ᠨᠡᠭᠡᠯ

ᠨᠠᠮᠤᠷ ᠤᠨ ᠰᠠᠯᠭᠢᠨ ᠤ ᠱᠠᠪᠰᠢᠷᠭᠠᠨ ᠳ᠋ᠤ

ᠨᠠᠷᠭᠢᠵᠤ ᠪᠠᠢ᠌ᠭᠰᠠᠨ ᠨᠠᠪᠴᠢᠰ

ᠨᠠᠯᠠᠭᠠᠷ ᠬᠤᠷᠸ᠎ᠠ ᠶᠢᠨ ᠡᠪᠦᠷ ᠳᠠᠢ

ᠨᠠᠮ ᠵᠢᠮᠭᠡᠨ ᠰᠢᠷᠭᠤᠨ᠎ᠠ

ᠨᠠᠢ᠌ᠵᠠᠯᠠᠵᠤ ᠪᠠᠢ᠌ᠭᠰᠠᠨ ᠰᠢᠪᠠᠭᠤᠬᠠᠢ

ᠨᠠᠮᠠᠭᠠᠨ ᠳ᠋ᠤᠨᠢ ᠰᠠᠭᠤᠭᠠᠤᠨ ᠡᠷᠢᠨ᠎ᠡ

ᠨᠠᠳᠠ ᠶᠢ ᠣᠷᠭᠢᠭᠠᠤᠨ ᠭᠡᠵᠤ

ᠨᠠᠪᠴᠢᠰ ᠡᠴᠠ ᠭᠤᠮᠤᠳᠠᠯ ᠨᠡᠭᠡᠨ᠎ᠡ


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠬᠠᠷᠢᠶ᠎ᠠ᠄ ᠰᠢᠯᠦᠭ
ᠳᠠᠷᠤᠮ᠄ 1852
ᠴᠠᠭ᠄ 2012 ᠤᠨ ᠤ 04 ᠰᠠᠷ᠎ᠠ ᠶᠢᠨ 26