ᠮᠤᠷᠢᠲᠠᠢ ᠬᠦᠮᠦᠨ
ᠭᠡᠦᠭᠡᠤᠨ ᠤᠨ ᠱᠤᠭ ᠶ‍ᠠᠷᠢᠶ᠎ᠠ

ᠠ ᠄ (ᠡᠩᠭᠡᠷ ᠶᠢᠡᠨ ᠵᠥᠷᠢᠭᠦᠯᠦᠭᠡᠤᠨ ᠳᠠᠭᠠᠷᠠᠵᠤ ᠪᠠᠭᠡᠷᠡᠭ᠍ᠰᠡᠨ ᠮᠠᠶ‍ᠢᠭᠳᠠᠢ ᠳᠠᠢ᠌ᠰᠠᠨ ᠳᠤ ᠭᠠᠷᠴᠤ ᠢᠷᠠᠨ᠎ᠡ᠃)

ᠡ ᠄ ᠭᠦᠢ ᠳᠠ ᠴᠢᠨᠢ ᠶᠠᠭᠠᠭᠢᠵᠤ ᠪᠠᠢ᠌ᠬᠤ ᠴᠢᠨᠢ ᠡᠨᠡ ᠪᠣᠢ ︖ ᠡᠪᠦᠯ ᠪᠣᠯᠤᠭ᠎ᠠ ᠦᠭᠡᠶ ᠪᠠᠷ᠃

ᠠ ᠄ ᠶᠠᠭᠠᠭᠢᠭᠠᠤᠨ ᠶᠠᠭᠠᠭᠢᠬᠤ ᠪᠣᠢ ᠂ ᠳᠠᠭᠠᠷᠠᠵᠤ ᠪᠠᠢ᠌ᠨ᠎ᠠ ᠰᠢᠳᠠ ᠃

ᠡ ᠄ ᠳᠠᠭᠠᠷᠠᠵᠤ ᠪᠠᠢ᠌ᠪᠠᠯ ᠳᠠᠬᠤ ᠲᠡᠶ ᠲᠦᠷᠦ ᠂ ᠳᠠᠭ᠎ᠠ ᠠᠳᠠᠯᠢ ᠦᠰᠦ ᠲᠡᠶ ᠲᠦᠷᠦᠨ᠎ᠡ ᠪᠠ ᠳ᠋ᠠ ︕ ( ᠭᠡᠯᠡᠴᠢᠭᠡᠭᠡᠤᠨ ᠠᠮᠠ ᠪᠠᠨ ᠪᠢᠳᠡᠭᠦᠯᠵᠤ ᠱᠤᠭ ᠲᠡᠶ ᠢᠨᠢᠶᠠᠨ᠎ᠡ )

ᠠ ᠄ ᠳᠠ ᠪᠠᠰᠠ ᠭᠦᠮᠤᠨ ᠱᠤᠭᠯᠠᠬᠤ ᠳᠠᠭᠠᠨ ︕

《ᠳᠡᠭ᠍ᠷᠢ ᠶᠢᠨ ᠳᠡᠭ᠍ᠳᠡᠭ᠌ / ᠳᠡᠮᠡᠭᠡᠨ ᠤ ᠱᠠᠭᠠᠠᠳᠠᠭ / ᠭᠠᠵᠠᠷ ᠤᠨ ᠭᠠᠳᠠ /ᠭᠠᠬᠠᠢ ᠶᠢᠨ ᠶᠠᠭᠵᠢᠭ》 ᠶᠢᠡᠨ ᠮᠡᠳᠡᠭᠦ ᠦᠭᠡᠶ᠂ ᠪᠠᠰᠠ ᠫᠠᠤᠨ ᠫᠠᠤᠨ ᠭᠡᠤᠨ ᠪᠠᠢ᠌ᠬᠤ ᠴᠢᠨᠢ ︕ ( ᠠᠮᠠ ᠪᠠᠨ ᠢᠷᠪᠠᠢ᠌ᠵᠤ ᠳᠤᠷ᠎ᠠ ᠥᠭᠡᠢ᠌ᠴᠡᠨ᠎ᠡ )

ᠡ ᠄ ᠪᠢ ᠳᠠᠭᠳᠠᠭ ᠴᠤ᠂ ᠳᠠᠨ ᠰᠢᠭ ᠬᠤᠵᠢᠭᠢᠷ ᠪᠢᠰᠢ ᠳ᠋ᠠ ᠭᠦᠢ ︕ ( ᠨᠢᠷᠤᠭᠤ ᠪᠠᠨ ᠡᠭᠦᠷᠴᠤ ᠵᠥᠷᠢᠭᠦᠤ ᠳᠠᠰᠢ ᠬᠠᠠᠳᠤᠨ᠎ᠠ )

