ᠪᠠᠭᠡᠵᠢᠩ ᠳᠤ ᠣᠴᠢᠵᠤ ᠭᠢᠴᠢᠶᠠᠯ ᠰᠤᠨᠤᠰᠤᠭᠰᠠᠨ ᠮᠢᠨᠢ

ᠬᠡᠦᠬᠡᠳ ᠪᠠᠭ᠎ᠠ ᠳᠠᠭᠠᠨ᠂ ᠪᠢᠳᠠ ᠪᠠᠭᠡᠵᠢᠩ ᠭᠡᠵᠤ ᠰᠤᠨᠤᠰᠪᠠᠯ᠂ ᠪᠠᠭᠡᠵᠢᠩ ᠭᠡᠳᠡᠭ᠌ ᠴᠢᠨᠢ ᠪᠠᠷᠭᠡ ᠶᠢᠨ ᠰᠠᠢ᠌ᠬᠠᠨ ᠭᠠᠵᠠᠷ᠂ ᠠᠰᠠᠷ ᠪᠠᠷᠢᠯᠭ᠎ᠠ ᠵᠢᠭ᠍ᠳᠡᠷᠡᠭ᠍ᠰᠡᠨ᠂ ᠠᠷᠠᠯᠵᠢᠶ᠎ᠠ ᠮᠠᠢ᠌ᠮᠠᠢ ᠭᠦᠭ᠍ᠵᠢᠭ᠍ᠰᠡᠨ᠂ ᠠᠵᠤ ᠣᠢ᠌ᠯᠠᠳᠪᠣᠷᠢ ᠰᠥᠡᠳᠦᠷᠯᠡᠭ᠍ᠰᠡᠨ᠂ ᠵᠠᠮ ᠵᠡᠭᠡᠯᠢ ᠵᠥᠷᠢᠯᠳᠦᠭ᠍ᠰᠡᠨ᠂ ᠵᠢᠰᠢᠶᠠᠨ ᠤ ᠮᠠᠰᠢᠨ ᠳᠠᠪᠭᠢᠯᠳᠤᠭᠰᠠᠨ ᠪᠠᠷᠭᠡ ᠶᠢᠨ ᠰᠠᠢ᠌ᠬᠠᠨ ᠭᠠᠵᠠᠷ᠃ ᠪᠠᠰᠠ ᠰᠢᠭᠢᠷ ᠵᠢᠮᠢᠰ᠂ ᠪᠣᠤᠪᠣ ᠪᠣᠭᠤᠷᠰᠤᠭ ᠳᠤᠳᠠᠬᠤ ᠦᠭᠡᠶ ᠰᠠᠢ᠌ᠬᠠᠨ ᠭᠠᠵᠠᠷ ᠭᠡᠵᠤ ᠪᠣᠳᠤᠳᠠᠭ᠂ ᠰᠠᠨᠠᠳᠠᠭ᠃ ᠪᠠᠭᠡᠵᠢᠩ ᠳᠤ ᠣᠴᠢᠨ᠎ᠠ ᠭᠡᠪᠠᠯ᠂ ᠪᠠᠷᠤᠭ ᠤᠨ ᠭᠦᠮᠤᠨ ᠤ ᠣᠴᠢᠬᠤ ᠭᠠᠵᠠᠷ ᠪᠢᠰᠢ᠃ ᠳᠠᠷᠠ ᠴᠢᠨᠢ ᠡᠷᠳᠡᠮ ᠮᠡᠳᠡᠯᠭᠡ ᠲᠡᠶ ᠶᠡᠭᠡ ᠴᠢᠳᠠᠪᠣᠷᠢ ᠲᠡᠶ ᠭᠦᠮᠤᠨ ᠤ ᠪᠣᠶᠤ ᠡᠳ᠋ ᠮᠥᠩᠭᠦ ᠲᠡᠶ᠂ ᠡᠯᠳᠡᠪ ᠵᠠᠷᠤᠳᠠᠯ ᠪᠦᠷᠢᠨ ᠭᠦᠷᠦᠯᠴᠡᠭᠡ ᠲᠡᠶ ᠭᠦᠮᠤᠨ ᠤ ᠣᠴᠢᠬᠤ ᠣᠴᠢᠷ᠃ ᠡᠰᠡᠭᠦᠯ᠎ᠡ ᠡᠷᠭᠡ ᠵᠡᠷᠭᠡ ᠲᠡᠶ᠂ ᠳᠠᠷᠤᠭ᠎ᠠ ᠮᠠᠷᠤᠭ᠎ᠠ ᠭᠦᠮᠤᠨ ᠤ ᠯᠠ ᠣᠴᠢᠳᠠᠭ ᠭᠠᠵᠠᠷ᠃ ᠡᠨᠡ ᠨᠠᠰᠤᠨ ᠳᠠᠭᠠᠨ ᠪᠢᠳᠠ ᠪᠠᠭᠡᠵᠢᠩ ᠳᠤ ᠨᠢᠭᠡ ᠣᠯᠤᠭᠠᠤᠨ ᠣᠴᠢᠴᠢᠬᠠᠪᠠᠯ᠂ ᠳᠠᠷᠠ ᠴᠤᠬᠤᠮ ᠳᠡᠭ᠍ᠷᠢ ᠳᠤ ᠭᠠᠷᠴᠤ ᠵᠢᠷᠭᠠᠭᠰᠠᠨ ᠶᠠᠪᠣᠳᠠᠯ ᠭᠡᠵᠤ ᠪᠣᠳᠤᠨ ᠭᠦᠰᠡᠳᠡᠭ᠌᠃ ᠳᠠᠷᠠᠴᠢᠯᠠᠨ ᠪᠠᠭᠡᠵᠢᠩ ᠳᠤ ᠣᠴᠢᠬᠤ᠂ ᠪᠠᠭᠡᠵᠢᠩ ᠬᠤᠳᠠ ᠶᠢ ᠳᠤᠭᠤᠷᠢᠵᠤ ᠥᠵᠡᠭᠦ ᠪᠠᠷ᠂ ᠵᠢᠷᠭᠠᠯ᠂ ᠭᠦᠰᠡᠯ᠂ ᠵᠤᠷᠢᠯᠳᠠ᠂ ᠳᠠᠮᠠᠤᠯᠠᠯ ᠶᠢᠡᠨ ᠴᠤ ᠪᠣᠯᠭᠠᠵᠠᠭᠠᠳᠠᠭ᠃ ᠡᠨᠡ ᠪᠣᠯ ᠪᠢᠳᠠᠨ ᠤ ᠪᠠᠭ᠎ᠠ ᠨᠢᠯᠬ᠎ᠠ ᠨᠠᠰᠤᠨ ᠤ ᠦᠶ᠎ᠡ ᠶᠢᠨ ᠬᠠᠴᠢᠷᠬᠠᠯ᠂ ᠰᠤᠨᠢᠷᠬᠠᠯ᠂ ᠭᠡᠢ ᠳᠠᠭᠠᠮᠠᠭᠯᠠᠯ᠂ ᠭᠡᠢ᠌ᠰᠪᠦᠷᠢ ᠭᠦᠰᠡᠭᠦᠢ᠌ᠴᠢᠯᠡᠯ ᠪᠢᠯᠠ︕

ᠮᠢᠨᠤ ᠪᠠᠭᠡᠵᠢᠩ ᠳᠤ ᠠᠩᠬ᠎ᠠ ᠣᠴᠢᠭᠰᠠᠨ ᠣᠳᠠᠭ᠎ᠠ ᠪᠣᠯ 1979 ᠣᠨ ᠤ ᠣᠴᠢᠷ ᠪᠣᠯᠬᠤ ᠶᠤᠮ᠃ ᠪᠢ ᠰᠢᠯᠢ ᠶᠢᠨ ᠭᠤᠤᠯ ᠠᠢ᠌ᠮᠠᠭ ᠤᠨ ᠵᠡᠭᠦᠨ ᠦᠵᠦᠮᠤᠴᠢᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ ᠳᠤ ᠰᠤᠷᠤᠯᠴᠠᠵᠤ ᠪᠠᠢ᠌ᠪᠠ᠃ ᠳᠠᠷᠠ ᠵᠢᠯ ᠪᠢ ᠮᠠᠨ ᠤ ᠰᠤᠷᠭᠠᠭᠤᠯᠢ ᠶᠢᠨ ᠳᠠᠳ᠋ ᠵᠠᠭᠢᠷᠤᠯ ᠠᠮᠤᠷ ᠪᠠᠭᠰᠢ (ᠰᠡᠭᠦᠯᠡᠷ ᠨᠢ ᠳᠠᠳ᠋ ᠬᠤᠰᠢᠭᠤ ᠳᠠᠷᠤᠭ᠎ᠠ᠂ ᠠᠢ᠌ᠮᠠᠭ ᠤᠨ ᠭᠠᠯ ᠰᠡᠷᠭᠡᠢ᠌ᠯᠡᠭᠦ ᠠᠯᠪᠠᠨ ᠭᠡᠷ ᠤᠨ ᠡᠷᠭᠢᠯᠡᠭ᠍ᠴᠢ ᠵᠡᠷᠭᠡ ᠪᠣᠯᠵᠤ ᠥᠩᠭᠡᠷᠡᠪᠡ) ᠪᠣᠯᠤᠨ ᠬᠤᠰᠢᠭᠤ ᠰᠤᠷᠭᠠᠨ ᠭᠦᠮᠦᠵᠢᠯ ᠤᠨ ᠳᠤᠪᠴᠢᠶᠠᠨ ᠤ ᠭᠤᠤ ᠵᠠᠨ ᠪᠠᠭᠰᠢ ᠶᠢᠨ ᠬᠠᠮᠳᠤ᠂ ᠪᠦᠭᠦ ᠣᠯᠤᠰ ᠤᠨ ᠵᠠᠯᠠᠭᠤᠴᠤᠳ ᠪᠠᠭᠠᠴᠤᠳ ᠤᠨ ᠭᠤᠷᠪᠠᠳᠤᠭᠠᠷ ᠣᠳᠠᠭ᠎ᠠ ᠶᠢᠨ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠪᠦᠳᠦᠭᠡᠯ ᠤᠨ ᠳᠡᠯᠭᠡᠨ ᠥᠵᠡᠭᠦᠯᠦᠯᠳᠡ ᠶᠢ ᠳᠤᠭᠤᠷᠢᠨ ᠦᠵᠡᠨ᠎ᠡ ᠭᠡᠵᠤ ᠪᠠᠭᠡᠵᠢᠩ ᠳᠤ ᠣᠴᠢᠭᠰᠠᠨ ᠶᠤᠮ᠃ ᠣᠳᠤ ᠶᠠᠭ ᠭᠤᠴᠢᠨ ᠵᠢᠯ ᠪᠣᠯᠵᠤ ᠪᠠᠢ᠌ᠨ᠎ᠠ᠃ ᠡᠨᠡᠭᠦ ᠭᠤᠴᠢᠨ ᠵᠢᠯ ᠳᠤ᠂ ᠪᠢ ᠪᠠᠭᠡᠵᠢᠩ ᠳᠤ ᠵᠢᠯ ᠵᠢᠯ ᠣᠴᠢᠵᠤ ᠪᠠᠢ᠌ᠨ᠎ᠠ ᠭᠡᠵᠤ ᠭᠡᠯᠡᠵᠤ ᠡᠰᠡ ᠴᠢᠳᠠᠭᠰᠠᠨ ᠴᠤ᠂ ᠪᠠᠷᠤᠭ ᠵᠢᠯ ᠵᠢᠯ ᠣᠴᠢᠵᠤ ᠪᠠᠢ᠌ᠨ᠎ᠠ ᠭᠡᠵᠤ ᠭᠡᠯᠡᠭᠦ ᠳᠤ ᠠᠬᠠᠳᠠᠮᠠᠷ ᠦᠭᠡᠶ ᠣᠯᠠᠨ ᠣᠳᠠᠭ᠎ᠠ ᠣᠴᠢᠭᠰᠠᠨ᠃ ᠥᠭᠡᠷ᠎ᠡ ᠶᠢ ᠭᠡᠯᠡᠭᠦ ᠶᠢ ᠪᠠᠢ᠌ᠶ᠎ᠠ᠃ ᠣᠷᠴᠢᠮ ᠤᠨ ᠠᠷᠪᠠᠭᠠᠤᠨ ᠵᠢᠯ ᠳᠤ᠂ ᠪᠢ ᠭᠢᠴᠢᠶᠠᠯ ᠰᠤᠨᠤᠰᠤᠨ᠎ᠠ᠂ ᠬᠤᠷᠠᠯ ᠰᠤᠷᠤᠯᠴᠠᠯᠭ᠎ᠠ ᠳᠤ ᠣᠷᠤᠯᠴᠠᠨ᠎ᠠ ᠭᠡᠳ ᠠᠳᠠᠭ ᠲᠠᠭᠠᠨ ᠠᠷᠪᠠ ᠣᠳᠠᠭ᠎ᠠ ᠪᠠᠭᠡᠵᠢᠩ ᠳᠤ ᠣᠴᠢᠵᠤ ᠪᠢᠯᠠ᠃

ᠡᠨᠡ ᠣᠳᠠᠭ᠎ᠠ ᠪᠢ 3 ᠳ᠋ᠤᠭᠠᠷ ᠰᠠᠷ᠎ᠠ ᠶᠢᠨ 27 ᠊᠊᠊᠊᠊᠊᠊᠊᠊᠊᠊᠊᠊᠊᠊ 31 ᠪᠣᠯᠳᠠᠯ᠎ᠠ᠂ ᠪᠠᠭᠡᠵᠢᠩ ᠬᠤᠳᠠ ᠶᠢᠨ ᠰᠢᠨ᠎ᠡ ᠬᠤᠩ ᠷᠦᠢ᠌ ᠵᠢᠭᠠᠬᠤ ᠮᠠᠲ᠋ᠷᠢᠶᠠᠯ ᠵᠢᠭᠠᠬᠤ ᠠᠷᠭ᠎ᠠ ᠵᠦᠢ ᠰᠤᠳᠤᠯᠬᠤ ᠭᠠᠵᠠᠷ ᠡᠴᠠ ᠡᠷᠭᠢᠯᠡᠨ ᠶᠠᠪᠣᠭᠳᠠᠭᠤᠯᠤᠭᠰᠠᠨ ᠪᠦᠭᠦ ᠣᠯᠤᠰ ᠤᠨ ᠨᠠᠷᠠᠳᠤ ᠣᠠᠴᠠ ᠳᠠᠰ ᠤᠨ ᠪᠠᠭᠰᠢ᠂ ᠰᠢᠯᠢᠳᠡᠭ᠌ ᠵᠠᠯᠠᠭᠤ ᠪᠠᠭᠰᠢ ᠨᠡᠷ ᠤᠨ ᠨᠡᠭᠡᠭᠡᠯᠳᠡ ᠶᠢᠨ ᠭᠢᠴᠢᠶᠡᠯᠯᠡᠭᠡ ᠶᠢᠨ ᠰᠤᠳᠤᠯᠤᠨ ᠶᠠᠷᠢᠯᠴᠠᠬᠤ ᠬᠤᠷᠠᠯ ᠳᠤ ᠣᠷᠤᠯᠴᠠᠬᠤ ᠪᠠᠷ᠂ ᠮᠠᠨ ᠤ ᠰᠤᠷᠭᠠᠭᠤᠯᠢ ᠶᠢᠨ ᠮᠤᠩᠭ᠋ᠤᠯ ᠭᠡᠯᠡ ᠨᠠᠮᠠᠵᠤ ᠰᠤᠷᠬᠤ ᠠᠩᠭᠢ ᠶᠢᠨ ᠭᠡᠯᠡ ᠪᠢᠴᠢᠭ᠌ ᠤᠨ 8 ᠪᠠᠭᠰᠢ ᠪᠣᠯᠤᠨ ᠴᠤᠯᠤ ᠮᠤᠩᠭ᠋ᠤᠯ ᠶᠢᠡᠷ ᠭᠢᠴᠢᠶᠡᠯᠯᠡᠭᠦ ᠠᠩᠭᠢ ᠶᠢᠨ ᠭᠢᠳᠠᠤᠨ ᠭᠡᠯᠡ ᠪᠢᠴᠢᠭ᠌ ᠤᠨ 2 ᠪᠠᠭᠰᠢ ᠶᠢ ᠳᠠᠭᠠᠭᠤᠯᠤᠨ᠂ ᠭᠢᠴᠢᠶᠠᠯ᠂ ᠳᠠᠢ᠌ᠯᠤᠨ ᠰᠤᠨᠤᠰᠬᠤ ᠪᠠᠷ ᠣᠴᠢᠪᠠ᠃

ᠭᠤᠷᠪᠠᠳᠤᠭᠠᠷ ᠰᠠᠷ᠎ᠠ ᠶᠢᠨ ᠰᠡᠭᠦᠯᠴᠢ ᠶᠢᠨ ᠪᠠᠭᠡᠵᠢᠩ ᠬᠤᠳᠠ ᠣᠠᠴᠠ ᠶᠢᠨ ᠨᠠᠮ ᠳᠤᠭᠳᠠᠭᠤᠨ᠃ ᠭᠡᠳᠥᠢ᠌ᠪᠠᠷ ᠬᠠᠪᠣᠷ ᠴᠠᠭ ᠪᠣᠯᠵᠤ ᠬᠨ ᠶᠠ ᠦᠭᠡᠶ ᠮᠤᠳᠤ ᠭᠦᠯᠦᠭᠡᠯᠡᠵᠤ᠂ ᠵᠥᠯᠭᠡ ᠨᠤᠭᠤᠭᠠᠷᠠᠵᠤ ᠪᠠᠢ᠌ᠭ᠎ᠠ ᠪᠣᠯᠪᠠᠴᠤ᠂ ᠠᠭᠤᠷ ᠠᠮᠢᠰᠬᠤᠯ ᠳᠣᠢ᠌ᠯ ᠤᠨ ᠭᠦᠢᠳᠡᠨ ᠵᠢᠪᠠᠭᠦᠨ᠃ ᠣᠠᠴᠠᠭᠠᠢ᠌ᠯᠠᠨ ᠭᠡᠷ ᠲᠤ᠃ ᠡ᠊ᠨᠳᠡᠭᠢ ᠳᠤᠯᠠᠭᠠᠯᠯᠠᠭ᠎ᠠ ᠵᠢᠯ ᠵᠢᠯ ᠤᠨ 3 ᠳ᠋ᠤᠭᠠᠷ ᠰᠠᠷ᠎ᠠ ᠵᠢᠨ 15 ᠡᠴᠠ ᠡᠭᠢᠯᠡᠨ ᠵᠤᠭᠰᠤᠳᠠᠭ ᠭᠡᠨ᠎ᠡ᠃ ᠪᠢᠳᠠᠨ ᠢ ᠣᠴᠢᠬᠤ ᠳᠤ᠂ ᠳᠤᠯᠠᠭᠠᠯᠯᠠᠭ᠎ᠠ ᠨᠢᠭᠡᠨᠲᠡ ᠵᠤᠭᠰᠤᠴᠢᠬᠠᠭᠰᠠᠨ ᠪᠠᠢ᠌ᠪᠠ᠃ ᠪᠦᠭᠦ ᠣᠯᠤᠰ ᠤᠨ ᠡᠯ᠎ᠡ ᠭᠠᠵᠠᠷ ᠡᠴᠠ ᠢᠷᠡᠭ᠍ᠰᠡᠨ ᠡᠯᠳᠡᠪ ᠤᠨ ᠭᠡᠯᠡ ᠠᠪᠢᠶᠠᠳᠠᠤᠨ ᠳᠠᠩᠳᠠ ᠭᠦᠢᠳᠡᠨ ᠭᠡᠵᠤ ᠶᠠᠷᠢᠵᠤ ᠪᠠᠢ᠌ᠬᠤ ᠶᠢ ᠪᠢ ᠣᠯᠠᠨ ᠣᠯᠵᠤ ᠰᠤᠨᠤᠰᠤᠭᠰᠠᠨ᠃

ᠠᠭᠤᠷ ᠠᠮᠢᠰᠬᠤᠯ ᠭᠦᠢᠳᠡᠨ ᠵᠢᠪᠠᠭᠦᠨ ᠣᠴᠢᠷ ᠡᠴᠠ᠂ ᠭᠦᠮᠦᠰ ᠲᠤ ᠠᠯᠢᠪᠠ ᠪᠦᠭᠦᠨ ᠪᠦᠷ ᠯᠠ ᠳᠠᠭ᠎ᠠ ᠦᠭᠡᠶ᠂ ᠳᠠᠭᠠᠯᠠᠮᠵᠢ ᠠᠨᠠᠢ ᠰᠠᠨᠠᠭᠳᠠᠨ᠎ᠠ᠃ ᠭᠡᠰᠡᠨ ᠴᠤ ᠪᠢᠳᠠ ᠠᠯᠢᠪᠠ ᠳᠠᠭ᠎ᠠ ᠦᠭᠡᠶ᠂ ᠳᠠᠭᠠᠯᠠᠮᠵᠢ ᠦᠭᠡᠶ ᠶᠠᠪᠣᠳᠠᠯ ᠪᠦᠭᠦᠨ ᠢ ᠳᠠᠪᠴᠢᠨ᠂ ᠰᠤᠳᠤᠯᠤᠨ ᠶᠠᠷᠢᠯᠴᠠᠬᠤ ᠬᠤᠷᠠᠯ ᠳᠠᠭᠠᠨ ᠴᠠᠭ ᠲᠠᠭᠠᠨ ᠣᠷᠤᠵᠠᠭᠠᠵᠤ᠂ ᠭᠢᠴᠢᠶᠠᠯ ᠶᠢᠡᠨ ᠴᠢᠷᠮᠠᠢ᠌ᠨ ᠰᠤᠨᠤᠰᠴᠠᠭᠠᠪᠠ᠃

ᠡᠨᠡ ᠣᠳᠠᠭ᠎ᠠ ᠶᠢᠨ ᠨᠡᠭᠡᠭᠡᠯᠳᠡ ᠶᠢᠨ ᠭᠢᠴᠢᠶᠡᠯᠯᠡᠭᠡ ᠶᠢᠨ ᠰᠤᠳᠤᠯᠤᠨ ᠶᠠᠷᠢᠯᠴᠠᠬᠤ ᠬᠤᠷᠠᠯ ᠨᠢ᠂ ᠳᠤᠭᠳᠠᠭᠰᠠᠨ ᠪᠠᠭᠰᠢ ᠣᠷᠢᠤᠠᠴᠢᠯᠠᠨ ᠭᠢᠴᠢᠶᠠᠯ ᠪᠡᠯᠡᠳᠭᠡᠨ᠂ ᠭᠢᠴᠢᠶᠠᠯ ᠣᠷᠤᠬᠤ᠂ ᠭᠢᠴᠢᠶᠠᠯ ᠣᠷᠤᠭᠰᠠᠨ ᠪᠠᠭᠰᠢ ᠡᠴᠠ ᠭᠢᠴᠢᠶᠠᠯ ᠶᠠᠷᠢᠬᠤ᠂ ᠡᠷᠳᠡᠮᠳᠡᠨ ᠰᠤᠳᠤᠯᠭᠠᠳᠠᠤᠨ ᠡᠴᠠ ᠣᠷᠤᠭᠰᠠᠨ ᠭᠢᠴᠢᠶᠠᠯ ᠪᠦᠭᠦᠳᠡ ᠶᠢ ᠥᠨᠡᠯᠡᠭᠦ᠂ ᠭᠢᠴᠢᠶᠠᠯ ᠣᠷᠤᠭᠰᠠᠨ ᠭᠡᠰᠡᠭ᠌ ᠪᠠᠭᠰᠢ ᠨᠡᠷ ᠪᠣᠶᠤ ᠡᠷᠳᠡᠮᠳᠡᠨ ᠰᠤᠳᠤᠯᠭᠠᠳᠠᠤᠨ ᠡᠴᠠ ᠶᠠᠷᠢᠶ᠎ᠠ ᠳᠠᠢ᠌ᠯᠤᠨ ᠭᠢᠭᠦ ᠵᠡᠷᠭᠡ ᠠᠭᠤᠯᠭ᠎ᠠ ᠭᠡᠯᠪᠠᠷᠢ ᠪᠠᠷ ᠶᠠᠪᠣᠭᠳᠠᠵᠤ᠂ ᠪᠠᠭᠡᠵᠢᠩ ᠬᠤᠳᠠ ᠶᠢᠨ ᠪᠠᠭᠰᠢ ᠰᠤᠳᠤᠯᠤᠭᠴᠢ ᠪᠠᠷ ᠭᠤᠤᠯᠯᠠᠭᠤᠯᠤᠭᠰᠠᠨ᠂ ᠪᠦᠭᠦ ᠣᠯᠤᠰ ᠤᠨ ᠡᠯ᠎ᠡ ᠭᠠᠵᠠᠷ ᠡᠴᠠ ᠢᠷᠡᠭ᠍ᠰᠡᠨ 16 ᠭᠡᠯᠡ ᠪᠢᠴᠢᠭ᠌ ᠤᠨ ᠪᠠᠭᠰᠢ ᠭᠢᠴᠢᠶᠠᠯ ᠵᠢᠭᠠᠵᠤ ᠶᠠᠷᠢᠶ᠎ᠠ ᠳᠠᠢ᠌ᠯᠤᠨ ᠭᠢᠪᠠ᠃ ᠭᠢᠴᠢᠶᠠᠯ ᠵᠢᠭᠠᠵᠤ ᠶᠠᠷᠢᠶ᠎ᠠ ᠳᠠᠢ᠌ᠯᠤᠨ ᠭᠢᠭ᠍ᠰᠡᠨ 16 ᠪᠠᠭᠰᠢ ᠰᠤᠳᠤᠯᠤᠭᠴᠢ ᠶᠢᠨ ᠳᠤᠳᠤᠷ᠎ᠠ᠂ ᠪᠠᠭᠡᠵᠢᠩ ᠬᠤᠳᠠ ᠶᠢᠨ ᠪᠠᠭᠰᠢ ᠰᠤᠳᠤᠯᠤᠭᠴᠢ 6 ᠭᠦᠮᠤᠨ᠂ ᠪᠣᠰᠤᠳ ᠨᠢ ᠴᠦᠮ ᠪᠦᠭᠦ ᠣᠯᠤᠰ ᠤᠨ ᠪᠣᠰᠤᠳ ᠭᠠᠵᠠᠷ ᠣᠷᠤᠨ ᠡᠴᠠ ᠢᠷᠡᠭ᠍ᠰᠡᠨ ᠪᠠᠭᠰᠢ ᠰᠤᠳᠤᠯᠤᠭᠴᠢ᠃ ᠡᠭᠦᠨ ᠳᠤ᠂ ᠣᠯᠤᠰ ᠤᠨ ᠳᠠᠰ ᠤᠨ ᠣᠠᠴᠠ ᠳᠠᠰ ᠤᠨ ᠪᠠᠭᠰᠢ 5 ᠭᠦᠮᠤᠨ᠃ ᠪᠦᠭᠦ ᠣᠯᠤᠰ ᠤᠨ ᠴᠢᠨᠠᠷᠳᠠᠢ ᠡᠯ᠎ᠡ ᠵᠣᠢ᠌ᠯ ᠤᠨ ᠣᠷᠤᠯᠳᠤᠭᠠᠨ ᠮᠥᠷᠥᠢ᠌ᠴᠡᠭᠡᠨ ᠳᠤ ᠣᠷᠤᠯᠴᠠᠭᠠᠤᠨ ᠨᠢᠭᠡᠳᠦᠭᠡᠷ ᠳᠠᠰ ᠤᠨ ᠱᠠᠩᠨᠠᠯ ᠭᠦᠷᠳᠡᠭ᠍ᠰᠡᠳ ᠪᠣᠶᠤ ᠣᠯᠤᠰ ᠤᠨ ᠴᠢᠨᠠᠷᠳᠠᠢ ᠡᠯ᠎ᠡ ᠵᠣᠢ᠌ᠯ ᠤᠨ ᠨᠡᠭᠡᠭᠡᠯᠳᠡ ᠶᠢᠨ ᠭᠢᠴᠢᠶᠡᠯᠯᠡᠭᠡ᠂ ᠰᠤᠳᠤᠯᠤᠨ ᠶᠠᠷᠢᠯᠴᠠᠬᠤ ᠭᠢᠴᠢᠶᠡᠯᠯᠡᠭᠡ ᠶᠢ ᠣᠯᠠᠨ ᠣᠳᠠᠭ᠎ᠠ ᠳᠠᠭᠠᠭᠠᠵᠤ ᠪᠠᠶᠡᠯᠡᠭᠦᠯᠦᠭ᠍ᠰᠡᠨ ᠰᠢᠯᠢᠳᠡᠭ᠌ ᠵᠠᠯᠠᠭᠤ ᠪᠠᠭᠰᠢ 11 ᠭᠦᠮᠤᠨ᠃ ᠡᠳᠡᠭᠡᠷ ᠪᠠᠭᠰᠢ ᠪᠦᠭᠦᠳᠡᠭᠡᠷ ᠶᠢᠡᠨ ᠣᠯᠤᠰ ᠤᠨ ᠳᠠᠰ ᠤᠨ ᠰᠢᠯᠢᠳᠡᠭ᠌ ᠪᠠᠭᠰᠢ ᠪᠢᠰᠢ ᠪᠣᠯ᠂ ᠮᠤᠵᠢ ᠣᠷᠤᠨ ᠤ ᠳᠠᠰ ᠤᠨ ᠰᠢᠯᠢᠳᠡᠭ᠌ ᠪᠠᠭᠰᠢ᠃

ᠨᠡᠭᠡᠭᠡᠯᠳᠡ ᠶᠢᠨ ᠭᠢᠴᠢᠶᠡᠯᠯᠡᠭᠡ ᠶᠢᠨ ᠡᠭᠦᠷᠭᠡ ᠶᠢ ᠳᠠᠭᠠᠭᠠᠵᠤ ᠠᠪᠣᠭᠰᠠᠨ ᠡᠳᠡᠭᠡᠷ ᠪᠠᠭᠰᠢ ᠶᠢᠨ ᠭᠢᠴᠢᠶᠠᠯᠯᠠᠵᠤ ᠶᠠᠷᠢᠶ᠎ᠠ ᠳᠠᠢ᠌ᠯᠤᠨ ᠭᠢᠵᠤ ᠪᠠᠢ᠌ᠭ᠎ᠠ ᠪᠠᠢ᠌ᠳᠠᠯ ᠨᠠᠢ᠌ᠳᠠᠮ ᠳᠡᠭᠡᠨ ᠶᠡᠭᠡ ᠰᠠᠢ᠌ᠨ᠃ ᠦᠪᠡᠷ ᠦᠪᠡᠷ ᠤᠨ ᠣᠠᠴᠠᠯᠢᠭ ᠰᠠᠳᠭᠢᠴᠠ ᠲᠡᠶ᠂ ᠠᠷᠭ᠎ᠠ ᠪᠠᠷᠢᠮᠳᠠᠯᠠᠯ ᠲᠡᠶ᠃ ᠭᠢᠴᠢᠶᠡᠯᠯᠡᠭᠡ ᠪᠦᠷᠢ ᠶᠢᠨ ᠭᠡᠯᠪᠠᠷᠢ᠂ ᠪᠦᠳᠦᠴᠡ᠂ ᠳᠤᠭᠢᠷᠠᠭᠤᠯᠤᠯᠭ᠎ᠠ ᠠᠮᠢᠳᠤᠯᠢᠭ᠃ ᠪᠠᠭᠰᠢ ᠰᠤᠷᠤᠭᠴᠢᠳ ᠤᠨ ᠶᠠᠷᠢᠯᠴᠠᠯᠭ᠎ᠠ᠂ ᠬᠠᠮᠳᠤᠷᠤᠯᠴᠠᠭ᠎ᠠ᠂ ᠬᠤᠷᠰᠢᠯᠴᠠᠭ᠎ᠠ ᠳᠤᠭᠢᠯᠠᠭᠤᠨ᠃ ᠣᠯᠠᠩᠭᠢ ᠪᠠᠭᠰᠢ 《ᠰᠤᠷᠤᠭᠴᠢ ᠪᠠᠷ ᠭᠤᠤᠯ ᠪᠣᠯᠭᠠᠵᠤ》 《ᠰᠤᠳᠤᠯᠤᠨ ᠶᠠᠷᠢᠯᠴᠠᠬᠤ᠂ ᠰᠦᠪᠡᠨ ᠡᠷᠢᠯᠭᠢᠯᠡᠭᠦ ᠶᠢᠨ ᠳᠤᠮᠳᠠ ᠮᠡᠳᠡᠯᠭᠡ ᠴᠢᠳᠠᠪᠣᠷᠢ ᠡᠵᠡᠮᠰᠢᠭᠦᠯᠭᠦ》 ᠵᠢᠭᠠᠨ ᠰᠤᠷᠭᠠᠯᠳᠠ ᠶᠢᠨ ᠠᠷᠭ᠎ᠠ ᠵᠠᠷᠴᠢᠮ ᠢ ᠴᠢᠩᠭ᠋᠎ᠠ ᠪᠠᠷᠢᠮᠳᠠᠯᠠᠵᠤ᠂ ᠰᠤᠷᠤᠭᠴᠢᠳ ᠢ ᠭᠦᠳᠡᠯᠭᠡᠨ ᠢᠯᠡᠭᠦᠤ ᠰᠡᠳᠭᠢᠭᠦᠯᠵᠤ᠂ ᠢᠯᠡᠭᠦᠤ ᠶᠠᠷᠢᠭᠤᠯᠵᠤ᠂ ᠢᠯᠡᠭᠦᠤ ᠣᠷᠤᠯᠴᠠᠭᠤᠯᠵᠤ᠂ ᠢᠯᠡᠭᠦᠤ ᠭᠢᠯᠭᠡᠵᠤ ᠪᠠᠢ᠌ᠭ᠎ᠠ ᠳᠠᠯ᠎ᠠ ᠪᠠᠷ ᠢᠯᠠᠳᠳᠠ ᠳᠤᠪᠣᠢ᠌ᠯᠠᠭ᠃

