ᠪᠠᠭᠰᠢ ᠮᠢᠨᠤ ᠰᠠᠤᠠᠭᠢᠯ ᠤᠨ ᠳᠠᠭᠤᠨ


ᠠᠢ᠌ᠷᠠᠭ ᠨᠠᠮᠤᠷ ᠤᠨ ᠨᠠᠢ᠌ᠷᠠᠭ ᠡᠳᠦᠷ

ᠡᠭᠡᠰᠢᠭ᠍ᠳᠤ ᠳᠠᠯ᠎ᠠ ᠶᠢᠨ ᠭᠦᠭ᠍ᠵᠢᠯᠳᠤ ᠰᠤᠷᠭᠠᠭᠤᠯᠢ ᠳᠤ

ᠠᠭᠠᠷᠤ ᠽᠠᠠᠳᠠᠨ ᠬᠤᠷᠢᠨ ᠨᠠᠰᠤᠨ ᠳᠠᠭᠠᠨ

ᠡᠭᠡᠯ ᠪᠢ ᠪᠠᠭᠰᠢ ᠪᠣᠯᠤᠭᠰᠠᠨ᠂

ᠠᠤᠠᠬᠤᠨ ᠳᠠᠭᠠᠨ ᠭᠦᠳᠡᠯᠮᠦᠷᠢ ᠲ᠋ᠡᠢ

ᠠᠶᠤᠤᠯᠢᠬᠠᠢ ᠳᠠᠭᠠᠨ ᠳᠠᠮᠢᠷ ᠳᠠᠢ

ᠠᠷᠠᠤᠨ ᠲᠦᠮᠡᠨ ᠤ ᠠᠯᠮᠠᠰ ᠦᠷᠡᠰ ᠲ᠋ᠤ

ᠡᠭᠡᠯ ᠪᠢ ᠪᠠᠭᠰᠢ ᠪᠣᠯᠤᠭᠰᠠᠨ᠃

ᠠᠳᠤᠭᠤᠨ ᠴᠢᠨᠡᠭᠡ ᠴᠠᠭᠠᠨ ᠳᠤᠯᠤᠭᠠᠢ

ᠠᠭᠰᠤᠮ ᠭᠡᠭᠡᠷ ᠰᠢᠭ᠌ ᠣᠩᠭ᠋ᠤᠨ ᠪᠠᠢ᠌ᠵᠠᠢ᠂

ᠠᠭᠠᠷᠤᠤᠯ ᠭᠢᠷᠢᠳᠠᠢ ᠠᠷᠠᠪ ᠳᠤᠭ᠎ᠠ

ᠠᠳᠠᠨ ᠳᠡᠮᠡᠭᠡ ᠰᠢᠭ᠌ ᠡᠮᠨᠢᠭ᠌ ᠪᠠᠢ᠌ᠵᠠᠢ᠃

ᠣᠮᠳᠠᠷᠬᠠᠢ ᠰᠢᠳᠤ ᠲᠡᠶ ᠨᠢᠰᠤᠩᠬᠠᠢ ᠵᠢᠭᠠᠯ ᠤᠳ

ᠣᠰᠤᠨ ᠨᠢᠳᠤ ᠣᠷᠤᠭᠤ ᠴᠢᠷᠠᠢ᠌ᠯᠠᠳᠠᠭ ᠪᠠᠢ᠌ᠯ᠎ᠠ

ᠨᠤᠲᠤᠭ ᠭᠦᠳᠡᠭᠡ ᠳᠡᠭᠡᠨ ᠬᠤᠷᠭᠤᠳᠠᠳᠠᠭ ᠪᠠᠢ᠌ᠯ᠎ᠠ

ᠠᠪᠣ ᠶᠢᠨ ᠶᠢᠡᠨ ᠬᠠᠷᠠᠴᠠᠨ ᠡᠴᠡ ᠰᠥᠷᠳᠡᠳᠡᠭ᠌ ᠪᠠᠢ᠌ᠯ᠎ᠠ

ᠡᠵᠢ ᠶᠢᠨ ᠶᠢᠡᠨ ᠬᠠᠢ᠌ᠷ᠎ᠠ ᠳᠤ ᠠᠷᠭᠠᠮᠵᠢᠭᠳᠠᠳᠠᠭ ᠪᠠᠢ᠌ᠯ᠎ᠠ