ᠠ ᠄ (ᠡᠪ ᠥᠭᠡᠢ᠌ᠷᠭᠡᠵᠤ ᠵᠠᠪᠳᠤᠵᠤ ᠮᠤᠬᠤᠷ ᠳᠤᠯᠤᠭᠠᠢ ᠪᠠᠨ ᠢᠯᠢᠵᠤ ᠦᠵᠡᠨ᠎ᠡ ᠃  ᠱᠤᠭ ᠭᠠᠷᠭᠠᠨ᠎ᠠ )

ᠡ ᠄ 《ᠬᠤᠵᠢᠭᠢᠷ ᠬᠤᠵᠢᠭᠢᠷ ᠬᠤᠱᠢ/ ᠬᠤᠶᠠᠷ ᠥᠡᠳᠡᠭᠡ ᠨᠢᠱ / ᠳᠦᠵᠢᠭᠡᠷ ᠳᠦᠵᠢᠭᠡᠷ ᠳᠦᠱᠢ / ᠳᠦᠭᠦᠭᠡᠢ ᠥᠡᠳᠡᠭᠡ ᠫᠢᠰ ︕ 》( ᠬᠤᠱᠤᠩᠨᠠᠬᠤ ᠪᠠᠢ᠌ᠳᠠᠯ ᠭᠠᠷᠭᠠᠨ᠎ᠠ )

ᠠ ᠄ ᠭᠦᠢ ᠂ ᠪᠢᠳᠡᠭᠡᠢ ᠭᠦᠮᠤᠨ ᠮᠠᠭᠤᠯᠠᠬᠤ ᠪᠠᠷ ᠡᠷᠳᠡᠮ ᠶᠢᠡᠨ ᠪᠣᠯᠭᠠᠴᠢᠬ᠎ᠠ ︕ ᠪᠢ ᠳᠠᠨ ᠡᠴᠠ ᠣᠨᠢᠰᠤᠭ᠎ᠠ ᠠᠰᠠᠭᠤᠶ᠎ᠠ ︕

ᠡ ᠄ ᠬᠠ᠂ ᠬᠠ᠂ ᠬᠠ ᠁ ᠠᠰᠠᠭᠤ ᠠᠰᠠᠭᠤ ︕ ᠳᠠ ᠶᠠᠭᠤ ᠠᠰᠠᠭᠤᠭᠰᠠᠨ ᠴᠤ ᠪᠢ ᠳᠤᠷᠬᠤ ᠦᠭᠡᠶ ᠬᠠᠷᠢᠭᠤᠯᠠᠨ᠎ᠠ ᠰᠢᠤ᠃ (ᠨᠢᠷᠤᠭᠤ ᠪᠠᠨ ᠡᠭᠦᠷᠴᠤ ᠶᠡᠭᠡ ᠪᠠᠷᠳᠠᠮ ᠠᠭᠠᠰᠢᠯᠠᠨ᠎ᠠ)

ᠠ ᠄ 《 ᠢᠰᠡᠭᠡᠢ ᠳᠤᠯᠤᠭᠠᠢ ᠲᠡᠶ ᠭᠦᠤ / ᠡᠴᠢᠭᠡ ᠶᠢᠨ ᠶᠢᠡᠨ ᠳᠤᠯᠤᠭᠠᠢ ᠶᠢ ᠠᠯᠠᠭᠠᠳᠠᠨ᠎ᠠ᠃ 》 ᠶᠠᠭᠤ ᠪᠣᠢ ︖ ᠭᠡᠯᠡ ︕

ᠡ ᠄ ᠭᠢ ᠭᠢ ᠂ ᠪᠢ ᠳᠠᠨ ᠳᠤ ᠢᠰᠡᠭᠡᠢ ᠮᠠᠯᠠᠭᠠᠢ ᠦᠭ‍ᠭᠦᠶ᠎ᠡ ᠂ ᠠᠯᠠᠭᠠᠳᠠᠵᠤ ᠦᠵᠡ ᠳ᠋ᠠ ︕ ᠭᠡᠵᠤ ᠳᠤᠯᠤᠭᠠᠢ ᠪᠠᠨ 《 ᠠ 》 ᠵᠥᠭ᠌ ᠳᠠᠯᠵᠠᠢ᠌ᠯᠭᠠᠵᠤ ᠱᠤᠭ ᠪᠠᠷᠢᠨ᠎ᠠ ᠃ ( ᠡᠴᠢᠭᠡ ᠨᠢ ᠪᠣᠯᠵᠤ ᠬᠤᠠᠵᠢᠯ᠎ᠠ ᠭᠡᠰᠡᠨ ᠳᠠᠭᠠᠵᠢᠩᠨᠠᠬᠤ ᠪᠠᠢ᠌ᠳᠠᠯ ᠭᠠᠷᠭᠠᠨ᠎ᠠ )

