ ᠪᠠᠢ᠌ᠵᠠᠢ᠃ ᠳᠠᠷᠠ ᠡᠴᠢᠭᠡ ᠪᠠᠨ ᠳᠠᠭᠠᠭᠠᠵᠤ ᠴᠢᠩᠭᠢᠰ ᠬᠠᠭᠠᠨ ᠳᠤ ᠣᠢ᠌ᠯᠠᠴᠢᠯᠠᠵᠤ᠂ ᠮᠤᠩᠭ᠋ᠤᠯ ᠢ ᠨᠢᠭᠡᠳᠭᠡᠭᠦ ᠶᠡᠭᠡ ᠣᠢ᠌ᠯᠠᠰ ᠢ ᠪᠠᠶᠡᠯᠡᠭᠦᠯᠭᠦ ᠶᠢᠨ ᠳᠦᠯᠦᠭᠡ ᠦᠨᠡᠠᠴᠢ ᠰᠢᠳᠤᠷᠭᠤ ᠪᠠᠷ ᠵᠢᠦᠡᠭᠦᠵᠡᠢ᠃ ᠮᠤᠩᠭ᠋ᠤᠯ ᠤᠨ ᠥᠡᠳᠦᠷᠯᠢᠭ᠌ ᠳ᠋ᠠᠭᠢ ᠮᠡᠷᠭᠢᠳ᠂ ᠭᠡᠷᠡᠢ᠌ᠤᠨ᠂ ᠳᠠᠢ᠌ᠴᠢᠭᠤᠳ᠂ ᠨᠢ᠋ᠮᠠᠨ ᠢ ᠳᠦᠪᠰᠢᠦᠡᠭᠡᠨ ᠳᠠᠭᠠᠭᠠᠭᠤᠯᠬᠤ ᠳᠠᠢ᠌ᠨ ᠳᠤ ᠣᠷᠤᠯᠴᠠᠵᠤ᠂ ᠣᠯᠠᠨ ᠣᠳᠠᠭ᠎ᠠ ᠭᠠᠪᠢᠶ᠎ᠠ ᠪᠠᠢ᠌ᠭᠤᠯᠵᠠᠢ᠃ 1206 ᠣᠨ ᠳᠤ ᠬᠠᠭᠠᠠᠳᠤ ᠮᠤᠩᠭ᠋ᠤᠯ ᠣᠯᠤᠰ ᠢ ᠪᠠᠢ᠌ᠭᠤᠯᠤᠭᠰᠠᠨ ᠶᠡᠭᠡ ᠬᠤᠷᠠᠯᠳᠠᠢ ᠳᠡᠭᠡᠷ᠎ᠡ ᠴᠢᠩᠭᠢᠰ ᠬᠠᠭᠠᠨ ᠳᠡᠭᠦᠨ ᠤ ᠨᠠᠷ᠎ᠠ ᠶᠢ ᠬᠠᠮᠤᠭ ᠳᠡᠷᠢᠭᠦᠨ ᠳᠤ ᠳᠤᠷᠠᠤᠠᠴᠤ᠂ ᠵᠡᠭᠦᠨ ᠭᠠᠷ ᠤᠨ ᠲᠦᠮᠡᠨ ᠤ ᠨᠤᠶᠠᠨ ᠪᠣᠯᠭᠠᠵᠠᠢ᠃ 1217 ᠣᠨ ᠳᠤ ᠴᠢᠩᠭᠢᠰ ᠬᠠᠭᠠᠨ ᠡᠴᠡ ᠮᠤᠬᠤᠯᠠᠢ ᠶᠢ ᠭᠦᠸᠧ ᠸᠠᠩ ᠡᠷᠭᠦᠮᠵᠢᠯᠡᠵᠡᠢ᠃ 1223 ᠣᠨ ᠤ ᠭᠤᠷᠪᠠᠳᠤᠭᠠᠷ ᠰᠠᠷ᠎ᠠ ᠳᠤ᠂ ᠳᠠᠪᠢᠨ ᠳᠦᠷᠪᠡᠨ ᠨᠠᠰᠤᠳᠠᠢ ᠡᠪᠠᠦᠡᠴᠢᠨ ᠶᠢᠡᠷ ᠨᠠᠰᠤ ᠨᠥᠭ᠍ᠴᠢᠪᠡ᠃

ᠪᠣᠷᠤᠬᠤᠯ

ᠪᠣᠷᠤᠬᠤᠯ (︖ ᠊᠊᠊᠊᠊᠊᠊᠊᠊᠊᠊᠊᠊᠊᠊ 1217) ᠪᠣᠯ ᠴᠢᠩᠭᠢᠰ ᠬᠠᠭᠠᠨ ᠤ ᠳᠦᠷᠪᠡᠨ ᠭᠦᠯᠦᠭ᠌ ᠤᠨ ᠨᠢᠭᠡ ᠨᠢ ᠪᠣᠯᠤᠨ᠎ᠠ᠃ ᠳᠦᠷᠦᠭ᠍ᠰᠡᠨ ᠣᠨ ᠵᠢᠯ ᠨᠢ ᠳᠤᠳᠤᠷᠬᠠᠢ ᠦᠭᠡᠶ᠃ ᠵᠦᠷᠭᠢᠨ ᠠᠢ᠌ᠮᠠᠭ ᠤᠨ ᠭᠦᠮᠤᠨ᠃ 1197 ᠣᠨ ᠳᠤ ᠵᠦᠷᠭᠢᠨ ᠠᠢ᠌ᠮᠠᠭ ᠢᠯᠠᠭᠳᠠᠭᠰᠠᠨ ᠤ ᠰᠡᠭᠦᠯᠡᠷ᠂ ᠥᠭᠡᠯᠤᠨ ᠡᠭᠡ ᠦᠷᠠᠴᠢᠯᠠᠨ ᠳᠡᠵᠢᠭᠡᠵᠡᠢ᠃ ᠬᠠᠷᠠᠬᠠᠨ ᠪᠠᠭ᠎ᠠ ᠡᠴᠡ ᠴᠢᠩᠭᠢᠰ ᠬᠠᠭᠠᠨ ᠤ ᠨᠥᠭᠦᠷ ᠪᠣᠯᠵᠤ᠂ ᠮᠤᠩᠭ᠋ᠤᠯ ᠢ ᠨᠢᠭᠡᠳᠭᠡᠭᠦ ᠶᠡᠭᠡ ᠣᠢ᠌ᠯᠠᠰ ᠲᠤ ᠵᠢᠦᠡᠭᠦᠵᠡᠢ᠃ 1203 ᠣᠨ ᠳᠤ ᠪᠣᠯᠤᠭᠰᠠᠨ ᠴᠢᠩᠭᠢᠰ ᠬᠠᠭᠠᠨ ᠪᠣᠯᠤᠨ ᠭᠡᠷᠡᠢ᠌ᠤᠨ ᠤᠨ ᠸᠠᠩ ᠬᠠᠨ ᠲᠤᠭᠤᠷᠢᠯ ᠤᠨ ᠬᠤᠭᠤᠷᠤᠠᠳᠤᠭᠢ ᠬᠠᠯᠠ ᠬᠠᠯᠵᠢᠳ ᠤᠨ ᠳᠠᠢ᠌ᠨ ᠳᠤ ᠥᠭᠡᠳᠡᠢ ᠭᠦᠡᠳᠤ ᠰᠢᠷᠬᠠᠳᠤᠵᠤ᠂ ᠪᠣᠷᠤᠬᠤᠯ ᠠᠮᠢ ᠶᠢ ᠨᠢ ᠠᠪᠣᠷᠠᠭᠰᠠᠨ ᠪᠠᠢ᠌ᠨ᠎ᠠ᠃ 1206 ᠣᠨ ᠳᠤ ᠴᠢᠩᠭᠢᠰ ᠬᠠᠭᠠᠨ ᠭᠠᠪᠢᠶᠠᠳᠤ ᠰᠠᠢ᠌ᠳ ᠶᠢᠡᠷ ᠱᠠᠩᠨᠠᠵᠤ᠂ ᠮᠢᠩᠭ᠋ᠠᠨ ᠤ ᠨᠤᠶᠠᠨ ᠪᠣᠯᠭᠠᠵᠤ᠂ ᠪᠠᠷᠠᠭᠤᠨ ᠭᠠᠷ ᠤᠨ ᠳᠠᠳ᠋ ᠶᠡᠷᠦᠩᠭᠡᠢ ᠵᠠᠭᠢᠷᠤᠭᠴᠢ ᠪᠣᠯᠭᠠᠪᠠ᠃ 1217 ᠣᠨ ᠳᠤ ᠪᠣᠷᠤᠬᠤᠯ ᠴᠢᠩᠭᠢᠰ ᠬᠠᠭᠠᠨ ᠤ ᠵᠠᠷᠯᠢᠭ ᠶᠢᠡᠷ ᠬᠤᠷᠢ ᠲᠦᠮᠡᠤᠨ ᠤᠨ ᠪᠣᠰᠤᠯᠭ᠎ᠠ ᠶᠢ ᠳᠠᠷᠤᠩᠭ᠋ᠣᠢ᠌ᠯᠠᠬᠤ ᠪᠠᠷ ᠮᠤᠷᠳᠠᠭᠠᠤᠨ᠂ ᠪᠦᠭ‍ᠬᠦᠯᠳᠡ ᠳᠤ ᠣᠴᠠᠷᠠᠵᠤ ᠨᠠᠰᠤ ᠨᠥᠭ᠍ᠴᠢᠪᠡ᠃

ᠴᠢᠯᠠᠭᠤᠨ

ᠴᠢᠯᠠᠭᠤᠨ ᠪᠣᠯ ᠴᠢᠩᠭᠢᠰ ᠬᠠᠭᠠᠨ ᠤ ᠳᠦᠷᠪᠡᠨ ᠭᠦᠯᠦᠭ᠌ ᠤᠨ ᠨᠢᠭᠡ ᠨᠢ ᠪᠣᠯᠤᠨ᠎ᠠ᠃ ᠠᠮᠢᠳᠤᠷᠠᠵᠤ ᠪᠠᠢ᠌ᠭᠰᠠᠨ ᠣᠨ ᠵᠢᠯ ᠤᠨ ᠳᠤᠬᠠᠢ ᠳᠤᠳᠤᠷᠬᠠᠢ ᠳᠡᠮᠳᠡᠭᠯᠡᠯ ᠦᠭᠡᠶ᠃ ᠳᠠᠢ᠌ᠴᠢᠭᠤᠳ ᠠᠢ᠌ᠮᠠᠭ ᠤᠨ ᠰᠦᠯᠳᠤᠰᠤᠨ ᠣᠪᠣᠭ ᠤᠨ ᠰᠤᠷᠬᠠᠨ ᠰᠢᠷ᠎ᠠ ᠶᠢᠨ ᠭᠦᠪᠠᠭᠦᠨ᠃ ᠡᠷᠡᠯᠭᠡᠭ᠌ ᠪᠠᠭᠠᠳᠤᠷᠯᠢᠭ ᠭᠠᠷᠮᠠᠭᠠᠢ ᠪᠠᠢ᠌ᠯᠳᠤᠭᠴᠢ ᠴᠤᠯᠠ ᠲᠡᠶ᠃ 1177 ᠣᠨ ᠳᠤ ᠳᠠᠮᠤᠵᠢᠨ ᠳᠠᠢ᠌ᠴᠢᠭᠤᠳ ᠠᠢ᠌ᠮᠠᠭ ᠲᠤ ᠪᠠᠷᠢᠭᠳᠠᠵᠤ᠂ ᠠᠮᠢ ᠨᠠᠰᠤᠨ ᠳ᠋ᠤᠨᠢ ᠠᠶᠤᠯ ᠣᠴᠠᠷᠠᠭᠰᠠᠨ ᠵᠠᠩᠭᠢᠯᠠᠭ᠎ᠠ ᠶᠢᠨ ᠦᠶ᠎ᠡ ᠳᠤ᠂ ᠴᠢᠯᠠᠭᠤᠨ ᠡᠴᠢᠭᠡ ᠰᠤᠷᠬᠠᠨ ᠰᠢᠷ᠎ᠠ᠂ ᠠᠬ᠎ᠠ ᠴᠢᠮᠪᠠᠢ ᠲᠡᠶ ᠪᠠᠨ ᠳᠠᠮᠤᠵᠢᠨ ᠢ ᠭᠡᠷ ᠲᠡᠭᠡᠨ ᠨᠢᠭᠤᠨ ᠳᠠᠯᠳᠠᠯᠠᠵᠤ ᠠᠮᠢ ᠶᠢ ᠨᠢ ᠠᠪᠣᠷᠠᠵᠠᠢ᠃ ᠰᠡᠭᠦᠯᠡᠷ ᠴᠢᠯᠠᠭᠤᠨ ᠡᠴᠢᠭᠡ ᠪᠣᠯᠤᠨ ᠠᠬ᠎ᠠ ᠲᠡᠶ ᠪᠠᠨ ᠴᠢᠩᠭᠢᠰ ᠬᠠᠭᠠᠨ ᠳᠤ ᠨᠠᠢ᠌ᠯᠠᠵᠤ᠂ ᠪᠣᠭᠤᠷᠴᠤ ᠨᠡᠷ ᠲᠡᠶ ᠬᠠᠮᠳᠤ ᠨᠢ᠋ᠮᠠᠨ ᠠᠢ᠌ᠮᠠᠭ ᠢ ᠴᠤᠭᠢᠵᠤ ᠢᠯᠠᠭᠰᠠᠨ ᠪᠠᠢ᠌ᠨ᠎ᠠ᠃ 1206 ᠣᠨ ᠳᠤ ᠬᠠᠭᠠᠠᠳᠤ ᠮᠤᠩᠭ᠋ᠤᠯ ᠣᠯᠤᠰ ᠢ ᠪᠠᠢ᠌ᠭᠤᠯᠤᠭᠠᠤᠨ ᠴᠢᠩᠭᠢᠰ ᠬᠠᠭᠠᠨ ᠡᠴᠡ ᠴᠢᠯᠠᠭᠤᠨ ᠢ ᠡᠴᠢᠭᠡ ᠰᠤᠷᠬᠠᠨ ᠰᠢᠷ᠎ᠠ ᠲᠡᠶ ᠨᠢ ᠬᠠᠮᠳᠤ ᠨᠢᠭᠡ ᠮᠢᠩᠭ᠋ᠡᠨ ᠢ ᠵᠠᠭᠢᠷᠤᠭᠤᠯᠵᠠᠢ᠃ ᠪᠠᠰᠠ ᠣᠷᠤᠭ ᠤᠨ ᠣᠷᠤᠭ ᠭᠦᠷᠳᠡᠯ᠎ᠡ ᠭᠡᠰᠢᠭ᠍ᠳᠡᠨ ᠨᠤᠶᠠᠨ ᠶᠢᠡᠷ ᠳᠤᠮᠢᠯᠠᠭᠳᠠᠵᠠᠢ᠃ ᠮᠦᠨ ᠪᠠᠰᠠ ᠦᠶ᠎ᠡ ᠶᠢᠨ ᠦᠶ᠎ᠡ 《ᠳᠠᠷᠬᠠᠨ》 ᠴᠤᠯᠠ ᠵᠠᠯᠭᠠᠮᠵᠢᠯᠠᠭᠤᠯᠬᠤ ᠪᠠᠷ ᠪᠣᠯᠵᠠᠢ᠃ ᠳᠠᠳᠠᠨ ᠤ ᠡᠵᠡᠮᠰᠢᠯ ᠨᠤᠳᠤᠭ ᠨᠢ ᠰᠡᠯᠡᠩᠭᠡ ᠮᠦᠷᠠᠨ ᠤ ᠣᠢ᠌ᠷ᠎ᠠ ᠬᠠᠪᠢ ᠶᠢᠨ ᠨᠤᠳᠤᠭ ᠪᠠᠯᠴᠢᠭᠡᠷ ᠪᠣᠯᠤᠨ᠎ᠠ᠃