ᠪᠠᠭᠰᠢ ᠪᠦᠷᠢ ᠶᠢᠨ ᠭᠢᠴᠢᠶᠡᠯᠯᠡᠭᠡ ᠨᠢ ᠨᠢᠭᠡᠳ ᠨᠢᠭᠡᠳ ᠶᠢᠡᠷ ᠶᠢᠡᠨ ᠨᠠᠷ᠎ᠠ ᠨᠢᠳᠠᠷ ᠲᠡᠭᠡᠨ ᠨᠡᠢ᠌ᠴᠡᠭ᠍ᠰᠡᠨ 《ᠥᠵᠡᠭᠦᠯᠦᠯᠭᠡ》᠃ 《ᠭᠡᠯᠡ ᠪᠢᠴᠢᠭ᠌ ᠭᠡᠭ᠍ᠴᠢ ᠶᠠᠭᠤ ᠪᠣᠢ︖》᠂ 《ᠭᠡᠯᠡ ᠪᠢᠴᠢᠭ᠌ ᠤᠨ ᠭᠢᠴᠢᠶᠠᠯ ᠢ ᠭᠡᠷᠭᠢᠨ ᠵᠢᠭᠠᠬᠤ ᠪᠣᠢ︖ ᠭᠡᠷᠭᠢᠨ ᠰᠤᠷᠬᠤ (ᠰᠤᠷᠭᠠᠬᠤ) ᠪᠣᠢ︖》᠂ 《ᠭᠡᠯᠡ ᠪᠢᠴᠢᠭ᠌ ᠤᠨ ᠭᠢᠴᠢᠶᠠᠯ ᠳᠤ ᠭᠡᠨ ᠶᠢᠡᠷ ᠭᠤᠤᠯ ᠴᠤᠭᠴᠠ ᠪᠣᠯᠭᠠᠬᠤ ᠪᠣᠢ︖》᠂ 《ᠵᠤᠬᠢᠶᠠᠨ ᠪᠢᠴᠢᠯᠭᠡ ᠭᠡᠭ᠍ᠴᠢ ᠶᠠᠭᠤ ᠪᠣᠢ︖》᠂ 《ᠵᠤᠬᠢᠶᠠᠨ ᠪᠢᠴᠢᠯᠭᠡ ᠶᠢ ᠭᠡᠷᠭᠢᠨ ᠵᠢᠭᠠᠬᠤ᠂ ᠵᠢᠯᠤᠭᠤᠤᠠᠬᠤ᠂ ᠪᠢᠴᠢᠭᠦᠯᠭᠦ ᠪᠣᠢ︖》᠂ 《ᠣᠩᠰᠢᠯᠭ᠎ᠠ ᠭᠡᠭ᠍ᠴᠢ ᠶᠠᠭᠤ ᠪᠣᠢ︖》 《ᠣᠩᠰᠢᠯᠭ᠎ᠠ ᠶᠢ ᠭᠡᠷᠭᠢᠨ ᠠᠳᠬᠤᠬᠤ ᠪᠣᠢ︖》᠂ 《ᠰᠢᠨ᠎ᠡ ᠬᠠᠭᠤᠴᠢᠨ ᠵᠢᠭᠠᠬᠤ ᠠᠷᠭ᠎ᠠ ᠶᠢ ᠠᠯᠢᠨ ᠢ ᠨᠢ ᠠᠳᠬᠤᠬᠤ ᠪᠣᠢ︖ ᠭᠡᠷᠭᠢᠨ ᠣᠶᠠᠯᠳᠤᠭᠤᠯᠬᠤ ᠪᠣᠢ︖》 ᠭᠡᠭᠦ ᠵᠡᠷᠭᠡ ᠶᠢ ᠭᠢᠴᠢᠶᠠᠯ ᠰᠤᠨᠤᠰᠤᠭᠴᠢ ᠪᠠᠭᠰᠢ ᠪᠢᠳᠠᠨ ᠳᠤ ᠥᠵᠡᠭᠦᠯᠵᠤ᠂ ᠶᠠᠷᠢᠵᠤ᠂ ᠳᠡᠯᠭᠡᠵᠤ᠂ ᠵᠤᠭᠤᠭᠳᠠᠵᠤ ᠪᠠᠢ᠌ᠭ᠎ᠠ 《ᠥᠵᠡᠭᠦᠯᠦᠯᠭᠡ》᠃ ᠡᠨᠡ ᠣᠳᠠᠭ᠎ᠠ ᠶᠢᠨ ᠨᠡᠭᠡᠭᠡᠯᠳᠡ ᠶᠢᠨ ᠭᠢᠴᠢᠶᠡᠯᠯᠡᠭᠡ ᠳᠤ ᠭᠤᠤᠯ ᠰᠤᠷᠳᠠᠯᠴᠢᠯᠠᠭᠳᠠᠵᠤ ᠳᠤᠤᠱᠯᠠᠭᠤᠯᠤᠭᠳᠠᠵᠤ ᠪᠠᠢ᠌ᠭ᠎ᠠ ᠦᠵᠡᠯ ᠰᠠᠨᠠᠭ᠎ᠠ᠂ ᠵᠤᠷᠢᠯᠳᠠ ᠪᠠᠷᠢᠮᠳᠠᠯᠠᠯ᠃ ᠮᠦᠨᠴᠤ ᠣᠳᠤᠭᠢ ᠭᠡᠯᠡ ᠪᠢᠴᠢᠭ᠌ ᠤᠨ ᠭᠢᠴᠢᠶᠡᠯᠯᠡᠭᠡ ᠳᠤ ᠳᠤᠯᠭᠠᠷᠠᠵᠤ ᠪᠠᠢ᠌ᠭ᠎ᠠ ᠠᠰᠠᠭᠤᠳᠠᠯ᠂ ᠳᠤᠯᠭᠠᠮ᠎ᠠ ᠰᠠᠭᠠᠷᠳᠠᠭᠳᠠᠵᠤ ᠳᠠᠷᠣᠢ᠌ᠬᠠᠨ ᠰᠢ᠌ᠳᠪᠦᠷᠢᠯᠡᠭᠦ ᠶᠢ ᠭᠦᠯᠢᠶᠡᠵᠤ ᠪᠠᠢ᠌ᠭ᠎ᠠ ᠠᠰᠠᠭᠤᠳᠠᠯ ᠤᠳ ᠪᠣᠯᠬᠤ ᠶᠤᠮ᠃ ᠡᠳᠡᠭᠡᠷ ᠠᠰᠠᠭᠤᠳᠠᠯ ᠢ ᠡᠨᠡ ᠣᠳᠠᠭ᠎ᠠ ᠶᠢᠨ ᠭᠢᠴᠢᠶᠠᠯ ᠵᠢᠭᠠᠵᠤ ᠶᠠᠷᠢᠶ᠎ᠠ ᠳᠠᠢ᠌ᠯᠤᠨ ᠭᠢᠭ᠍ᠰᠡᠨ 16 ᠪᠠᠭᠰᠢ ᠪᠣᠳᠠᠳᠤ ᠭᠢᠴᠢᠶᠡᠯᠯᠡᠭᠡ᠂ ᠪᠣᠳᠠᠳᠤ ᠶᠠᠷᠢᠶ᠎ᠠ ᠳᠠᠢ᠌ᠯᠤᠨ ᠶᠢᠡᠷ ᠶᠢᠡᠨ ᠳᠠᠮᠵᠢᠭᠤᠯᠤᠨ ᠣᠯᠠᠨ ᠳᠤ ᠪᠣᠳᠠᠳᠠᠢ ᠪᠠᠷ ᠥᠵᠡᠭᠦᠯᠵᠤ ᠳᠠᠨᠢᠭᠤᠯᠵᠤ᠂ ᠵᠢᠯᠤᠭᠤᠤᠠᠴᠤ ᠰᠡᠳᠭᠢᠭᠦᠯᠵᠤ ᠦᠨᠳᠦᠰᠦᠨ ᠳᠡᠭᠡᠨ ᠴᠢᠳᠠᠭᠰᠠᠨ ᠪᠠᠢ᠌ᠨ᠎ᠠ᠃ ᠮᠠᠨᠠᠢ᠌ᠭᠢᠨ ᠤ ᠮᠤᠩᠭ᠋ᠤᠯ ᠭᠡᠯᠡ ᠪᠢᠴᠢᠭ᠌ ᠤᠨ ᠭᠢᠴᠢᠶᠡᠯᠯᠡᠭᠡ᠂ ᠵᠢᠭᠠᠨ ᠰᠤᠷᠭᠠᠯᠳᠠ ᠴᠤ᠂ ᠡᠨᠡᠭᠦ ᠦᠵᠡᠯ ᠰᠠᠨᠠᠭ᠎ᠠ᠂ ᠪᠠᠷᠢᠮᠳᠠᠯᠠᠯ ᠳᠤᠷᠠᠳᠤᠯᠳᠠ ᠪᠠᠷ ᠦᠪᠡᠷ ᠤᠨ ᠵᠢᠭᠠᠨ ᠰᠤᠷᠭᠠᠯᠳᠠ ᠶᠢᠨ ᠯᠠᠪᠯᠠᠯᠳᠠ᠂ ᠭᠡᠮᠵᠢᠭᠦᠷ ᠪᠣᠯᠭᠠᠵᠤ ᠪᠣᠯᠤᠨ᠎ᠠ᠃ ᠠᠰᠢᠭᠳᠠᠢ᠂ ᠭᠡᠷᠡᠭ᠍ᠴᠠᠭᠡᠳᠠᠢ ᠳᠠᠯ᠎ᠠ ᠯᠠᠪ ᠪᠠᠢ᠌ᠬᠤ ᠶᠤᠮ᠃

ᠡᠳᠡᠭᠡᠷ ᠨᠡᠭᠡᠭᠡᠯᠳᠡ ᠶᠢᠨ ᠭᠢᠴᠢᠶᠡᠯᠯᠡᠭᠡ ᠣᠷᠤᠭᠰᠠᠨ 16 ᠪᠠᠭᠰᠢ ᠶᠢᠨ ᠭᠢᠴᠢᠶᠡᠯᠯᠡᠭᠡ ᠳᠤ᠂ ᠠᠮᠵᠢᠯᠳᠠ ᠲᠡᠶ ᠪᠦᠳᠦᠮᠵᠢ ᠲᠡᠶ ᠭᠢᠴᠢᠶᠡᠯᠯᠡᠭᠡ ᠭᠤᠤᠯᠯᠠᠨ᠎ᠠ᠃ ᠠᠯᠳᠠᠭᠳᠠᠯ ᠲᠡᠶ ᠳᠤᠳᠠᠭᠳᠠᠯ ᠲᠡᠶ ᠪᠣᠶᠤ ᠡᠨᠡ ᠳᠠᠯ᠎ᠠ ᠳᠠᠭᠠᠨ ᠠᠮᠵᠢᠯᠳᠠ ᠲᠡᠶ᠂ ᠣᠯᠤᠯᠳᠠ ᠪᠣᠯ ᠳᠠᠷᠠ ᠳᠠᠯ᠎ᠠ ᠪᠠᠷ ᠶᠢᠡᠨ ᠠᠯᠳᠠᠭᠳᠠᠯ ᠲᠡᠶ ᠳᠤᠳᠠᠭᠳᠠᠯ ᠲᠡᠶ ᠰᠢᠭ ᠳᠠᠷᠠ ᠳᠠᠯ᠎ᠠ ᠳᠠᠭᠠᠨ ᠠᠯᠳᠠᠭᠳᠠᠯ ᠲᠡᠶ ᠳᠤᠳᠠᠭᠳᠠᠯ ᠲᠡᠶ ᠪᠣᠯ ᠡᠨᠡ ᠳᠠᠯ᠎ᠠ ᠪᠠᠷ ᠶᠢᠡᠨ ᠪᠣᠯᠬᠤ ᠰᠢᠭ᠂ ᠠᠮᠵᠢᠯᠳᠠ ᠲᠡᠶ ᠪᠦᠳᠦᠮᠵᠢ ᠲᠡᠶ ᠰᠢᠭ᠌ ᠭᠡᠰᠡᠨ ᠪᠠᠢ᠌ᠳᠠᠯ ᠪᠠᠰᠠ ᠣᠯᠠᠨ ᠭᠠᠷᠴᠤ ᠪᠣᠢ᠃ ᠪᠣᠳᠠᠳᠠᠢ ᠰᠢᠭ ᠶᠠᠷᠢᠪᠠᠯ᠄

ᠪᠠᠭᠡᠵᠢᠩ ᠬᠤᠳᠠ ᠡᠴᠠ ᠢᠷᠡᠭ᠍ᠰᠡᠨ ᠪᠠᠭᠰᠢ ᠰᠦᠨ ᠱᡁᠢ ᠬᠠᠢ (ᠪᠠᠭᠡᠵᠢᠩ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠤᠶᠠᠳᠤᠭᠠᠷ ᠬᠠᠷᠢᠶᠠᠳᠤ ᠪᠠᠭ᠎ᠠ ᠰᠤᠷᠭᠠᠭᠤᠯᠢ ᠶᠢᠨ ᠪᠠᠭᠰᠢ) ᠶᠢᠨ ᠪᠡᠯᠡᠳᠭᠡᠭ᠍ᠰᠡᠨ ᠨᠢ ᠵᠥᠭᠡᠷ᠃ ᠭᠡᠪᠠᠴᠤ ᠭᠢᠴᠢᠶᠡᠯᠯᠡᠭᠡ ᠨᠢ ᠳᠠᠢ᠌ᠮᠤ ᠰᠠᠢ᠌ᠨ ᠪᠢᠰᠢ᠃ ᠰᠤᠷᠤᠭᠴᠢᠳ ᠢ ᠭᠦᠭ᠍ᠵᠢᠭᠡᠵᠤ ᠭᠦᠳᠡᠯᠭᠡᠵᠤ ᠴᠢᠳᠠᠭᠰᠠᠨ ᠦᠭᠡᠶ᠃ ᠭᠢᠴᠢᠶᠠᠯ ᠨᠢ ᠣᠠᠵᠠᠷᠠᠵᠤ ᠰᠤᠠᠵᠠᠷᠠᠭᠰᠠᠨ᠂ ᠭᠢᠴᠢᠶᠡᠯᠯᠡᠭᠦ ᠴᠠᠭ ᠡᠴᠠ ᠪᠠᠨ ᠭᠡᠳᠦᠷᠦᠭ᠍ᠰᠡᠨ (40 ᠮᠢᠨᠦ᠋ᠲ ᠭᠢᠴᠢᠶᠠᠯᠯᠠᠨ᠎ᠡ ᠭᠡᠵᠤ ᠪᠡᠯᠡᠳᠭᠡᠴᠢᠭᠡᠳ᠂ 70 ᠮᠢᠨᠦ᠋ᠲ ᠭᠢᠴᠢᠶᠡᠯᠯᠡᠭ᠍ᠰᠡᠨ) ᠵᠸᠵᠢᠶᠠᠩ ᠮᠤᠵᠢ ᠶᠢᠨ ᠨᠢᠩᠪᠦᠸᠧ ᠬᠤᠳᠠ ᠡᠴᠠ ᠢᠷᠡᠭᠰᠡᠨ ᠸᠠᠩ ᠯᠢ ᠶ‍ᠢᠩ ᠪᠠᠭᠰᠢ ᠭᠢᠴᠢᠶᠠᠯ ᠪᠡᠯᠡᠳᠭᠡᠭ᠍ᠰᠡᠨ ᠪᠠ ᠣᠷᠤᠭᠰᠠᠨ ᠨᠢ ᠶᠡᠭᠡ ᠵᠥᠭᠡᠷ᠃ ᠠᠮᠵᠢᠯᠳᠠ ᠲᠡᠶ᠂ ᠪᠦᠳᠦᠮᠵᠢ ᠲᠡᠶ᠃ ᠭᠢᠴᠢᠶᠠᠯ ᠶᠠᠷᠢᠭᠰᠠᠨ ᠪᠣᠶᠤ ᠶᠠᠷᠢᠶ᠎ᠠ ᠳᠠᠢ᠌ᠯᠤᠨ ᠭᠢᠭ᠍ᠰᠡᠨ ᠨᠢ ᠬᠠᠷᠢᠨ ᠳᠣᠢ᠌ᠯ ᠤᠨ ᠠᠨᠠᠢ᠃ ᠭᠤᠤᠯᠳᠠᠯᠭ᠎ᠠ ᠪᠠᠨ ᠠᠳᠬᠤᠵᠤ ᠳᠤᠪᠣᠢ᠌ᠯᠭᠠᠵᠤ ᠴᠢᠳᠠᠭᠰᠠᠨ ᠦᠭᠡᠶ᠃ ᠭᠤᠤᠯ ᠰᠠᠳᠤᠪ᠂ ᠭᠤᠤᠯ ᠠᠭᠤᠯᠭ᠎ᠠ ᠡᠴᠠ ᠪᠠᠨ ᠰᠠᠯᠤᠭᠰᠠᠨ ᠵᠡᠷᠭᠡ ᠪᠠᠢ᠌ᠳᠠᠯ ᠢᠯᠠᠷᠠᠪᠠ᠃