ᠭᠦᠵᠦᠭᠦᠳᠡᠭ᠍ᠰᠡᠨ ᠳᠤᠭᠤᠯ ᠳᠠᠭᠠᠨ ᠬᠠᠶᠠᠭᠳᠠᠳᠠᠭ ᠪᠠᠢ᠌ᠯ᠎ᠠ

ᠭᠦᠭᠡ ᠳᠡᠭᠷᠢ ᠶᠢ ᠭᠦᠨᠡᠢ᠌ᠷᠭᠡᠳᠡᠭ᠌ ᠪᠠᠢ᠌ᠯ᠎ᠠ

ᠭᠦᠯᠦᠭᠡ ᠨᠤᠬᠠᠢ ᠳᠠᠭᠠᠨ ᠭᠦᠢᠴᠡᠭ᠍ᠳᠡᠳᠡᠭ᠌ ᠪᠠᠢ᠌ᠯ᠎ᠡ

ᠭᠦᠪᠴᠢᠨ ᠳᠡᠯᠡᠭᠡᠢ ᠶᠢ ᠬᠠᠴᠢᠷᠬᠠᠳᠠᠭ ᠪᠠᠢ᠌ᠯ᠎ᠠ

ᠦᠷᠦᠮᠠᠨ ᠱᠠᠩᠳᠠᠭᠤᠨ ᠪᠠᠶᠠᠰᠤᠯ

ᠠᠭᠤᠯᠠᠨ ᠤ ᠳᠤᠤᠯᠢᠶᠠᠨ ᠰᠢᠤᠬᠠᠨ ᠬᠠᠩᠭᠢᠨᠠᠳᠠᠭ ᠪᠠᠢ᠌ᠯ᠎ᠠ

ᠢᠷᠭᠤᠢ ᠴᠠᠢ᠌ᠯᠭᠠᠨ ᠮᠦᠰᠢᠶᠠᠳᠤ

ᠣᠰᠤᠨ ᠤ ᠳᠤᠯᠭᠢᠶᠠᠨ ᠰᠢᠤᠬᠠᠨ ᠢᠷᠠᠯᠵᠠᠳᠠᠭ ᠪᠠᠢ᠌ᠯ᠎ᠠ

ᠠᠢ ᠳ᠋ᠠ︕

ᠰᠤᠷᠭᠠᠬᠤ ᠭᠡᠭᠦ ᠰᠠᠢ᠌ᠬᠠᠨ

ᠪᠠᠭᠰᠢᠯᠠᠬᠤ ᠭᠡᠭᠦ ᠵᠢᠷᠭᠠᠯ᠃



ᠳᠢᠪ ᠳᠡᠯᠡᠭᠡᠢ ᠶᠢᠨ

ᠠᠮᠢᠨ ᠰᠤᠳᠠᠰᠤ ᠶᠢ ᠯᠤᠭᠰᠢᠭᠤᠯᠤᠭᠰᠠᠨ

ᠴᠢᠩᠭᠢᠰ ᠬᠠᠭᠠᠨ ᠮᠢᠨᠤ ᠪᠠᠭᠰᠢ

ᠥᠰᠦᠭ᠌ ᠪᠢᠴᠢᠭ᠌ ᠤᠨ

ᠪᠣᠰᠤᠭ᠎ᠠ ᠨᠦᠯᠠ ᠶᠢ ᠳᠦᠷᠡᠵᠢᠭᠦᠯᠦᠭ᠍ᠰᠡᠨ

ᠣᠢ᠌ᠷᠠᠤᠨ ᠤᠨ ᠳᠠᠳᠠᠳᠤᠩᠭ᠋᠎ᠠ ᠮᠢᠨᠤ ᠪᠠᠭᠰᠢ

ᠭᠦᠨ ᠣᠬᠠᠭᠠᠨ ᠤ

ᠣᠤᠭᠠᠨ ᠦᠷ ᠢ ᠢᠷᠠᠭᠰᠠᠨ

ᠥᠭᠡᠭᠦᠤ ᠠᠩᠭᠢ ᠶᠢᠨ ᠮᠠᠷᠺᠰ ᠮᠢᠨᠤ ᠪᠠᠭᠰᠢ

ᠬᠤᠪᠢ ᠵᠠᠶᠠᠭᠠᠨ ᠤ

ᠠᠤᠭ᠎ᠠ ᠡᠭᠡᠰᠢᠭ᠌ ᠢ ᠴᠢᠪᠬᠠᠳᠠᠭᠰᠠᠨ

ᠳᠦᠯᠡᠢ ᠪᠧᠲ᠋ᠤᠹᠧᠨ ᠮᠢᠨᠤ ᠪᠠᠭᠰᠢ

ᠠᠮᠢ ᠨᠠᠰᠤᠨ ᠤ

ᠨᠠᠠᠳᠢᠨ ᠥᠷᠳᠡᠭ᠌ ᠢ ᠬᠤᠷᠣᠢ᠌ᠯᠠᠭᠰᠠᠨ

ᠰᠤᠬᠤᠷ ᠬᠠᠢ᠌ᠯᠤᠨ ᠮᠢᠨᠤ ᠪᠠᠭᠰᠢ

ᠬᠤᠷᠤᠭᠤ ᠰᠢᠯ ᠳᠤ

ᠬᠤᠷᠠᠭ᠎ᠠ ᠳᠤᠭᠤᠯ ᠳᠤᠭᠯᠠᠭᠤᠯᠤᠭᠰᠠᠨ

ᠠᠺᠠᠳᠧᠮᠢᠴᠢ ᠰᠢᠭᠤᠷᠭᠠᠨ ᠮᠢᠨᠤ ᠪᠠᠭᠰᠢ

ᠣᠷᠭ᠎ᠠ ᠴᠢᠷᠦᠭ᠍ᠰᠡᠨ ᠠᠪᠣ ᠮᠢᠨᠤ ᠪᠠᠭᠰᠢ

ᠠᠷᠭᠠᠯ ᠬᠤᠷᠮᠣᠢ᠌ᠯᠠᠭᠰᠠᠨ ᠡᠵᠢ ᠮᠢᠨᠤ ᠪᠠᠭᠰᠢ

ᠳᠡᠭᠷᠢ ᠳᠡᠭᠡᠨ ᠬᠠᠯᠢᠳᠠᠭ ᠪᠦᠷᠭᠦᠤᠨ ᠮᠢᠨᠤ ᠪᠠᠭᠰᠢ

ᠭᠠᠵᠠᠷ ᠳᠠᠭᠠᠨ ᠰᠢᠩᠭᠡᠳᠡᠭ᠌ ᠡᠪᠠᠰᠤ ᠮᠢᠨᠤ ᠪᠠᠭᠰᠢ

ᠬᠠᠨᠠᠷᠠᠨ ᠰᠥᠡᠳᠡᠷᠯᠡᠭ᠍ᠰᠡᠨ ᠠᠭᠤᠯᠠᠰ ᠮᠢᠨᠤ ᠪᠠᠭᠰᠢ

ᠰᠠᠪᠠ ᠪᠢᠯᠬᠠᠷᠠᠭᠰᠠᠨ ᠣᠰᠤ ᠮᠢᠨᠤ ᠪᠠᠭᠰᠢ

ᠬᠠᠠᠳᠢᠪ ᠡᠷᠭᠦᠭ᠍ᠰᠡᠨ ᠯᠠ ᠮᠢᠨᠤ ᠪᠠᠭᠰᠢ

ᠰᠠᠠᠳᠤᠤ ᠢᠷᠯᠡᠭ᠍ᠰᠡᠨ ᠪᠢᠯᠡᠭᠦᠤ ᠮᠢᠨᠤ ᠪᠠᠭᠰᠢ

ᠡᠷᠭᠢᠭᠦ ᠪᠦᠮᠪᠦᠷᠴᠢᠭ᠌ ᠴᠤ ᠮᠢᠨᠤ ᠪᠠᠭᠰᠢ ᠪᠠᠢ᠌ᠵᠠᠢ᠂

ᠡᠨᠡ ᠬᠤᠷᠸ᠎ᠠ ᠴᠤ ᠮᠢᠨᠤ ᠪᠠᠭᠰᠢ ᠪᠠᠢ᠌ᠵᠠᠢ᠃

ᠪᠠᠭᠰᠢ ᠲᠡᠶ ᠭᠦᠮᠤᠨ ᠳᠠᠩᠰᠤᠭ ᠪᠠᠶᠠᠨ

ᠪᠠᠭᠰᠢ ᠭᠦᠮᠤᠨ ᠪᠠᠶᠠᠨ ᠳᠠᠩᠰᠤᠭ᠃



ᠠᠷᠠᠤᠨ ᠲᠦᠮᠡᠨ ᠤ ᠭᠦᠤ

ᠠᠷᠠᠤᠨ ᠤᠨ ᠪᠠᠭᠰᠢ ᠪᠢ

ᠠᠷᠠᠤᠨ ᠲᠦᠮᠡᠨ ᠤ