ᠵᠠᠯᠮ᠎ᠠ

ᠵᠠᠯᠮ᠎ᠠ ᠪᠣᠯ ᠴᠢᠩᠭᠢᠰ ᠬᠠᠭᠠᠨ ᠤ ᠳᠦᠷᠪᠡᠨ ᠨᠤᠬᠠᠢ ᠶᠢᠨ ᠨᠢᠭᠡ ᠨᠢ ᠪᠣᠯᠤᠨ᠎ᠠ᠃ ᠠᠮᠢᠳᠤᠷᠠᠵᠤ ᠪᠠᠢ᠌ᠭᠰᠠᠨ ᠣᠨ ᠵᠢᠯ ᠤᠨ ᠳᠤᠬᠠᠢ ᠳᠤᠳᠤᠷᠬᠠᠢ ᠳᠡᠮᠳᠡᠭᠯᠡᠯ ᠦᠭᠡᠶ᠃ ᠣᠷᠢᠶᠠᠩᠬᠠᠢ ᠣᠪᠣᠭ ᠤᠨ ᠵᠠᠷᠴᠢᠭᠤᠳᠠᠢ ᠡᠪᠦᠭᠡᠨ ᠤ ᠭᠦᠪᠠᠭᠦᠨ᠃ ᠪᠣᠷᠬᠠᠨ ᠠᠭᠤᠯᠠ ᠶᠢᠨ ᠣᠷᠴᠢᠨ ᠨᠤᠳᠤᠭᠯᠠᠵᠤ᠂ ᠮᠤᠩᠭ᠋ᠤᠯ ᠠᠢ᠌ᠮᠠᠭ ᠲᠡᠶ ᠭᠦᠷᠰᠢ ᠵᠡᠷᠭᠡᠯᠡᠳᠡᠭᠡ ᠪᠠᠢ᠌ᠵᠠᠢ᠃ ᠬᠠᠷᠠᠬᠠᠨ ᠪᠠᠭ᠎ᠠ ᠡᠴᠡ ᠪᠠᠨ ᠴᠢᠩᠭᠢᠰ ᠬᠠᠭᠠᠨ ᠳᠤ ᠥᠢᠯᠡᠴᠢᠯᠡᠭ᠍ᠰᠡᠨ ᠠᠩᠬᠠᠨ ᠤ ᠨᠢᠭᠡ ᠦᠨᠡᠠᠴᠢ ᠰᠢᠳᠤᠷᠭᠤ ᠠᠠᠳᠠ ᠨᠢ ᠮᠦᠨ᠃ 1202 ᠣᠨ ᠳᠤ ᠳᠠᠢ᠌ᠴᠢᠭᠤᠳ ᠲᠡᠶ ᠪᠠᠢ᠌ᠯᠳᠤᠭᠰᠠᠨ ᠪᠠᠢ᠌ᠯᠳᠤᠭᠠᠨ ᠳᠤ ᠴᠢᠩᠭᠢᠰ ᠬᠠᠭᠠᠨ ᠤ ᠭᠦᠵᠦᠭᠦᠤ ᠨᠢ ᠵᠡᠷᠯᠢᠭ᠌ ᠰᠤᠮᠤᠨ ᠳᠤ ᠣᠨᠤᠭᠳᠠᠵᠤ ᠴᠢᠰᠤ ᠶᠡᠭᠡ ᠣᠷᠤᠰᠴᠤ ᠭᠦᠡᠳᠤ ᠰᠢᠷᠬᠠᠳᠤᠭᠰᠠᠨ ᠦᠶ᠎ᠡ ᠳᠤ ᠠᠮᠢ ᠪᠠᠶ᠎ᠠ ᠪᠠᠨ ᠬᠠᠢ᠌ᠬᠤᠷᠤᠯ ᠦᠭᠡᠶ ᠪᠠᠷ ᠬᠠᠭᠠᠨ ᠡᠵᠡᠨ ᠢ ᠠᠪᠣᠷᠠᠭᠰᠠᠨ ᠪᠠᠢ᠌ᠨ᠎ᠠ᠃

ᠵᠠᠪᠠ

ᠵᠠᠪᠠ (︖ ᠊᠊᠊᠊᠊᠊᠊᠊᠊᠊᠊᠊᠊᠊᠊ 1224) ᠪᠣᠯ ᠴᠢᠩᠭᠢᠰ ᠬᠠᠭᠠᠨ ᠤ ᠳᠦᠷᠪᠡᠨ ᠨᠤᠬᠠᠢ ᠶᠢᠨ ᠨᠢᠭᠡ ᠨᠢ ᠪᠣᠯᠤᠨ᠎ᠠ᠃ ᠨᠢᠷᠤᠭᠤᠨ ᠮᠤᠩᠭ᠋ᠤᠯ ᠤᠨ ᠪᠠᠰᠤᠳ ᠣᠪᠣᠭᠳᠠᠨ᠂ ᠣᠤᠯ ᠨᠠᠷ᠎ᠠ ᠨᠢ ᠵᠢᠷᠭᠤᠭᠠᠠᠳᠠᠢ ᠭᠡᠳᠡᠭ᠌᠃ ᠣᠤᠯ ᠨᠢ ᠳᠠᠢ᠌ᠴᠢᠭᠤᠳ ᠠᠢ᠌ᠮᠠᠭ ᠲᠤ ᠬᠠᠷᠢᠶᠠᠯᠠᠭᠳᠠᠵᠤ᠂ 1201 ᠣᠨ ᠳᠤ ᠪᠣᠯᠤᠭᠰᠠᠨ 《ᠭᠦᠢᠳᠡᠨ ᠤ ᠪᠠᠢ᠌ᠯᠳᠤᠭᠠᠨ》 ᠳᠤ ᠴᠢᠩᠭᠢᠰ ᠬᠠᠭᠠᠨ ᠢ ᠬᠠᠷᠪᠣᠵᠤ ᠰᠢᠷᠬᠠᠳᠤᠭᠤᠯᠤᠭᠰᠠᠨ ᠤ ᠳᠠᠷᠠᠭ᠎ᠠ ᠴᠢᠩᠭᠢᠰ ᠬᠠᠭᠠᠨ ᠳᠤ ᠨᠠᠢ᠌ᠯᠠᠵᠠᠢ᠃ ᠳᠠᠷᠠ ᠴᠢᠩᠭᠢᠰ ᠬᠠᠭᠠᠨ ᠢ ᠬᠠᠷᠪᠣᠵᠤ ᠰᠢᠷᠬᠠᠳᠤᠭᠤᠯᠤᠭᠰᠠᠨ ᠶᠢᠡᠨ ᠨᠢᠭᠤᠯᠳᠠ ᠦᠭᠡᠶ ᠭᠡᠯᠡᠭ᠍ᠰᠡᠨ ᠣᠴᠢᠷ ᠳᠡᠭᠦᠨ ᠤ ᠢᠳᠡᠭᠡᠯ ᠭᠦᠡᠳᠤ ᠶᠢ ᠣᠯᠵᠤ᠂ ᠬᠠᠭᠠᠨ ᠡᠵᠡᠨ ᠡᠴᠡ ᠳᠡᠭᠦᠨ ᠤ ᠨᠠᠷ᠎ᠠ ᠶᠢ ᠬᠠᠯᠠᠵᠤ 《ᠵᠠᠪᠠ》 ᠭᠡᠭᠦ ᠨᠠᠷ᠎ᠠ ᠬᠠᠢ᠌ᠷᠠᠯᠠᠵᠠᠢ᠃ ᠵᠠᠪᠠ ᠡᠭᠦᠨ ᠡᠴᠡ ᠡᠭᠢᠯᠡᠨ ᠴᠢᠩᠭᠢᠰ ᠬᠠᠭᠠᠨ ᠳᠤ ᠣᠢ᠌ᠯᠠᠴᠢᠯᠠᠵᠤ᠂ 1206 ᠣᠨ ᠳᠤ ᠮᠢᠩᠭ᠋ᠠᠨ ᠤ ᠨᠤᠶᠠᠨ ᠶᠢᠡᠷ ᠡᠷᠭᠦᠮᠵᠢᠯᠡᠭ᠍ᠳᠡᠵᠡᠢ᠃ 1211 ᠣᠨ ᠳᠤ ᠴᠢᠩᠭᠢᠰ ᠬᠠᠭᠠᠨ ᠢ ᠳᠠᠭᠠᠵᠤ ᠠᠯᠳᠠᠨ ᠣᠯᠤᠰ ᠢ ᠳᠠᠢ᠌ᠯᠠᠬᠤ ᠳᠠᠢ᠌ᠨ ᠳᠤ ᠭᠠᠪᠰᠢᠭᠠᠢ ᠪᠣᠯᠵᠤ᠂ ᠠᠰᠤᠷᠤ ᠭᠠᠪᠢᠶ᠎ᠠ ᠪᠠᠢ᠌ᠭᠤᠯᠵᠠᠢ᠃ 1219 ᠣᠨ ᠳᠤ ᠰᠠᠷᠳᠠᠭᠴᠢᠨ ᠠᠶᠠᠨ ᠳᠤ ᠮᠤᠷᠳᠠᠵᠤ᠂ ᠰᠥᠪᠠᠭᠡᠳᠡᠢ ᠲᠡᠶ ᠬᠠᠮᠳᠤ ᠴᠡᠷᠢᠭ᠌ ᠵᠠᠭᠢᠷᠴᠤ᠂ ᠬᠤᠷᠽᠸᠮ ᠤᠨ ᠸᠠᠩ ᠢ ᠨᠡᠭᠡᠵᠤ ᠮᠤᠬᠤᠭᠠᠵᠠᠢ᠃ ᠮᠦᠨ ᠪᠠᠰᠠ ᠠᠽᠸᠷᠪᠠᠢ᠌ᠵᠠᠨ᠂ ᠭᠢᠪᠴᠠᠭ ᠪᠣᠯᠤᠨ ᠣᠷᠤᠰ ᠤᠨ ᠣᠯᠠᠨ ᠠᠢ᠌ᠮᠠᠭ ᠢ ᠪᠠᠢ᠌ᠯᠳᠤᠨ ᠳᠠᠭᠠᠷᠢᠵᠤ ᠺᠧᠷᠢᠮ ᠬᠣᠢ᠌ᠭ ᠲᠤ ᠭᠦᠷᠴᠡᠢ᠃ 1224 ᠣᠨ ᠳᠤ ᠵᠡᠭᠦᠡᠰᠢ ᠪᠣᠴᠠᠬᠤ ᠵᠠᠮ ᠵᠠᠭᠤᠷ᠎ᠠ ᠡᠪᠠᠦᠡᠴᠢᠯᠡᠵᠤ ᠨᠠᠰᠤ ᠪᠠᠷᠠᠵᠠᠢ᠃