ᠡᠳᠡᠭᠡᠷ ᠪᠣᠯ ᠭᠢᠴᠢᠶᠡᠯᠯᠡᠭᠦ ᠳᠤᠮᠳᠠ ᠭᠡᠰᠡᠭ᠌ ᠪᠠᠭᠰᠢ ᠨᠡᠷ ᠤᠨ ᠪᠠᠶ᠎ᠠ ᠳᠡᠭᠡᠷ᠎ᠡ ᠢᠯᠡᠷᠡᠭ᠍ᠰᠡᠨ ᠵᠣᠢ᠌ᠯᠠᠰ᠃ ᠪᠠᠭᠰᠢ ᠪᠣᠯᠭᠠᠨ ᠤ ᠭᠢᠴᠢᠶᠡᠯᠯᠡᠭᠡ ᠳᠤ ᠡᠢ᠌ᠮᠦᠷᠭᠦ ᠪᠠᠢ᠌ᠳᠠᠯ ᠢᠯᠠᠷᠠᠵᠤ ᠪᠠᠢ᠌ᠨ᠎ᠠ ᠭᠡᠰᠡᠨ ᠶᠠᠭᠤᠮ᠎ᠠ ᠪᠢᠰᠢ᠃ ᠨᠢᠭᠡ ᠴᠤ ᠥ ᠰᠠᠪ ᠡᠷᠢᠭᠡᠳ ᠣᠯᠬᠤ ᠦᠭᠡᠶ ᠭᠡᠮᠡᠷ ᠭᠢᠴᠢᠶᠡᠯᠯᠡᠭ᠍ᠰᠡᠨ᠂ ᠶᠠᠷᠢᠭᠰᠠᠨ ᠪᠠᠭᠰᠢ ᠪᠠᠰᠠ ᠪᠣᠢ᠃ ᠵᠢᠱᠢᠶᠠᠯᠠᠪᠠᠯ᠂ ᠪᠠᠭᠡᠵᠢᠩ ᠬᠤᠳᠠ ᠶᠢᠨ ᠸᠠᠩ ᠸᠧᠨ ᠯᠢ ᠪᠠᠭᠰᠢ ᠪᠣᠶᠤ ᠱᠠᠩᠬᠠᠢ ᠬᠤᠳᠠ ᠶᠢᠨ ᠵᠢᠶᠠ ᡁᠢ ᠮᠢᠨ ᠪᠠᠭᠰᠢ᠃

ᠸᠠᠩ ᠸᠧᠨ ᠯᠢ ᠪᠠᠭᠰᠢ ᠪᠣᠯ ᠪᠠᠭᠡᠵᠢᠩ ᠬᠤᠳᠠ ᠶᠢᠨ ᠴᠦᠩ ᠸᠧᠨ ᠳᠤᠭᠤᠷᠢᠭ ᠤᠨ ᠰᠤᠷᠭᠠᠨ ᠭᠦᠮᠦᠵᠢᠯ᠂ ᠪᠣᠯᠪᠠᠰᠤᠷᠠᠯ ᠤᠨ ᠳᠡᠭᠡᠳᠤ ᠰᠤᠷᠭᠠᠭᠤᠯᠢ ᠶᠢᠨ ᠪᠠᠭᠰᠢ᠂ ᠵᠢᠭᠠᠬᠤ ᠶᠢ ᠰᠤᠳᠤᠯᠤᠭᠴᠢ᠃ ᠶᠡᠭᠡ ᠭᠡᠯᠡᠮᠡᠭᠡᠢ ᠶᠠᠷᠢᠮᠠᠭᠠᠢ᠂ ᠮᠡᠳᠡᠯᠭᠡ᠂ ᠰᠠᠳᠭᠢᠴᠠ ᠪᠠᠷ ᠬᠤᠷᠴᠠ ᠰᠡᠷᠡᠭᠡᠢ ᠪᠠᠭᠰᠢ᠃ ᠭᠢᠴᠢᠶᠡᠯᠯᠡᠭᠡ ᠪᠣᠯᠤᠨ ᠶᠠᠷᠢᠶ᠎ᠠ ᠳᠠᠢ᠌ᠯᠤᠨ ᠨᠢ ᠳᠣᠢ᠌ᠯ ᠤᠨ ᠭᠦᠭ᠍ᠵᠢᠶᠡᠨ ᠲᠡᠶ᠂ ᠪᠦᠳᠦᠮᠵᠢ ᠲᠡᠶ ᠪᠣᠯᠵᠤ᠂ ᠣᠯᠠᠨ ᠤ ᠳᠠᠭᠠᠰᠢᠶᠠᠯ ᠭᠦᠷᠢᠶᠡᠯᠡᠯ ᠢ ᠶᠡᠭᠡᠳᠡ ᠣᠯᠪᠠ᠃

ᠵᠢᠶᠠ ᡁᠢ ᠮᠢᠨ ᠪᠠᠭᠰᠢ ᠪᠣᠯ ᠱᠠᠩᠬᠠᠢ ᠬᠤᠳᠠ ᠡᠴᠠ ᠢᠷᠡᠭ᠍ᠰᠡᠨ᠂ ᠰᠤᠷᠭᠠᠨ ᠭᠦᠮᠦᠵᠢᠯ ᠤᠨ ᠰᠸᠰᠲ᠋ᠸᠮ ᠳᠤ᠂ 50 ᠭᠠᠷᠤᠢ ᠵᠢᠯ ᠠᠵᠢᠯᠯᠠᠭᠰᠠᠨ ᠪᠠᠭᠰᠢ᠂ ᠠᠯᠳᠠᠷᠳᠤ ᠰᠤᠷᠭᠠᠨ ᠭᠦᠮᠦᠵᠢᠯ ᠤᠨ ᠰᠤᠳᠤᠯᠭᠠᠳᠠᠨ᠃ ᠡᠨᠡ ᠵᠢᠯ 71 ᠨᠠᠰᠤᠳᠠᠢ᠃ ᠡᠨᠡ ᠣᠳᠠᠭ᠎ᠠ ᠶᠢᠨ ᠨᠡᠭᠡᠭᠡᠯᠳᠡ ᠶᠢᠨ ᠭᠢᠴᠢᠶᠠᠯ ᠣᠷᠤᠭᠰᠠᠤᠨ ᠤᠨ ᠨᠠᠰᠤ ᠪᠠᠷ ᠬᠠᠮᠤᠭ ᠤᠨ ᠶᠡᠭᠡ ᠨᠢ᠃ ᠣᠯᠠᠨ ᠣᠯᠠᠨ ᠪᠦᠳᠦᠭᠡᠯ ᠣᠷᠤᠯᠳᠤᠯᠭ᠎ᠠ ᠲᠡᠶ ᠣᠯᠠᠨ ᠣᠯᠠᠨ ᠱᠠᠩᠨᠠᠯ ᠭᠦᠭᠢᠭᠦᠯᠦᠯ᠂ ᠨᠠᠷᠠᠢ᠌ᠳᠤᠯ ᠴᠤᠯᠠ ᠲᠡᠶ ᠪᠠᠭᠰᠢ᠃ ᠳᠡᠭᠦᠨ ᠤ ᠭᠢᠴᠢᠶᠡᠯᠯᠡᠭᠡ ᠪᠠ ᠶᠠᠷᠢᠶ᠎ᠠ ᠳᠠᠢ᠌ᠯᠤᠨ ᠨᠢ ᠳᠣᠢ᠌ᠯ ᠤᠨ ᠠᠮᠢᠳᠤᠯᠢᠭ᠂ ᠭᠦᠭ᠍ᠵᠢᠶᠡᠨ ᠲᠡᠶ᠂ ᠴᠢᠯᠦᠭᠡᠳᠡᠢ ᠠᠭᠤᠯᠭ᠎ᠠ ᠣᠤᠠᠬ᠎ᠠ ᠳᠡᠯᠭᠡᠷᠡᠩᠭᠦᠢ ᠭᠡᠯᠡ ᠶᠠᠷᠢᠶ᠎ᠠ ᠣᠷᠤᠰᠤᠮ᠎ᠠ ᠪᠠᠶᠠᠯᠢᠭ᠃ ᠮᠡᠳᠡᠯᠭᠡ᠂ ᠮᠠᠳᠠᠴᠠ ᠶᠢ ᠦᠷᠭᠡᠳᠭᠡᠭᠦ ᠪᠣᠯᠤᠨ ᠴᠢᠳᠠᠪᠣᠷᠢ᠂ ᠰᠠᠳᠭᠢᠴᠠ ᠶᠢ ᠪᠣᠯᠪᠠᠰᠤᠷᠠᠭᠤᠯᠬᠤ᠂ ᠵᠢᠴᠢ ᠡᠳᠡᠭᠡᠷ ᠢ ᠣᠶᠠᠯᠳᠤᠭᠤᠯᠬᠤ᠂ ᠬᠠᠷᠢᠯᠴᠠᠨ ᠨᠡᠪᠳᠡᠷᠡᠭᠦᠯᠭᠦ᠂ ᠰᠤᠯᠪᠢᠯᠴᠠᠭᠤᠯᠤᠨ ᠪᠣᠯᠪᠠᠰᠤᠷᠠᠭᠤᠯᠵᠤ ᠭᠦᠮᠦᠵᠢᠭᠦᠯᠭᠦ ᠵᠡᠷᠭᠡ ᠳᠡᠭᠡᠷ᠎ᠡ ᠶᠡᠭᠡᠳᠡ ᠠᠩᠬᠠᠷᠤᠯ᠂ ᠰᠠᠳᠭᠢᠴᠠ ᠳᠠᠯᠪᠢᠵᠤ᠂ ᠰᠤᠳᠤᠯᠭ᠎ᠠ᠂ ᠴᠢᠷᠮᠠᠢ᠌ᠯᠭ᠎ᠠ ᠭᠠᠷᠭᠠᠵᠤ ᠪᠠᠢ᠌ᠭ᠎ᠠ ᠪᠠᠭᠰᠢ᠃ ᠭᠢᠴᠢᠶᠡᠯᠯᠡᠭᠡ ᠪᠣᠯᠤᠨ ᠶᠠᠷᠢᠶ᠎ᠠ ᠳᠠᠢ᠌ᠯᠤᠨ ᠨᠢ ᠴᠤ ᠰᠤᠷᠤᠭᠴᠢᠳ ᠪᠠ ᠰᠤᠨᠤᠰᠤᠭᠴᠢᠳ ᠤᠨ ᠠᠩᠬᠠᠷᠤᠯ᠂ ᠰᠠᠳᠭᠢᠴᠠ ᠶᠢ ᠠᠷᠭ᠎ᠠ ᠦᠭᠡᠶ ᠳᠠᠳᠠᠭᠰᠠᠨ ᠭᠢᠴᠢᠶᠡᠯᠯᠡᠭᠡ᠂ ᠶᠠᠷᠢᠶ᠎ᠠ ᠳᠠᠢ᠌ᠯᠤᠨ ᠪᠣᠯᠪᠠ᠃