ᠠᠯᠮᠠᠰ ᠦᠷᠡᠰ ᠲ᠋ᠤ ᠪᠠᠭᠰᠢᠯᠠᠭᠰᠠᠨ᠄

ᠣᠷᠭ᠎ᠠ ᠶᠢᠨ ᠭᠤᠷᠪᠠᠨ ᠵᠠᠯᠭᠠᠭᠤᠷᠢ ᠊᠊᠊᠊᠊᠊᠊᠊᠊᠊᠊᠊᠊᠊᠊

ᠠᠩᠭᠢ᠂ ᠪᠠᠢ᠌ᠷᠢ᠂ ᠬᠤᠭᠤᠯᠠᠨ ᠭᠡᠷ

ᠬᠠᠰᠠᠭ ᠤᠨ ᠬᠤᠶᠠᠷ ᠠᠷᠠᠯ ᠊᠊᠊᠊᠊᠊᠊᠊᠊᠊᠊᠊᠊᠊᠊

ᠮᠡᠳᠡᠯᠭᠡ᠂ ᠴᠢᠳᠠᠪᠣᠷᠢ

ᠣᠬᠠᠭᠠᠨ ᠤ ᠭᠠᠭᠴᠠ ᠰᠤᠷᠢᠶ᠎ᠠ ᠊᠊᠊᠊᠊᠊᠊᠊᠊᠊᠊᠊᠊᠊᠊

ᠴᠠᠭ ᠮᠦᠴᠡ᠃

ᠡᠭᠡ ᠶᠢᠨ ᠡᠡᠩᠭᠢᠷ ᠤᠭᠤᠷᠠᠭ ᠡᠴᠡ

ᠢᠳᠠ ᠭᠦᠷᠦᠩᠭᠡᠯᠡᠵᠤ

ᠲᠦᠷᠦᠯᠭᠢ ᠭᠡᠯᠡᠨ ᠤ ᠳᠤᠯᠠᠭᠠᠨ ᠥᠯᠦᠭᠡᠢ ᠡᠴᠡ

ᠪᠢᠯᠢᠭ᠌ ᠰᠥᠢᠵᠤ

ᠭᠦᠢ ᠳᠠᠮᠵᠢᠨ

ᠭᠦᠴᠤ ᠵᠠᠯᠭᠠᠬᠤ

ᠭᠤᠯᠤᠮᠳᠠ ᠰᠠᠭᠢᠨ

ᠭᠠᠯ ᠪᠠᠳᠠᠷᠠᠭᠠᠬᠤ

ᠵᠠᠯᠭᠠᠮᠵᠢ ᠦᠶ᠎ᠡ ᠶᠢᠨ ᠪᠠᠭᠠᠴᠤᠳ ᠮᠠᠨᠢ ᠣᠬᠠᠭᠠᠭᠰᠠᠨ᠄

ᠳᠤᠯᠭ᠎ᠠ ᠶᠢᠨ ᠭᠤᠷᠪᠠᠨ ᠴᠢᠯᠠᠭᠤ ᠊᠊᠊᠊᠊᠊᠊᠊᠊᠊᠊᠊᠊᠊᠊

ᠡᠭᠡ ᠣᠷᠤᠨ᠂ ᠦᠨᠳᠦᠰᠦᠳᠠᠨ ᠶᠠᠰᠤᠳᠠᠨ᠂ ᠲᠦᠷᠦᠯᠭᠢ ᠭᠡᠯᠡ

ᠥᠭᠡᠷ ᠤᠨ ᠬᠤᠶᠠᠷ ᠡᠪᠠᠷ ᠊᠊᠊᠊᠊᠊᠊᠊᠊᠊᠊᠊᠊᠊᠊

ᠡᠭᠦᠳᠤᠨ ᠪᠦᠳᠦᠭᠡᠯᠳᠡ᠂ ᠡᠷ᠎ᠡ ᠵᠤᠷᠢᠭ

ᠠᠮᠢᠳᠤᠷᠠᠯ ᠤᠨ ᠭᠠᠭᠴᠠ ᠳᠤᠭᠤᠷᠢᠭ ᠊᠊᠊᠊᠊᠊᠊᠊᠊᠊᠊᠊᠊᠊᠊

ᠢᠳᠡᠭᠡᠯ ᠬᠠᠢ᠌ᠷ᠎ᠠ᠃



