ᠠᠯᠠᠭ ᠵᠠᠶᠠᠭ᠎ᠠ

ᠠᠮᠢᠳᠤᠷᠠᠯ ᠳᠠᠪᠳᠠᠭᠤᠯᠬᠤ ᠶᠤᠮ ᠭᠡᠵᠤ

ᠠᠪᠣ ᠶᠢᠨ ᠶᠢᠡᠨ ᠭᠦᠯᠦᠰᠦᠳᠡᠢ ᠠᠯᠠᠭᠠᠨ ᠳᠡᠭᠡᠷ᠎ᠡ

ᠠᠯᠤᠬ᠎ᠠ ᠪᠦᠳᠦᠪᠡ ᠪᠢ

ᠠᠵᠢᠯ ᠪᠦᠳᠦᠭᠡᠭᠦ ᠶᠤᠮ ᠭᠡᠵᠤ

ᠠᠪᠣ ᠨᠠᠳᠠ ᠪᠠᠷ ᠵᠠᠩᠴᠢᠪᠠ

ᠠᠳᠠ ᠱᠥᠭᠯᠦᠪᠡ

ᠳᠠᠷᠢᠭᠢ ᠶᠢ ᠮᠢᠨᠢ ᠵᠠᠳᠠ ᠦᠰᠦᠷᠳᠠᠯ᠎ᠠ

ᠳᠠᠭᠢᠯ ᠤᠨ ᠰᠢᠷᠡᠭᠡ ᠪᠠᠨ ᠪᠠᠯᠪᠠᠪᠠ

ᠪᠣᠷᠬᠠᠤᠨ ᠳᠤᠳᠠᠭᠠᠪᠠ

ᠠᠷᠭᠢ ᠬᠤᠩᠭ᠋ᠤᠷ ᠠᠳᠤᠭᠤ

ᠠᠷᠪᠠᠨ ᠵᠥᠭ᠌ ᠲᠤ ᠪᠠᠨ ᠦᠷᠭᠦᠪᠡ

ᠪᠣᠭ ᠪᠣᠰᠪᠠ

ᠪᠣᠯᠢᠭᠠᠷᠢ ᠡᠯᠳᠡᠳᠡᠭ᠌ ᠭᠠᠷ ᠵᠢᠠᠷ

ᠪᠣᠯᠤᠳ ᠨᠤᠬᠤᠳᠠᠭ ᠪᠣᠯᠪᠠ ᠡ

ᠪᠣᠯᠠᠭ ᠰᠢᠷᠭᠢᠪᠠ

ᠬᠤᠪᠣᠭᠤ ᠳᠠᠳᠠᠳᠠᠭ ᠠᠯᠠᠭᠠᠨ ᠳ᠋ᠤ

ᠬᠤᠪᠢ ᠵᠠᠶᠠᠭ᠎ᠠ ᠭᠦᠩᠭᠡᠳᠡᠪᠡ ᠡ

ᠬᠤᠷᠸ᠎ᠠ ᠰᠤᠬᠤᠷᠪᠠ

ᠬᠠᠭᠤᠴᠢᠨ ᠶᠠᠭᠤᠮ᠎ᠠ ᠣᠯᠠ ᠪᠣᠯᠤᠭᠰᠠᠨ ᠨᠢ ᠥᠭᠡᠢ

ᠰᠢᠨ᠎ᠡ ᠶᠠᠭᠤᠮ᠎ᠠ ᠵᠤᠯᠠ ᠪᠣᠯᠤᠭ᠎ᠠ ᠴᠤ ᠥᠭᠡᠢ

ᠬᠠᠭᠤᠴᠢᠨ ᠴᠤ ᠦᠭᠡᠶ ᠰᠢᠨ᠎ᠡ ᠴᠤ ᠦᠭᠡᠶ ᠶᠢᠨ ᠳᠤᠮᠳᠠ ᠪᠢ ᠵᠠᠯᠢᠷᠠᠪᠠ ᠡ

    ᠠᠢ ᠪᠣᠷᠬᠠᠨ ᠭᠤᠩᠴᠤᠭᠰᠦᠮ᠎ᠡ ᠮᠢᠨᠢ ︕


ᠵᠤᠬᠢᠶᠠᠭᠴᠢ ᠶᠢᠨ ᠬᠠ‍‌ᠶᠢᠭ ᠄ ᠪᠠᠷᠠᠭᠤᠨ ᠦᠵᠦᠮᠤᠴᠢᠨ

ᠵᠤᠬᠢᠶᠠᠭᠴᠢ᠄ ᠭᠤ᠋·ᠪᠠᠳᠤᠬᠤᠶᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1650
ᠴᠠᠭ᠄ 2012 ᠤᠨ ᠤ 02 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