ᠪᠠᠰᠠ ᠵᠢᠶᠠᠩᠰᠤ ᠮᠤᠵᠢ ᠡᠴᠠ ᠢᠷᠡᠭ᠍ᠰᠡᠨ ᠯᠢ ᠸᠸᠢ ᠵᠦᠩ ᠪᠠᠭᠰᠢ ᠪᠣᠯᠤᠨ ᠢᠤᠢ ᠶᠦᠩ ᠵᠧᠩ ᠵᠡᠷᠭᠡ ᠪᠠᠭᠰᠢ ᠨᠡᠷ ᠤᠨ ᠭᠢᠴᠢᠶᠡᠯᠯᠡᠭᠡ᠂ ᠶᠠᠷᠢᠶ᠎ᠠ ᠳᠠᠢ᠌ᠯᠤᠨ ᠴᠤ ᠦᠪᠡᠷ ᠦᠪᠡᠷ ᠤᠨ ᠣᠠᠴᠠᠯᠢᠭ ᠲᠡᠶ᠂ ᠦᠪᠡᠷᠮᠢᠴᠠ ᠭᠡᠪ ᠨᠠᠮᠪᠠ ᠲᠡᠶ ᠭᠢᠴᠢᠶᠡᠯᠯᠡᠭᠡ᠂ ᠶᠠᠷᠢᠶ᠎ᠠ ᠳᠠᠢ᠌ᠯᠤᠨ ᠪᠣᠯᠤᠭᠰᠠᠨ ᠪᠠᠢ᠌ᠵᠠᠭᠠᠭᠰᠠᠨ᠃

ᠯᠢ ᠸᠸᠢ ᠵᠦᠩ ᠪᠠᠭᠰᠢ ᠪᠣᠯ ᠵᠢᠶᠠᠩᠰᠤ ᠮᠤᠵᠢ ᠶᠢᠨ ᠴᠢ ᠳ᠋ᠦ᠋ᠩ (启东) ᠳᠤᠷᠰᠢᠯᠳᠠ ᠶᠢᠨ ᠪᠠᠭ᠎ᠠ ᠰᠤᠷᠭᠠᠭᠤᠯᠢ ᠶᠢᠨ ᠵᠢᠭᠠᠨ ᠰᠤᠷᠭᠠᠯᠳᠠ ᠶᠢ ᠬᠤᠪᠢᠶᠠᠷᠢᠯᠠᠨ ᠬᠠᠮᠢᠶᠠᠷᠴᠤ ᠪᠠᠢ᠌ᠭ᠎ᠠ ᠳᠠᠳ᠋ ᠵᠠᠭᠢᠷᠤᠯ᠃ ᠳᠡᠭᠦᠨ ᠤ ᠶᠠᠷᠢᠶ᠎ᠠ ᠶᠦᠮᠦᠷᠯᠢᠭ᠌ ᠭᠡᠯᠯᠡᠭᠡ ᠬᠤᠷᠴᠠ ᠣᠨᠤᠪᠴᠢᠯᠢᠭ᠂ ᠠᠪᠰᠠᠷᠬᠠᠨ᠂ ᠰᠢᠭᠤᠳ ᠰᠢᠯᠤᠭᠤᠨ ᠭᠦᠳᠡᠯᠦᠯ ᠪᠠᠷᠢᠯ ᠡᠪᠯᠢᠭ᠌ ᠳᠤᠭᠢᠷᠠᠮᠵᠢᠳᠠᠢ ᠭᠢᠴᠢᠶᠠᠯ ᠤᠨ ᠪᠡᠯᠡᠳᠭᠡᠮᠵᠢ ᠪᠦᠷᠢᠨ᠃ ᠳᠠᠷᠠ 《ᠨᠠᠭᠠᠴᠤ ᠡᠮᠡᠭᠡ ᠶᠢᠨ ᠴᠠᠭᠠᠰᠤᠨ ᠬᠠᠢ᠌ᠴᠢᠯᠡᠮᠡᠯ》 ᠭᠡᠭᠦ ᠭᠢᠴᠢᠶᠠᠯ ᠢ ᠵᠢᠭᠠᠵᠤ᠂ ᠰᠤᠷᠤᠭᠴᠢᠳ ᠪᠣᠯᠤᠨ ᠰᠤᠨᠤᠰᠤᠭᠴᠢ ᠪᠢᠳᠠᠨ ᠢ ᠴᠤᠬᠤᠮ ᠨᠢᠭᠡ ᠴᠠᠭᠠᠰᠤᠨ ᠬᠠᠢ᠌ᠴᠢᠯᠠᠮᠠᠯ ᠤᠨ 《ᠶᠢᠷᠳᠢᠠᠴᠤ》 ᠪᠠᠷ ᠠᠶᠠᠯᠠᠭᠤᠯᠤᠨ ᠳᠤᠭᠤᠷᠢᠭᠤᠯᠪᠠ᠃ ᠳᠡᠭᠦᠨ ᠤ ᠳᠡᠷᠡᠭᠦ ᠭᠢᠴᠢᠶᠡᠯᠯᠡᠭᠡ ᠳᠡᠭᠡᠷᠡᠭᠢ ᠵᠠᠷᠢᠮ ᠨᠢᠭᠡ ᠥᠭᠡ ᠭᠡᠯᠡᠯᠭᠡ᠂ ᠭᠦᠳᠡᠯᠦᠯ ᠪᠠᠷᠢᠯ᠂ ᠳᠦᠷᠢ ᠳᠦᠷᠰᠤᠯᠠᠯ ᠨᠢ ᠣᠳᠤ ᠪᠣᠯᠳᠠᠯ᠎ᠠ ᠨᠠᠳᠠ ᠰᠤᠨᠤᠰᠤᠭᠳᠠᠭᠰᠠᠭᠠᠷ᠂ ᠪᠣᠳᠤᠭᠳᠠᠭᠰᠠᠭᠠᠷ᠂ ᠬᠠᠷᠠᠭᠳᠠᠭᠰᠠᠭᠠᠷ᠃

ᠢᠤᠢ ᠶᠦᠩ ᠵᠸᠩ ᠪᠠᠭᠰᠢ ᠪᠣᠯ ᠵᠢᠶᠠᠩᠰᠤ ᠮᠤᠵᠢ ᠶᠢᠨ ᠣᠠᠴᠠ ᠳᠠᠰ ᠤᠨ ᠪᠠᠭᠰᠢ᠂ ᠣᠯᠤᠰ ᠤᠨ ᠲᠡᠳᠬᠦᠷᠢᠳᠤ ᠳᠤᠰᠬᠠᠢ ᠮᠡᠷᠭᠡᠵᠢᠯᠳᠡᠨ᠃ ᠨᠠᠠᠵᠢᠩ ᠬᠤᠳᠠ ᠶᠢᠨ ᠭᠡᠩᠭᠡᠷᠡᠭᠡᠳᠤ ᠠᠰᠠᠷ (鼓楼) ᠳᠤᠭᠤᠷᠢᠭ ᠤᠨ ᠵᠢᠭᠠᠬᠤ ᠶᠢ ᠰᠤᠳᠤᠯᠬᠤ ᠳᠠᠰᠤᠭ ᠤᠨ ᠡᠷᠭᠢᠯᠡᠭ᠍ᠴᠢ᠃ 40 ᠭᠠᠷᠤᠢ ᠵᠢᠯ ᠵᠢᠭᠠᠨ ᠰᠤᠷᠭᠠᠯᠳᠠ ᠶᠢᠨ ᠨᠢᠭᠡᠳᠦᠭᠡᠷ ᠹᠷᠤᠠᠲ᠋ ᠳᠤ ᠠᠵᠢᠯᠯᠠᠵᠤ ᠪᠠᠢ᠌ᠭ᠎ᠠ ᠠᠬᠠᠮᠠᠤᠨ ᠪᠠᠭᠰᠢ᠃ ᠳᠡᠭᠦᠨ ᠤ ᠭᠢᠴᠢᠶᠡᠯᠡᠯᠭᠡ᠂ ᠶᠠᠷᠢᠶ᠎ᠠ ᠳᠠᠢ᠌ᠯᠤᠨ ᠤ ᠭᠡᠪ ᠨᠠᠮᠪᠠ ᠪᠣᠯ ᠣᠶᠠᠨ ᠵᠥᠭᠡᠯᠡᠨ᠂ ᠨᠠᠮ ᠳᠤᠭᠳᠠᠭᠤᠨ᠃ ᠣᠬᠠᠭᠠᠯᠢᠭ᠂ ᠣᠷᠠᠯᠢᠭ ᠥᠭᠡ ᠶᠠᠷᠢᠶ᠎ᠠ ᠪᠠᠷ ᠰᠤᠷᠤᠭᠴᠢᠳ ᠤᠨ ᠠᠩᠬᠠᠷᠤᠯ ᠰᠠᠳᠭᠢᠴᠠ ᠶᠢ ᠳᠠᠳᠠᠵᠤ᠂ ᠭᠢᠴᠢᠶᠠᠯ ᠤᠨ ᠭᠤᠤᠯ ᠠᠭᠤᠯᠭ᠎ᠠ᠂ ᠰᠠᠨᠠᠭ᠎ᠠ ᠪᠠᠨ ᠣᠯᠠᠮᠯᠠᠵᠤ ᠵᠢᠭᠠᠬᠤ ᠪᠣᠯ ᠳᠡᠭᠦᠨ ᠤ ᠭᠤᠤᠯ 《ᠠᠪᠳᠠᠯ》᠃ ᠭᠢᠴᠢᠶᠡᠯᠯᠡᠭᠡ᠂ ᠶᠠᠷᠢᠶ᠎ᠠ ᠳᠠᠢ᠌ᠯᠤᠨ ᠨᠢ ᠭᠡᠳᠥᠢ᠌ᠪᠠᠷ ᠪᠠᠭ᠎ᠠ ᠶᠡᠷᠦᠮᠳᠡᠭ᠌ ᠰᠢᠭ᠌ ᠪᠣᠯᠪᠠᠴᠤ᠂ 《ᠶᠡᠷᠦᠮᠳᠡᠭ᠌》 ᠤᠨ ᠳᠤᠮᠳᠠ ᠶᠠᠷᠤ ᠨᠢ ᠶᠡᠷᠦᠮᠳᠡᠭ᠌ ᠪᠢᠰᠢ ᠭᠡᠰᠡᠨ ᠳᠦᠷᠦᠭ᠍ᠳᠡᠯ᠂ ᠰᠡᠳᠭᠢᠭ᠍ᠳᠡᠯ ᠣᠯᠭᠤᠨ᠎ᠠ᠃