ᠠ ᠄ ᠭᠦᠢ ᠂ ᠭᠦᠢ ᠂ ᠳᠠ ᠪᠠᠭ᠎ᠠ ᠪᠣᠯᠪᠠᠰᠤᠨ ᠪᠠᠢ ︕ ᠪᠢ ᠳᠠᠨ ᠡᠴᠠ ᠦᠨᠡᠨ ᠣᠨᠢᠰᠤᠭ᠎ᠠ ᠠᠰᠠᠭᠤᠵᠤ ᠪᠠᠢ᠌ᠨ᠎ᠠ ᠰᠢᠤ ︕

ᠡ ᠄ ᠪᠣᠳᠤᠵᠤ ᠪᠣᠳᠤᠭᠠᠤᠨ ᠄ 《ᠭᠡᠩᠭᠡᠷᠭᠡ ᠴᠤᠭᠢᠬᠤ》 ᠰᠢᠤ ᠳ᠋ᠠ ︕ ᠭᠡᠤᠨ ᠬᠤᠶᠠᠷ ᠭᠠᠷ ᠶᠢᠡᠷ ᠶᠢᠡᠨ ᠭᠡᠩᠭᠡᠷᠭᠡ ᠴᠤᠭᠢᠬᠤ ᠳᠦᠷᠢ ᠭᠠᠷᠭᠠᠵᠤ ᠄ 《ᠳᠦᠩ ᠂ ᠳᠦᠩ ᠁ 》 ᠭᠡᠨ᠎ᠡ᠃

ᠠ ᠄ ᠳᠠᠭᠠᠷᠠᠵᠤ ᠪᠠᠢ᠌ᠨ᠎ᠠ᠃ ᠪᠠᠰᠠ ᠨᠢᠭᠡ ᠶᠢ ᠠᠰᠠᠭᠤᠶ᠎ᠠ ︕

《 ᠭᠡᠦᠭᠡᠤᠨ ᠪᠠᠢ᠌ᠬᠤ ᠡᠴᠠ ᠵᠡᠭᠦᠭ᠍ᠰᠡᠨ ᠬᠤᠩᠬᠤ / ᠭᠦᠮᠤᠨ ᠪᠣᠯᠭᠠᠨ ᠳᠤ ᠮᠢᠨᠤ ᠰᠤᠷᠠᠭ ᠢ ᠭᠠᠷᠭᠠᠨ᠎ᠠ 》᠃ ᠡᠨᠡ ᠶᠠᠭᠤ ᠪᠣᠢ ︖

ᠡ ᠄ ᠮᠡᠳᠡᠭᠦ ᠦᠭᠡᠶ᠂ ᠮᠡᠳᠡᠭᠦ ᠦᠭᠡᠶ᠃ ᠮᠥᠮᠥ  ᠶᠠᠷᠤ ᠡᠴᠠ ᠨᠠᠳᠠ ᠳᠤ ᠬᠤᠩᠬᠤ ᠵᠡᠭᠦᠯᠭᠡᠵᠤ ᠥᠩᠭᠡᠷᠡᠭ᠍ᠰᠡᠨ ᠦᠭᠡᠶ᠃ ᠭᠡᠵᠤ ᠳᠤᠯᠤᠭᠠᠢ ᠰᠠᠵᠢᠨ᠎ᠠ ᠃

ᠠ ᠄ 《ᠡ 》 ᠶᠢᠨ ᠳᠤᠯᠤᠭᠠᠢ ᠶᠢ ᠳᠤᠯᠤᠪᠣᠷ ᠬᠤᠷᠤᠭᠤ ᠪᠠᠷ ᠶᠢᠡᠨ ᠭᠦᠩᠭᠡᠭᠡᠨ ᠳᠤᠶ‍ᠢᠵᠤ ᠂ ᠦᠯᠦ ᠳᠤᠭᠤᠮᠰᠠᠷᠯᠠᠬᠤ ᠪᠠᠢ᠌ᠳᠠᠯ ᠭᠠᠷᠭᠠᠨ᠎ᠠ᠃