ᠰᠥᠪᠠᠭᠡᠳᠡᠢ

ᠰᠥᠪᠠᠭᠡᠳᠡᠢ (1176 ᠊᠊᠊᠊᠊᠊᠊᠊᠊᠊᠊᠊᠊᠊᠊ 1248) ᠪᠣᠯ ᠴᠢᠩᠭᠢᠰ ᠬᠠᠭᠠᠨ ᠤ ᠳᠦᠷᠪᠡᠨ ᠨᠤᠬᠠᠢ ᠶᠢᠨ ᠨᠢᠭᠡ ᠨᠢ ᠪᠣᠯᠤᠨ᠎ᠠ᠃ ᠵᠠᠷᠴᠢᠭᠤᠳ ᠠᠢ᠌ᠮᠠᠭ ᠤᠨ ᠣᠷᠢᠶᠠᠩᠬᠠᠢ ᠣᠪᠣᠭ ᠤᠨ ᠭᠦᠮᠤᠨ᠃ ᠳᠠᠷᠠ ᠴᠢᠩᠭᠢᠰ ᠬᠠᠭᠠᠨ ᠪᠠ ᠥᠭᠡᠳᠡᠢ ᠬᠠᠭᠠᠨ ᠳᠤ ᠥᠢᠯᠡᠴᠢᠯᠡᠭ᠍ᠰᠡᠨ ᠭᠠᠷᠮᠠᠭᠠᠢ ᠴᠡᠷᠢᠭ᠌ ᠤᠨ ᠡᠷᠳᠡᠮᠳᠡᠨ ᠮᠦᠨ᠃ 1189 ᠣᠨ ᠡᠴᠡ ᠴᠢᠩᠭᠢᠰ ᠬᠠᠭᠠᠨ ᠢ ᠳᠠᠭᠠᠵᠤ᠂ ᠠᠠᠳᠠ ᠪᠣᠯᠤᠯᠴᠠᠵᠤ᠂ ᠮᠤᠩᠭ᠋ᠤᠯ ᠤᠨ ᠥᠡᠳᠦᠷᠯᠢᠭ᠌ ᠢ ᠨᠢᠭᠡᠳᠭᠡᠭᠦ ᠳᠤ ᠪᠠᠯᠠᠷᠠᠰᠢ ᠦᠭᠡᠶ ᠭᠠᠪᠢᠶ᠎ᠠ ᠵᠢᠦᠡᠭᠦᠯ ᠥᠵᠡᠭᠦᠯᠵᠡᠢ᠃ 1206 ᠣᠨ ᠳᠤ ᠴᠢᠩᠭᠢᠰ ᠬᠠᠭᠠᠨ ᠡᠴᠡ ᠮᠢᠩᠭ᠋ᠠᠨ ᠤ ᠨᠤᠶᠠᠨ ᠡᠷᠭᠦᠮᠵᠢᠯᠡᠵᠡᠢ᠃ 1211 ᠣᠨ ᠳᠤ ᠴᠢᠩᠭᠢᠰ ᠬᠠᠭᠠᠨ ᠢ ᠳᠠᠭᠠᠵᠤ ᠠᠯᠳᠠᠨ ᠣᠯᠤᠰ ᠢ ᠳᠠᠢ᠌ᠯᠠᠬᠤ ᠳᠠᠢ᠌ᠨ ᠳᠤ ᠬᠤᠰᠢᠭᠤᠴᠢ ᠪᠣᠯᠵᠤ᠂ ᠠᠰᠤᠷᠤ ᠭᠠᠪᠢᠶ᠎ᠠ ᠪᠠᠢ᠌ᠭᠤᠯᠵᠠᠢ᠃ 1219 ᠣᠨ ᠳᠤ ᠰᠠᠷᠳᠠᠭᠴᠢᠨ ᠠᠶᠠᠨ ᠳᠤ ᠮᠤᠷᠳᠠᠵᠤ᠂ ᠵᠠᠪᠠ ᠲᠡᠶ ᠬᠠᠮᠳᠤ ᠣᠷᠤᠰ ᠤᠨ ᠣᠯᠠᠨ ᠠᠢ᠌ᠮᠠᠭ ᠪᠠ ᠭᠢᠪᠴᠠᠭ ᠤᠨ ᠬᠤᠯᠪᠣᠭᠠᠳᠤ ᠴᠡᠷᠢᠭ᠌ ᠢ ᠪᠣᠳᠠ ᠨᠢᠷᠭᠡᠵᠡᠢ᠃ 1226 ᠣᠨ ᠳᠤ ᠴᠢᠩᠭᠢᠰ ᠬᠠᠭᠠᠨ ᠢ ᠳᠠᠭᠠᠵᠤ ᠳᠠᠩᠭ᠋ᠤᠳ ᠢ ᠳᠠᠢ᠌ᠯᠠᠵᠠᠢ᠃ ᠥᠭᠡᠳᠡᠢ ᠬᠠᠭᠠᠨ ᠤ ᠦᠶ᠎ᠡ ᠳᠤ ᠠᠯᠳᠠᠨ ᠣᠯᠤᠰ ᠢ ᠳᠠᠢ᠌ᠯᠠᠬᠤ ᠳᠠᠢ᠌ᠨ ᠳᠤ ᠮᠤᠷᠳᠠᠵᠤ᠂ ᠳᠤᠯᠤᠢ ᠲᠡᠶ ᠬᠠᠮᠳᠤ ᠠᠯᠳᠠᠨ ᠣᠯᠤᠰ ᠤᠨ ᠭᠤᠤᠯ ᠭᠦᠴᠤᠨ ᠢ ᠣᠰᠠᠤᠠᠬᠠᠵᠠᠢ᠃ 1235 ᠣᠨ ᠳᠤ ᠬᠤᠶᠠᠳᠠᠭᠢ ᠣᠳᠠᠭ᠎ᠠ ᠶᠢᠨ ᠰᠠᠷᠳᠠᠭᠴᠢᠨ ᠠᠶᠠᠨ ᠢ ᠵᠤᠬᠢᠶᠠᠨ ᠪᠠᠢ᠌ᠭᠤᠯᠵᠤ᠂ ᠬᠤᠰᠢᠭᠤᠴᠢ ᠪᠠᠷ ᠮᠤᠷᠳᠠᠵᠠᠢ᠃ 1240 ᠊᠊᠊᠊᠊᠊᠊᠊᠊᠊᠊᠊᠊᠊᠊ 1242 ᠣᠨ ᠳᠤ ᠡᠮᠦᠨᠡᠳᠤ ᠣᠷᠤᠰ ᠪᠠ ᠬᠠᠩᠭ᠋ᠠᠷᠢ ᠵᠡᠷᠭᠡ ᠣᠯᠤᠰ ᠶᠢᠡᠷ ᠪᠠᠢ᠌ᠯᠳᠤᠵᠠᠢ᠃ 1243 ᠣᠨ ᠳᠤ ᠵᠡᠭᠦᠡᠰᠢ ᠪᠣᠴᠠᠵᠠᠢ᠃ 1245 ᠣᠨ ᠳᠤ ᠭᠦᠶ‍ᠦᠭ᠌ ᠬᠠᠭᠠᠨ ᠮᠤᠩᠭ᠋ᠤᠯ ᠣᠯᠤᠰ ᠤᠨ ᠬᠠᠭᠠᠨ ᠣᠷᠤ ᠵᠠᠯᠭᠠᠮᠵᠢᠯᠠᠬᠤ ᠦᠶ᠎ᠡ ᠳᠤ ᠰᠥᠪᠠᠭᠡᠳᠡᠢ ᠶᠡᠭᠡ ᠬᠤᠷᠠᠯᠳᠠᠢ ᠳᠤ ᠣᠷᠤᠯᠴᠠᠵᠠᠢ᠃ 1248 ᠣᠨ ᠳᠤ 73 ᠨᠠᠰᠤᠳᠠᠢ ᠳᠠᠭᠠᠨ ᠨᠠᠰᠤ ᠨᠥᠭ᠍ᠴᠢᠵᠡᠢ᠃

ᠬᠤᠪᠢᠯᠠᠢ

ᠬᠤᠪᠢᠯᠠᠢ ᠪᠣᠯ ᠴᠢᠩᠭᠢᠰ ᠬᠠᠭᠠᠨ ᠤ ᠳᠦᠷᠪᠡᠨ ᠨᠤᠬᠠᠢ ᠶᠢᠨ ᠨᠢᠭᠡ ᠨᠢ ᠪᠣᠯᠤᠨ᠎ᠠ᠃ ᠠᠮᠢᠳᠤᠷᠠᠵᠤ ᠪᠠᠢ᠌ᠭᠰᠠᠨ ᠣᠨ ᠵᠢᠯ ᠤᠨ ᠳᠤᠬᠠᠢ ᠳᠤᠳᠤᠷᠬᠠᠢ ᠳᠡᠮᠳᠡᠭᠯᠡᠯ ᠦᠭᠡᠶ᠃ ᠮᠤᠩᠭ᠋ᠤᠯ ᠤᠨ ᠪᠠᠷᠤᠯᠠᠰ ᠣᠪᠣᠭ ᠤᠨ ᠭᠦᠮᠤᠨ᠃ 1181 ᠣᠨ ᠳᠤ ᠳᠡᠭᠦᠤ ᠬᠤᠳᠤᠰ ᠲᠡᠶ ᠪᠠᠨ ᠬᠠᠮᠳᠤ ᠴᠢᠩᠭᠢᠰ ᠬᠠᠭᠠᠨ ᠳᠤ ᠨᠠᠢ᠌ᠯᠠᠵᠤ᠂ ᠮᠤᠩᠭ᠋ᠤᠯ ᠢ ᠨᠢᠭᠡᠳᠭᠡᠭᠦ ᠣᠢ᠌ᠯᠠᠰ ᠲᠤ ᠦᠨᠡᠠᠴᠢ ᠪᠠᠷ ᠵᠢᠦᠡᠭᠦᠵᠡᠢ᠃ 1189 ᠣᠨ ᠳᠤ ᠳᠠᠮᠤᠵᠢᠨ ᠢ ᠭᠦᠷᠢᠶᠡᠯᠡᠵᠤ ᠮᠤᠩᠭ᠋ᠤᠯ ᠠᠢ᠌ᠮᠠᠭ ᠤᠨ ᠬᠠᠭᠠᠨ ᠪᠣᠯᠭᠠᠵᠤ᠂ ᠢᠯᠳᠤᠴᠢ ᠪᠠᠷ ᠡᠷᠭᠦᠮᠵᠢᠯᠡᠭ᠍ᠳᠡᠵᠡᠢ᠃ 1204 ᠣᠨ ᠳᠤ ᠨᠢ᠋ᠮᠠᠨ ᠢ ᠰᠥᠨᠦᠭᠡᠭᠦ ᠳᠤ ᠳᠠᠷᠠ ᠵᠠᠯᠮ᠎ᠠ᠂ ᠵᠠᠪᠠ᠂ ᠰᠥᠪᠠᠭᠡᠳᠡᠢ ᠨᠡᠷ ᠲᠡᠶ ᠬᠤᠰᠢᠭᠤᠴᠢ ᠪᠣᠯᠵᠤ᠂ ᠳᠠᠢ᠌ᠨ ᠤ ᠢᠯᠠᠯᠳᠠ ᠣᠯᠬᠤ ᠳᠤ ᠴᠢᠬᠤᠯᠠ ᠵᠢᠦᠡᠭᠦᠯ ᠥᠵᠡᠭᠦᠯᠪᠡ᠃ 1206 ᠣᠨ ᠳᠤ ᠴᠢᠩᠭᠢᠰ ᠬᠠᠭᠠᠨ ᠡᠴᠡ ᠮᠢᠩᠭ᠋ᠠᠨ ᠤ ᠨᠤᠶᠠᠨ ᠡᠷᠭᠦᠮᠵᠢᠯᠡᠵᠤ 《ᠴᠡᠷᠢᠭ᠌ ᠤᠨ ᠣᠢ᠌ᠯᠠ ᠪᠦᠭᠦᠳᠡ ᠶᠢ ᠠᠬᠠᠯᠠᠵᠤ ᠪᠠᠢ》 ᠭᠡᠵᠤ ᠰᠤᠶᠤᠷᠬᠠᠵᠠᠢ᠃ 1210 ᠣᠨ ᠳᠤ ᠬᠠᠷᠯᠤᠭ ᠠᠢ᠌ᠮᠠᠭ ᠢ ᠳᠠᠢ᠌ᠯᠠᠵᠤ᠂ ᠬᠠᠷᠯᠤᠭ ᠤᠨ ᠨᠤᠶᠠᠨ ᠠᠷᠰᠯᠠᠨ ᠬᠠᠨ ᠢ ᠪᠠᠭᠤᠯᠭᠠᠨ ᠠᠪᠴᠤ᠂ ᠭᠡᠷᠦᠯᠤᠨ ᠮᠦᠷᠠᠨ ᠤ ᠣᠷᠳᠤ ᠳᠤ ᠠᠪᠴᠢᠷᠠᠵᠤ ᠴᠢᠩᠭᠢᠰ ᠬᠠᠭᠠᠨ ᠳᠤ ᠪᠠᠷᠠᠯᠠᠭᠤᠯᠪᠠ᠃ ᠳᠡᠭᠦᠨ ᠡᠴᠡ ᠳᠠᠮᠠᠢ ᠣᠳᠠᠭᠰᠠᠨ ᠦᠭᠡᠶ ᠨᠠᠰᠤ ᠨᠥᠭ᠍ᠴᠢᠭ᠍ᠰᠡᠨ ᠭᠡᠳᠡᠭ᠌᠃


(ᠴᠢᠩᠭᠢᠰ ᠬᠠᠭᠠᠨ ᠤ ᠣᠩᠭ᠋ᠤᠨ ᠤ ᠳᠠᠭᠢᠯᠭ᠎ᠠ ᠰᠤᠶᠤᠯ ᠤᠨ ᠠᠯᠪᠠᠨ ᠭᠡᠷ)


ᠵᠤᠬᠢᠶᠠᠭᠴᠢ᠄ ᠰᠡᠴᠡᠨᠪᠢᠯᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 16015
ᠴᠠᠭ᠄ 2009 ᠤᠨ ᠤ 04 ᠰᠠᠷ᠎ᠠ ᠶᠢᠨ 03