ᠡᠨᠡ ᠣᠳᠠᠭ᠎ᠠ ᠶᠢᠨ ᠨᠡᠭᠡᠭᠡᠯᠳᠡ ᠶᠢᠨ ᠭᠢᠴᠢᠶᠡᠯᠯᠡᠭᠡ ᠶᠢᠨ ᠰᠤᠳᠤᠯᠤᠨ ᠶᠠᠷᠢᠯᠴᠠᠬᠤ ᠬᠤᠷᠠᠯ ᠳᠤ ᠳᠡᠭᠡᠷᠡᠭᠢ ᠣᠠᠴᠠ ᠳᠠᠰ ᠤᠨ ᠪᠠᠭᠰᠢ᠂ ᠰᠢᠯᠢᠳᠡᠭ᠌ ᠵᠠᠯᠠᠭᠤ ᠪᠠᠭᠰᠢ ᠨᠡᠷ ᠡᠴᠡ ᠠᠰᠳᠠᠭᠠᠨ ᠭᠢᠴᠢᠶᠠᠯ ᠰᠤᠨᠤᠰᠤᠭᠰᠠᠨ ᠪᠠᠭᠰᠢ ᠨᠡᠷ ᠤᠨ ᠠᠬᠤᠢ ᠳᠠᠯᠠᠪᠠᠢ ᠶᠢᠨ 《ᠭᠠᠷ》 ᠥᠵᠡᠭᠦᠯᠦᠯᠭᠡ ᠶᠢᠨ ᠭᠢᠴᠢᠶᠡᠯᠯᠡᠭᠡ ᠭᠡᠵᠤ ᠳᠤᠭᠢᠷᠠᠭᠤᠯᠪᠠ᠃ ᠭᠢᠷᠢᠨ ᠮᠤᠵᠢ ᠶᠢᠨ ᠳᠤᠤ ᠨᠠᠨ ᠰᠢᠶᠠᠨ ᠤ ᠨᠢᠭᠡᠳᠦᠭᠡᠷ ᠪᠠᠭ᠎ᠠ ᠰᠤᠷᠭᠠᠭᠤᠯᠢ ᠶᠢᠨ ᠴᠢᠤ ᠯᠢ ᠬᠤᠢ᠂ ᠣᠮᠠᠷᠠᠳᠤ ᠶᠢᠨ ᠴᠢᠯᠠᠭᠤᠨ ᠳᠤᠰᠤᠨ ᠤ ᠬᠤᠪᠢᠶᠠᠷᠢ ᠳᠤᠪᠴᠢᠶ᠎ᠠ ᠶᠢᠨ ᠨᠢᠭᠡᠳᠦᠭᠡᠷ ᠬᠤᠪᠢᠶᠠᠷᠢ ᠳᠤᠪᠴᠢᠶ᠎ᠠ ᠶᠢᠨ ᠪᠠᠭ᠎ᠠ ᠰᠤᠷᠭᠠᠭᠤᠯᠢ ᠶᠢᠨ ᠵᠸᠤ ᠰᠢᠶᠤᠤ ᠨᠨ᠂ ᠬᠤᠪᠧᠢ ᠮᠤᠵᠢ ᠶᠢᠨ ᠦᠬᠠᠨ ᠬᠤᠳᠠ ᠶᠢᠨ ᠳ᠋ᠦ᠋ᠩ ᠹᠠᠩ ᠬᠤᠩ (东方红) ᠪᠠᠭ᠎ᠠ ᠰᠤᠷᠭᠠᠭᠤᠯᠢ ᠶᠢᠨ ᠵᠠᠩ ᠯᠢ ᠵᠡᠷᠭᠡ ᠭᠤᠷᠪᠠᠨ ᠪᠠᠭᠰᠢ ᠡᠨᠡᠭᠦ ᠡᠭᠦᠷᠭᠡ ᠳᠠᠭᠠᠭᠠᠯᠭᠠᠪᠣᠷᠢ ᠶᠢ ᠭᠦᠯᠢᠶᠡᠨ ᠠᠪᠴᠤ᠂ ᠡᠨᠡ ᠭᠢᠴᠢᠶᠡᠯᠯᠡᠭᠡ ᠶᠢ ᠣᠷᠤᠵᠠᠭᠠᠪᠠ᠃ ᠳᠠᠳᠠ ᠨᠡᠷ ᠴᠤ ᠳᠤᠩ ᠴᠢᠷᠮᠠᠢ᠌ᠵᠤ ᠵᠢᠭᠠᠵᠠᠭᠠᠭᠰᠠᠨ᠂ ᠣᠷᠤᠵᠠᠭᠠᠭᠰᠠᠨ᠃ ᠭᠡᠪᠠᠴᠤ ᠨᠠᠷᠠᠳᠤ ᠣᠠᠴᠠ ᠳᠠᠰ ᠤᠨ ᠪᠠᠭᠰᠢ᠂ ᠰᠢᠯᠢᠳᠡᠭ᠌ ᠵᠠᠯᠠᠭᠤ ᠪᠠᠭᠰᠢ ᠨᠡᠷ ᠲᠡᠶ ᠪᠠᠨ ᠠᠳᠠᠯᠢᠤᠠᠬᠠᠪᠠᠯ᠂ ᠵᠠᠷᠢᠮ ᠨᠢᠭᠡ ᠳᠠᠯ᠎ᠠ ᠪᠠᠷ ᠶᠢᠡᠨ ᠭᠦᠷᠭᠦ ᠦᠭᠡᠶ ᠶᠤᠮ ᠦᠦ᠂ ᠳᠤᠳᠠᠭᠳᠠᠯ ᠲᠡᠶ ᠴᠤ ᠶᠤᠮ ᠦᠦ ᠭᠡᠰᠡᠨ ᠳᠦᠷᠦᠭ᠍ᠳᠡᠯ ᠦᠭ‍ᠭᠦᠭ᠍ᠰᠡᠨ᠃ ᠳᠡᠭᠡᠪᠠᠴᠤ ᠳᠠᠳᠠᠨ ᠤ ᠵᠤᠷᠢᠭᠳᠠᠢ ᠪᠠᠷ᠂ ᠣᠮᠤᠭ ᠲᠡᠶ ᠪᠠᠷ᠂ ᠢᠳᠡᠭᠡᠯ ᠲᠡᠶ ᠪᠠᠷ ᠡᠨᠡᠭᠦ ᠲᠦᠷ ᠴᠠᠭ ᠤᠨ ᠳᠤᠭᠢᠷᠠᠭᠤᠯᠤᠭᠰᠠᠨ ᠡᠭᠦᠷᠭᠡ ᠳᠠᠭᠠᠭᠠᠯᠭᠠᠪᠣᠷᠢ ᠶᠢ ᠭᠦᠯᠢᠶᠡᠨ ᠠᠪᠴᠤ ᠪᠠᠶᠡᠯᠡᠭᠦᠯᠵᠡᠭᠡᠭ᠍ᠰᠡᠨ ᠵᠤᠷᠢᠭ ᠰᠠᠨᠠᠭ᠎ᠠ᠂ ᠵᠤᠷᠢᠯᠳᠠ ᠳᠠᠮᠠᠤᠯᠠᠯ ᠨᠢ ᠮᠠᠭᠳᠠᠭᠤᠰᠢᠳᠠᠢ᠂ ᠰᠤᠷᠤᠯᠴᠠᠭᠤᠰᠢᠳᠠᠢ ᠪᠢᠯᠠ︕

ᠠᠩᠬᠠᠷᠤᠭᠤᠰᠢᠳᠠᠢ ᠪᠣᠶᠤ ᠰᠤᠨᠢᠷᠬᠠᠭᠤᠰᠢᠳᠠᠢ ᠨᠢ᠂ ᠡᠷᠡᠭ᠍ᠳᠡᠢ ᠪᠠᠭᠰᠢ ᠨᠡᠷ ᠤᠨ ᠭᠢᠴᠢᠶᠡᠯᠯᠡᠭᠡ᠂ ᠶᠠᠷᠢᠶ᠎ᠠ ᠳᠠᠢ᠌ᠯᠤᠨ ᠰᠢᠭᠤᠳ ᠰᠢᠯᠤᠭᠤᠨ᠂ ᠡᠷᠡᠰ ᠳᠠᠰᠤᠯᠠᠭ᠃ ᠭᠡᠰᠡᠭ᠌ ᠡᠮᠡᠭ᠍ᠳᠡᠢ ᠪᠠᠭᠰᠢ ᠶᠢᠨ ᠭᠢᠴᠢᠶᠡᠯᠯᠡᠭᠡ᠂ ᠶᠠᠷᠢᠶ᠎ᠠ ᠳᠠᠢ᠌ᠯᠤᠨ ᠪᠠᠭ᠎ᠠ ᠨᠤᠷᠰᠢᠩᠭ᠋ᠤᠢ᠂ ᠰᠤᠠᠵᠠᠷᠠᠭᠤ ᠰᠢᠭ ᠭᠡᠭᠦ ᠳᠦᠷᠦᠭ᠍ᠳᠡᠯ᠂ ᠰᠠᠭᠤᠭᠳᠠᠯ ᠦᠭ‍ᠭᠦᠨ᠎ᠡ᠃ ᠡᠭᠦᠨ ᠢ ᠭᠢᠴᠢᠶᠠᠯ ᠤᠨ ᠵᠠᠪᠰᠠᠷ᠂ ᠭᠢᠴᠢᠶᠠᠯ ᠶᠠᠷᠢᠵᠤ᠂ ᠭᠢᠴᠢᠶᠠᠯ ᠦᠨᠡᠯᠠᠵᠤ᠂ ᠴᠢᠯᠦᠭᠡᠳᠡᠢ ᠶᠠᠷᠢᠯᠴᠠᠬᠤ ᠦᠶ᠎ᠡ ᠳᠤ᠂ ᠵᠠᠷᠢᠮ ᠭᠢᠴᠢᠶᠠᠯ ᠰᠤᠨᠤᠰᠤᠭᠴᠢ ᠪᠠᠭᠰᠢ ᠡᠴᠡ ᠳᠤᠰᠬᠠᠢ ᠠᠰᠠᠭᠤᠯᠳᠠ ᠳᠤᠷᠠᠳᠤᠯᠳᠠ ᠪᠣᠯᠭᠠᠨ ᠠᠰᠠᠭᠤᠵᠤ ᠳᠤᠷᠠᠳᠴᠤ᠂ ᠰᠠᠨᠠᠯ ᠵᠥᠪᠯᠡᠯᠭᠡ ᠥᠭ᠍ᠴᠤ ᠭᠦᠰᠡᠵᠤ ᠪᠠᠢ᠌ᠭᠰᠠᠨ᠃

ᠶᠠᠷᠤᠩᠭᠡᠢ ᠳᠡᠭᠡᠨ᠂ ᠡᠨᠡ ᠣᠳᠠᠭ᠎ᠠ ᠶᠢᠨ ᠡᠳᠡᠭᠡᠷ ᠨᠡᠭᠡᠭᠡᠯᠳᠡ ᠶᠢᠨ ᠭᠢᠴᠢᠶᠡᠯᠯᠡᠭᠡ ᠳᠤ᠂ ᠠᠯᠳᠠᠰᠢ ᠣᠨᠠᠰᠢ ᠲᠡᠶ ᠳᠠᠯ᠎ᠠ ᠪᠠᠭ᠎ᠠ ᠰᠠᠭ᠎ᠠ ᠬᠠᠷᠠᠭᠳᠠᠵᠤ ᠪᠠᠢ᠌ᠭᠰᠠᠨ ᠴᠤ᠂ ᠨᠠᠢ᠌ᠳᠠᠮ ᠳᠡᠭᠡᠨ ᠠᠮᠵᠢᠯᠳᠠ ᠪᠦᠳᠦᠮᠵᠢ ᠲᠡᠶ ᠭᠢᠴᠢᠶᠡᠯᠡᠯᠭᠡ᠂ ᠶᠠᠷᠢᠶ᠎ᠠ ᠳᠠᠢ᠌ᠯᠤᠨ ᠪᠣᠯᠵᠠᠭᠠᠭᠰᠠᠨ ᠭᠡᠵᠢ ᠭᠡᠯᠡᠯᠳᠡᠢ︕

ᠪᠢ ᠡᠳᠡᠭᠡᠷ ᠭᠢᠴᠢᠶᠡᠯᠯᠡᠭᠡ ᠪᠣᠶᠤ ᠶᠠᠷᠢᠶ᠎ᠠ ᠳᠠᠢ᠌ᠯᠤᠨ ᠦᠭ‍ᠭᠦᠭ᠍ᠰᠡᠨ ᠪᠠᠭᠰᠢ ᠨᠡᠷ ᠤᠨ ᠭᠢᠴᠢᠶᠡᠯᠯᠡᠭᠡ ᠪᠣᠶᠤ ᠶᠠᠷᠢᠶ᠎ᠠ ᠳᠠᠢ᠌ᠯᠤᠨ ᠢ ᠰᠤᠨᠤᠰᠤᠭᠠᠤᠨ᠂ ᠠᠯᠢ ᠨᠢᠭᠡᠨ ᠡᠳᠦᠷ᠂ ᠮᠠᠨᠠᠢ᠌ᠭᠢᠨ ᠤ ᠪᠠᠭᠰᠢ ᠨᠡᠷ (ᠮᠤᠩᠭ᠋ᠤᠯ ᠶᠢᠡᠷ ᠭᠢᠴᠢᠶᠠᠯᠯᠠᠵᠤ ᠪᠠᠢ᠌ᠭ᠎ᠠ ᠪᠠᠭᠰᠢ ᠨᠡᠷ) ᠡᠢ᠌ᠮᠦᠷᠭᠦ ᠭᠢᠴᠢᠶᠡᠯᠡᠯᠭᠦ᠂ ᠶᠠᠷᠢᠶ᠎ᠠ ᠳᠠᠢ᠌ᠯᠤᠨ ᠳᠠᠯᠪᠢᠬᠤ᠂ ᠦᠨᠡᠯᠠᠯᠳᠠ ᠵᠠᠳᠠᠯᠤᠯᠳᠠ ᠦᠭ‍ᠭᠦ ᠭᠢᠷᠢ ᠭᠡᠮ᠂ ᠣᠷ᠎ᠠ ᠠᠪᠢᠶᠠᠰ᠂ ᠡᠷᠳᠡᠮ ᠪᠣᠯᠪᠠᠰᠤᠷᠠᠯ ᠲᠡᠶ ᠪᠣᠯᠴᠢᠬᠠᠪᠠᠯ᠂ ᠭᠡᠳᠦᠢ ᠰᠠᠢ᠌ᠬᠠᠨ ᠪᠣᠢ ᠭᠡᠵᠤ ᠪᠣᠳᠤᠵᠤ᠂ ᠰᠥᠪᠠᠭ᠍ᠴᠢᠯᠡᠵᠤ ᠶᠠᠪᠣᠯ᠎ᠠ᠃ ᠪᠣᠳᠤᠭᠰᠠᠨ᠂ ᠰᠥᠪᠠᠭ᠍ᠴᠢᠯᠡᠭ᠍ᠰᠡᠨ ᠶᠢᠡᠷ ᠶᠢᠡᠨ ᠭᠢᠵᠤ ᠪᠠᠷᠢᠬᠤ ᠪᠠᠷ ᠵᠤᠷᠢᠭ ᠰᠢᠭᠤᠳᠤᠯ᠎ᠠ ᠁