ᠠᠷᠠᠤᠨ ᠲᠦᠮᠡᠨ ᠤ ᠭᠦᠪᠠᠭᠦᠤᠨ ᠦᠬᠢᠳ

ᠠᠷᠠᠤᠨ ᠤᠨ ᠪᠠᠭᠰᠢ ᠪᠢᠳᠠ

ᠠᠷᠠᠤᠨ ᠲᠦᠮᠡᠨ ᠳᠠᠢ ᠪᠠᠨ ᠴᠤᠭ

ᠠᠷᠠᠯ ᠤᠨ ᠱᠠᠷ ᠰᠢᠭ ᠵᠢᠦᠡᠭᠦᠭ᠍ᠰᠡᠨ᠃

ᠨᠠᠪᠳᠠᠷᠬᠠᠢ ᠭᠡᠷ ᠤᠨ ᠳᠡᠭᠡᠪᠦᠷ ᠠᠳᠠᠷ ᠢ

ᠨᠠᠷᠠᠳᠤ ᠶᠢᠨ ᠬᠤᠷ᠎ᠠ ᠨᠡᠪᠳᠡᠯᠡᠳᠡᠭ᠌ ᠪᠠᠢ᠌ᠭᠰᠠᠨ

ᠭᠤᠷᠪᠠᠨ ᠨᠡᠭᠦᠳᠡᠯ ᠤᠨ ᠡᠡᠯᠦᠰ ᠰᠤᠷᠭᠠᠭᠤᠯᠢ ᠶᠢ

ᠭᠤᠳᠤᠯ ᠤᠨ ᠣᠯᠠ ᠪᠠᠷ ᠡᠪᠭᠡᠳᠡᠭ᠌ ᠪᠠᠢ᠌ᠭᠰᠠᠨ

ᠭᠦᠳᠡᠭᠡ ᠶᠢᠨ ᠠᠷᠭᠠᠯ ᠭᠦᠯᠳᠡᠭᠦᠰᠤ ᠪᠠᠷ

ᠭᠦᠷᠡᠯ ᠵᠤᠤᠬ᠎ᠠ ᠶᠢ ᠳᠤᠭᠳᠤᠯᠤᠭᠤᠯᠳᠠᠭ ᠪᠠᠢ᠌ᠭᠰᠠᠨ

ᠳᠤᠭᠠᠳᠠᠢ ᠴᠠᠯᠢᠩ ᠤᠨ ᠠᠷᠢᠭᠤᠨ ᠮᠥᠩᠭᠦ ᠶᠢ

ᠳᠤᠭᠤᠯᠭᠠᠨ ᠪᠠᠷ ᠲ᠋ᠤ ᠳᠠᠭᠠᠤᠠᠭᠠᠳᠠᠭ ᠪᠠᠢ᠌ᠭᠰᠠᠨ

ᠳᠠᠬᠤᠯ ᠲᠡᠶ ᠣᠭᠢᠯᠠᠩᠬᠠᠢ ᠶᠢᠨ ᠳᠠᠷ᠎ᠠ ᠬᠠᠪᠢ ᠳ᠋ᠤ

ᠳᠡᠭᠦᠵᠢᠩ ᠵᠡᠭᠦᠤ ᠢᠪᠢᠯᠡᠭᠦᠯᠳᠡᠭ᠌ ᠪᠠᠢ᠌ᠭᠰᠠᠨ

ᠳᠤᠷᠭᠤᠨ ᠰᠤᠷᠤᠯᠭ᠎ᠠ ᠲᠡᠶ ᠣᠢ᠌ᠳᠤᠩᠬᠠᠢ ᠶᠢᠨ

ᠳᠤᠠᠳᠠᠭᠤᠷ ᠨᠠᠮᠳᠠᠷ ᠢ ᠳᠡᠷᠭᠡᠯᠰᠢᠭᠦᠯᠳᠡᠭ᠌ ᠪᠠᠢ᠌ᠭᠰᠡᠨ

ᠣᠯᠠᠮᠵᠢᠯᠠᠯᠳᠤ ᠵᠢᠭᠠᠨ ᠰᠤᠷᠭᠠᠯᠳᠡ ᠡᠴᠡ

ᠭᠡᠪ ᠴᠢᠨᠠᠷ ᠮᠡᠡᠳᠦᠯᠡᠭ᠍ᠰᠡᠨ

ᠬᠠᠷᠠᠯᠳᠠᠳᠤ ᠵᠢᠭᠠᠯᠳᠠ ᠡᠴᠡ

ᠡᠵᠡᠨ ᠪᠠᠶ᠎ᠠ ᠡᠰᠡᠨᠢᠭ᠍ᠰᠡᠨ

ᠨᠡᠢ᠌ᠯᠡᠭᠦᠯᠤᠨ ᠳᠦᠪᠯᠡᠷᠡᠭᠦᠯᠭᠦ ᠳᠤ

ᠨᠡᠢ᠌ᠭᠡᠮ ᠳᠠᠶᠠᠭᠠᠷ ᠳᠠᠭᠠᠰᠢᠶᠠᠭᠰᠠᠨ

《ᠨᠥᠭᠦᠪᠦᠷᠢᠯᠡᠨ ᠭᠡᠯᠳᠦᠷᠢᠯᠡᠭᠦᠯᠭᠦ》 ᠳ᠋ᠤ

ᠨᠠᠢ᠌ᠳᠠ ᠣᠯᠠᠨ ᠪᠠᠶᠠᠰᠤᠭᠰᠠᠨ

ᠠᠢ ᠳ᠋ᠠ︕

ᠭᠢᠴᠢᠶᠡᠯᠯᠡᠭᠦ ᠭᠡᠭᠦ ᠰᠠᠢ᠌ᠬᠠᠨ

ᠪᠠᠭᠰᠢᠯᠠᠬᠤ ᠭᠡᠭᠦ ᠣᠮᠤᠭᠰᠢᠯ᠃



ᠣᠯᠠᠭᠠᠨ ᠶᠢᠠᠷ ᠭᠠᠩᠳᠠᠭᠰᠠᠨ

ᠣᠨᠠᠭᠠᠨ ᠪᠠᠢ᠌ᠭᠠᠯᠢ ᠳᠠᠭᠠᠨ

ᠰᠢᠷᠳᠡᠭ᠌ ᠭᠦᠷᠦᠰᠤ ᠥᠩᠰᠢᠭᠦᠯᠭᠦ ᠶᠤᠮ ᠳᠠᠳᠠ᠂

ᠳᠡᠭᠡᠳᠤ ᠡᠴᠡ ᠥᠪᠯᠡᠭ᠍ᠰᠡᠨ

ᠮᠤᠩᠭ᠋ᠤᠯ ᠭᠡᠯᠡᠨ ᠤ ᠪᠠᠨ

ᠬᠤᠷᠳᠤ ᠤᠯᠦᠡᠭ᠌ ᠢ ᠨᠢ ᠴᠢᠩᠭ᠋ᠠᠯᠠᠬᠤ ᠶᠤᠮ ᠲ᠋ᠠᠳᠠ᠂

ᠳᠡᠶᠡᠩᠴᠢᠯᠡᠯᠳᠡ ᠳᠤ ᠲ᠋ᠡᠯᠡᠰᠦᠭ᠍ᠳᠡᠭ᠍ᠰᠡᠨ

ᠨᠡᠭᠦᠳᠡᠯᠴᠢᠨ ᠥᠡᠳᠦᠰᠦᠳᠡᠨ ᠳᠡᠭᠡᠨ

ᠵᠠᠬ᠎ᠠ ᠶᠢᠨ ᠠᠵᠤ ᠠᠬᠤᠢ ᠶᠢ ᠪᠣᠰᠬᠠᠬᠤ ᠶᠤᠮ ᠲ᠋ᠠᠳᠠ᠂

ᠥᠡᠳᠦᠷᠯᠢᠭ᠌ ᠢ ᠢᠪᠠᠭᠡᠭ᠍ᠰᠡᠨ

ᠮᠠᠯᠵᠢᠯ ᠰᠤᠶᠤᠯ ᠤᠨ ᠶᠢᠠᠨ

ᠰᠦᠯᠳᠡ ᠭᠡᠢ᠌ᠮᠦᠷᠢ ᠶᠢ ᠲ᠋ᠡᠯᠯᠡᠬᠤ ᠶᠤᠮ ᠳᠠᠳᠠ᠂

ᠣᠷᠴᠢᠯᠠᠩ ᠳᠡᠯᠢᠭ᠍ᠰᠡᠨ

ᠢᠠᠲ᠋ᠧᠷᠨᠧᠲ᠋ ᠰᠦᠯᠵᠢᠶᠠᠨ ᠳᠤ

ᠭᠡ ᠣᠷᠠᠯᠠᠬᠤ ᠶᠤᠮ ᠳᠠᠳᠠ᠂

ᠠᠳᠠᠷ ᠡᠴᠡ ᠴᠣᠢ᠌ᠯᠠᠭᠰᠠ

《ᠬᠤᠪᠢᠯᠭᠠᠨ ᠭᠦᠯᠦᠭ᠌》 ᠊ᠤᠨ

ᠮᠤᠡᠳᠠᠭ᠎ᠠ ᠶᠢ᠌ ᠰᠢᠭᠦᠷᠭᠦ ᠶᠤᠮ ᠳᠠᠳᠠ᠂

ᠡᠮᠡᠭᠡᠯ ᠤᠨ ᠪᠦᠭᠦᠷᠭᠡᠨ ᠳᠤ ᠮᠠᠠᠳᠤᠬᠤ

ᠡᠷᠭᠡ ᠴᠢᠯᠦᠭᠡᠨ ᠤ ᠨᠠᠷᠠ

ᠵᠠᠭᠤᠨ ᠵᠠᠭᠤᠨ ᠳᠠᠳᠠᠨᠠᠢ᠌ᠭᠢ︕

ᠳᠤᠭᠤᠭ᠎ᠠ ᠲᠡᠶ ᠰᠦᠨ ᠳᠤ ᠭᠦᠪᠪᠦᠭᠦ

ᠡᠩᠭᠡ ᠳᠠᠢ᠌ᠪᠣᠩ ᠤᠨ ᠰᠠᠷᠠ

ᠮᠢᠩᠭ᠋ᠠᠨ ᠮᠢᠩᠭ᠋ᠠᠨ ᠳᠠᠳᠠᠨᠠᠢ᠌ᠭᠢ︕



ᠠᠢ᠌ᠷᠠᠭ ᠨᠠᠮᠤᠷ ᠤᠨ ᠨᠠᠢ᠌ᠷᠠᠭ ᠡᠳᠦᠷ

ᠡᠭᠡᠰᠢᠭ᠍ᠳᠤ ᠳᠠᠯ᠎ᠠ ᠶᠢᠨ ᠭᠦᠭ᠍ᠵᠢᠯᠳᠤ ᠰᠤᠷᠭᠠᠭᠤᠯᠢ ᠳᠤ

ᠠᠭᠠᠷᠤ ᠽᠠᠠᠳᠠᠨ ᠬᠤᠷᠢᠨ ᠨᠠᠰᠤᠨ ᠳᠠᠭᠠᠨ

ᠡᠭᠡᠯ ᠪᠢ ᠪᠠᠭᠰᠢ ᠪᠣᠯᠤᠭᠰᠠᠨ᠂

ᠠᠤᠠᠬᠤᠨ ᠳᠠᠭᠠᠨ ᠭᠦᠳᠡᠯᠮᠦᠷᠢ ᠲ᠋ᠡᠢ

ᠠᠶᠤᠤᠯᠢᠬᠠᠢ ᠳᠠᠭᠠᠨ ᠳᠠᠮᠢᠷ ᠳᠠᠢ

ᠠᠷᠠᠤᠨ ᠲᠦᠮᠡᠨ ᠤ ᠠᠯᠮᠠᠰ ᠦᠷᠡᠰ ᠲ᠋ᠤ

ᠡᠭᠡᠯ ᠪᠢ ᠪᠠᠭᠰᠢ ᠪᠣᠯᠤᠭᠰᠠᠨ᠃


2006.9.10

ᠵᠤᠬᠢᠶᠠᠭᠴᠢ᠄ ᠪᠠᠯᠵᠢᠨᠢᠮ᠎ᠠ
ᠢᠷᠡᠯᠲᠡ᠄ ᠠᠯᠳᠠᠷᠳᠤ
ᠬᠠᠷᠢᠶ᠎ᠠ᠄ ᠰᠢᠯᠦᠭ
ᠳᠠᠷᠤᠮ᠄ 7031
ᠴᠠᠭ᠄ 2007 ᠤᠨ ᠤ 11 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