ᠡ ᠄ ᠭᠢ ᠭᠢ ᠂ ᠳᠠᠷᠠ ᠴᠢᠨᠢ 《ᠭᠦᠮᠤᠨ》 ᠰᠢᠳᠠ ᠂ ᠪᠢ ᠵᠥᠭᠡᠷ ᠳᠠᠨ ᠤ ᠶᠠᠭᠠᠭᠢᠬᠤ ᠶᠢ ᠴᠢᠨᠢ ᠦᠵᠡᠶ᠎ᠠ ᠭᠡᠰᠡᠨ ᠶᠤᠮ ᠃ ᠭᠡᠵᠤ ᠦᠯᠮᠡᠢ ᠪᠠᠷ ᠶᠢᠡᠨ ᠭᠠᠵᠠᠷ ᠨᠢᠳᠠᠷᠠᠵᠤ ᠂ ᠳᠤᠯᠤᠭᠠᠢ ᠪᠠᠨ ᠳᠤᠩᠬᠤᠯᠵᠢᠭᠤᠯᠵᠤ ᠱᠤᠭ ᠭᠠᠷᠭᠠᠨ᠎ᠠ᠃

ᠠ ᠄ ᠵᠠ ᠂ ᠳᠡᠭᠡᠪᠠᠯ ᠪᠠᠰᠠ ᠨᠢᠭᠡ ᠶᠢ ᠠᠰᠠᠭᠤᠶ᠎ᠠ ︕

《ᠰᠠᠭᠤᠮᠠᠯ ᠪᠣᠷᠬᠠᠨ / ᠭᠦᠶ‍ᠦᠮᠡᠯ ᠰᠢᠷᠡᠭᠡ》 ᠭᠡᠵᠤ ᠶᠠᠭᠤ ᠪᠣᠢ ︖ ᠪᠣᠰᠢᠭᠤ ᠬᠠᠷᠢᠭᠤᠯ ᠡ ︕

ᠡ ᠄ ᠳᠡᠭᠦᠨ ᠢ ᠭᠡᠨ ᠮᠡᠳᠡᠭᠦ ᠦᠭᠡᠶ ᠶᠤᠮ ᠂《 ᠮᠤᠷᠢᠳᠠᠢ ᠭᠦᠮᠤᠨ》 ᠰᠢᠳᠠ ᠭᠡᠵᠤ ᠶᠡᠭᠡᠯ᠎ᠡ ᠶᠡᠭᠡ ᠶᠠᠭᠤᠮ᠎ᠠ ᠮᠡᠳᠡᠭ᠍ᠰᠡᠨ ᠭᠦᠮᠤᠨ ᠰᠢᠭ᠌ ᠣᠪᠣᠷᠯᠠᠨ᠎ᠠ ᠃

ᠠ ᠄ ᠳᠠᠭᠠᠷᠠᠵᠤ ᠪᠠᠢ᠌ᠨ᠎ᠠ 《ᠮᠤᠷᠢᠳᠠᠢ ᠭᠦᠮᠤᠨ》᠃

ᠠ᠂ ᠡ ᠄ (ᠭᠠᠷ ᠶᠢᠡᠨ ᠬᠤᠯᠪᠤᠨ ᠳᠡᠭᠡᠷ᠎ᠡ ᠡᠷᠭᠦᠵᠤ ᠬᠠᠮᠳᠤᠪᠠᠷ)《ᠪᠢᠳᠠ ᠮᠤᠷᠢ ᠲᠡᠶ ᠭᠦᠮᠤᠨ ᠤ ᠰᠠᠢ᠌ᠬᠠᠨ ᠨᠠᠷ᠎ᠠ ᠪᠠᠨ ᠮᠠᠠᠳᠤᠭᠤᠯᠵᠤ ᠶᠠᠪᠣᠶ᠎ᠠ 》᠃ ᠪᠠᠶᠠᠷᠯᠠᠯ᠎ᠠ ︕

ᠳᠠᠢ᠌ᠰᠠᠨ ᠡᠴᠠ ᠪᠠᠭᠤᠨ᠎ᠠ᠃


ᠵᠤᠬᠢᠶᠠᠭᠴᠢ ᠶᠢᠨ ᠬᠠᠶ‍ᠢᠭ ᠄ ᠯᠢᠠᠳᠦ᠋ᠩ ᠪᠠᠯᠭᠠᠰᠤ cfblzqsd@163.com

ᠵᠤᠬᠢᠶᠠᠭᠴᠢ᠄ ᠽᠠᠨᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 53622
ᠴᠠᠭ᠄ 2015 ᠤᠨ ᠤ 01 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