ᠡᠨᠡ ᠣᠳᠠᠭ᠎ᠠ ᠶᠢᠨ ᠰᠤᠳᠤᠯᠤᠨ ᠶᠠᠷᠢᠯᠴᠠᠬᠤ ᠬᠤᠷᠠᠯ ᠤᠨ ᠪᠠᠰᠠ ᠨᠢᠭᠡ ᠳᠤᠪᠣᠢ᠌ᠮ᠎ᠠ ᠣᠠᠴᠠᠯᠢᠭ ᠭᠡᠪᠠᠯ᠂ ᠵᠤᠬᠢᠶᠠᠨ ᠪᠠᠢ᠌ᠭᠤᠯᠤᠭᠴᠢᠳ ᠡᠴᠠ ᠪᠦᠭᠦᠳᠡ ᠭᠢᠴᠢᠶᠡᠯᠯᠡᠭᠡ᠂ ᠶᠠᠷᠢᠶ᠎ᠠ ᠳᠠᠢ᠌ᠯᠤᠨ ᠭᠢᠭ᠍ᠰᠡᠳ ᠪᠦᠷᠢ ᠳᠤ᠂ ᠠᠬᠤᠢ ᠳᠠᠯᠠᠪᠠᠢ ᠶᠢᠨ ᠳᠦᠷᠢ ᠰᠢᠩᠭᠡᠭᠡᠯᠳᠡ ᠭᠢᠵᠤ᠂ ᠭᠡᠷᠡᠯᠯᠢᠭ᠌ ᠳᠠᠪᠠᠭ ᠲᠤ ᠳᠠᠪᠠᠭᠯᠠᠵᠤ᠂ ᠳᠠᠷᠠ ᠳᠠᠷᠣᠢ᠌ᠬᠠᠨ ᠶᠢᠡᠨ ᠣᠯᠠᠨ ᠳᠤ ᠳᠠᠷᠠᠬᠠᠭᠠᠨ ᠥᠭ᠍ᠪᠡ᠃ ᠪᠠᠰᠠ ᠬᠤᠷᠠᠯ ᠤᠨ ᠪᠦᠭᠦᠳᠡ ᠮᠠᠲ᠋ᠷᠢᠶᠠᠯ ᠢ ᠳᠠᠪᠳᠠᠷᠯᠠᠵᠤ ᠭᠦᠮᠤᠨ ᠪᠦᠷᠢ ᠳᠤ ᠨᠢᠭᠡ ᠳᠠᠪᠳᠠᠷ ᠭᠠᠷᠳᠠᠭᠤᠯᠵᠤ᠂ ᠯᠠᠪᠯᠠᠵᠤ᠂ ᠭᠢᠨᠠᠬᠤ ᠳ᠋ᠤᠨᠢ ᠳᠤᠰᠠ ᠳᠡᠮᠵᠢᠯᠭᠡ ᠪᠣᠯᠭᠠᠭᠰᠠᠨ ᠪᠠᠢ᠌ᠨ᠎ᠠ᠃ ᠡᠨᠡ ᠨᠢ ᠠᠯᠢ ᠴᠤ ᠣᠳᠠᠭ᠎ᠠ ᠶᠢᠨ ᠬᠢ ᠡᠴᠠ ᠪᠦᠷᠢᠨ ᠭᠦᠢᠴᠡᠳ ᠪᠦᠭᠡᠳ ᠬᠠᠩᠭ᠋ᠠᠮᠵᠢᠳᠠᠢ᠂ ᠳᠤᠭᠢᠷᠠᠮᠵᠢᠳᠠᠢ ᠭᠡᠭᠦ ᠰᠢᠤ ᠰᠠᠨᠠᠭᠳᠠᠨ᠎ᠠ᠃

ᠡᠨᠡ ᠣᠳᠠᠭ᠎ᠠ ᠶᠢᠨ ᠪᠠᠭᠡᠵᠢᠩ ᠳᠤ᠂ ᠭᠤᠷᠪᠠᠨ ᠡᠳᠦᠷ ᠭᠢᠴᠢᠶᠠᠯ ᠰᠤᠨᠤᠰᠤᠭᠰᠠᠨ ᠳᠦᠷᠦᠭ᠍ᠳᠡᠯ᠂ ᠣᠯᠤᠯᠳᠠ ᠮᠢᠨᠢ ᠭᠡᠪᠠᠯ ᠡᠢ᠌ᠮᠦᠷᠭᠦ ᠰᠢᠤ ᠪᠠᠢ᠌ᠨ᠎ᠠ᠃

ᠭᠢᠴᠢᠶᠠᠯ ᠰᠤᠨᠤᠰᠤᠭᠰᠠᠨ ᠡᠴᠠ ᠭᠠᠳᠠᠨ᠎ᠠ᠂ ᠪᠢᠳᠠ ᠵᠠᠪᠰᠠᠷ ᠴᠢᠯᠦᠭᠡᠨ ᠳ᠋ᠤᠨᠢ ᠪᠠᠭᠡᠵᠢᠩ ᠬᠤᠳᠠ ᠶᠢᠨ ᠬᠤᠷᠰᠢᠶ᠎ᠠ ᠳᠡᠯᠭᠡᠭᠦᠷ᠂ ᠬᠤᠳᠠ ᠵᠡᠭᠡᠯᠢ ᠪᠠᠷ ᠳᠤᠭᠤᠷᠢᠵᠤ ᠵᠤᠭᠠᠴᠠᠵᠤ ᠶᠠᠪᠣᠭᠰᠠᠨ᠃ ᠳ᠋ᠦ᠋ᠩ ᠳ᠋ᠠᠨ᠂ ᠰᠢ ᠳ᠋ᠠᠨ᠂ ᠸᠠᠩ ᠹᠤ᠋ ᠶᠢᠨ᠂ ᠰᠢᠤ ᠱᠦᠢ ᠵᠡᠭᠡᠯᠢ (秀小街) ᠪᠠᠷ ᠪᠦᠷ ᠣᠴᠢᠭᠰᠠᠨ᠃ ᠪᠠᠰᠠ ᠣᠯᠢᠮᠫᠢᠺ ᠶᠢᠨ ᠳᠠᠮᠢᠷ ᠤᠨ ᠳᠠᠯᠠᠪᠠᠢ (ᠣᠯᠠᠨ ᠤ ᠶᠠᠷᠢᠳᠠᠭ 《ᠰᠢᠪᠠᠭᠤᠨ ᠡᠭᠦᠷ》)᠂ ᠣᠯᠤᠰ ᠤᠨ ᠪᠠᠶ᠎ᠠ ᠳᠠᠮᠢᠷ ᠤᠨ ᠣᠷᠳᠤᠨ᠂ ᠣᠰᠤᠨ ᠣᠮᠪᠠᠯᠳᠠ ᠶᠢᠨ ᠪᠣᠯᠤᠷ (ᠰᠢᠯ ᠊ᠤᠨ) ᠣᠷᠳᠤᠨ ᠵᠡᠷᠭᠡ ᠣᠠᠴᠠᠯᠢᠭᠳᠤ ᠪᠠᠷᠢᠯᠭ᠎ᠠ᠂ ᠨᠠᠷᠠᠳᠤ ᠦᠵᠡᠮᠤᠷᠢ ᠤᠳ ᠶᠢᠡᠷ ᠴᠤ ᠣᠷᠤᠵᠤ ᠭᠠᠷᠴᠤ᠂ ᠰᠤᠨᠢᠷᠬᠠᠵᠤ ᠭᠠᠢ᠌ᠬᠠᠵᠤ᠂ ᠨᠢᠳᠤ ᠨᠡᠭᠡᠭᠡᠵᠤ ᠶᠠᠪᠣᠵᠠᠭᠠᠭᠰᠠᠨ᠁

ᠪᠠᠭᠡᠵᠢᠩ ᠰᠠᠢ᠌ᠬᠠᠨ︕

ᠪᠠᠭᠡᠵᠢᠩ ᠳᠤ ᠣᠴᠢᠬᠤ ᠰᠠᠢ᠌ᠬᠠᠨ︕

ᠪᠠᠭᠡᠵᠢᠩ ᠳᠤ ᠣᠴᠢᠭᠠᠤᠨ ᠶᠠᠭᠤᠮ᠎ᠠ ᠥᠵᠡᠭᠦ᠂ ᠶᠠᠭᠤᠮ᠎ᠠ ᠰᠤᠷᠬᠤ ᠰᠠᠢ᠌ᠬᠠᠨ︕

ᠥᠵᠡᠭ᠍ᠰᠡᠨ᠂ ᠰᠤᠷᠤᠭᠰᠠᠨ ᠶᠠᠭᠤᠮ᠎ᠠ ᠪᠠᠨ ᠥᠵᠡᠭ᠍ᠰᠡᠨ᠂ ᠰᠤᠷᠤᠭᠰᠠᠨ ᠶᠤᠰᠤᠭᠠᠷ ᠨᠢ ᠰᠢᠩᠭᠡᠭᠡᠵᠤ ᠳᠤᠭᠳᠠᠭᠠᠵᠤ᠂ ᠭᠡᠷᠡᠭᠯᠡᠵᠤ ᠠᠰᠢᠭᠯᠠᠬᠤ ᠰᠠᠢ᠌ᠬᠠᠨ ᠡᠴᠠ ᠰᠠᠢ᠌ᠬᠠᠨ︕ ᠁

ᠪᠢᠳᠠ ᠪᠠᠭᠡᠵᠢᠩ ᠳᠤ ᠵᠥᠭᠡᠷ ᠪᠣᠤ ᠣᠴᠢᠶ᠎ᠠ︕

《ᠵᠡᠭᠦᠤ》 《ᠳᠦᠪᠠᠨᠠ》 《ᠰᠥᠪᠡᠯᠡᠭᠦ》 ᠣᠬᠠᠭᠠᠨ ᠴᠢᠯᠠᠢ ᠰᠤᠷᠬᠤ ᠪᠠᠷ ᠣᠴᠢᠶ᠎ᠠ︕

ᠰᠤᠷᠤᠭᠰᠠᠨ ᠶᠢᠡᠨ ᠪᠣᠤ ᠯᠠ ᠭᠡᠭᠡᠶ᠎ᠡ︕

《ᠰᠤᠳᠤᠷ》 《ᠨᠤᠮ》 ᠪᠣᠯᠭᠠᠵᠤ ᠭᠡᠷᠡᠭᠯᠡᠵᠤ ᠵᠠᠷᠤᠶ᠎ᠠ︕


2009.3.29 ᠊᠊᠊᠊᠊᠊᠊᠊᠊᠊᠊᠊᠊᠊᠊ 3.31᠂ ᠪᠠᠭᠡᠵᠢᠩ ᠊᠊᠊᠊᠊᠊᠊᠊᠊᠊᠊᠊᠊᠊᠊ ᠬᠦᠬᠡᠬᠤᠲᠠ᠃

ᠭᠦᠷᠵᠡᠪ ᠤᠨ 《ᠵᠡᠭᠦᠳᠤᠨ ᠳᠤ ᠰᠥᠮᠡᠯᠵᠡᠭᠦ ᠣᠨ ᠵᠢᠯ》 ᠭᠡᠭᠦ (2009 ᠣᠨ ᠤ 9 ᠰᠠᠷ᠎ᠠ ᠳᠤ ᠭᠡᠪᠯᠡᠭᠦᠯᠦᠭ᠍ᠰᠡᠨ) ᠨᠠᠢ᠌ᠷᠠᠭᠤᠯᠤᠯ ᠤᠨ ᠳᠡᠭᠦᠪᠦᠷᠢ ᠡᠴᠡ

ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3486
ᠴᠠᠭ᠄ 2009 ᠤᠨ ᠤ 12 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