ᠮᠤᠩᠭ᠋ᠤᠯ ᠤᠨ ᠰᠢᠳᠦᠭᠡᠨ ᠊᠊᠊᠊᠊᠊᠊᠊᠊᠊᠊᠊᠊᠊᠊ ᠴᠢᠩᠭᠢᠰ

ᠮᠤᠩᠭ᠋ᠤᠯ ᠭᠡᠵᠤ —

ᠮᠥᠩᠭᠡ ᠳᠡᠭ᠍ᠷᠢ ᠶᠢᠨ ᠯᠤᠤ ᠰᠢᠭ ᠡᠵᠡᠳ ᠲᠡᠶ ᠪᠠᠢ᠌ᠯ᠎ᠠ

ᠮᠤᠩᠭ᠋ᠤᠯ ᠭᠡᠵᠤ —

ᠮᠥᠩᠭᠡᠷᠡᠭᠦ ᠬᠤᠷᠸ᠎ᠠ ᠳᠤ ᠥᠯᠢᠭᠡᠷ ᠳᠡᠦᠭᠡ ᠶᠡᠭᠡᠳᠡᠢ ᠪᠠᠢ᠌ᠯ᠎ᠠ

ᠮᠤᠩᠭ᠋ᠤᠯ ᠤᠨ ᠡᠵᠡᠨ᠂ ᠮᠤᠩᠭ᠋ᠤᠯ ᠤᠨ ᠰᠢᠳᠦᠭᠡᠨ

ᠮᠥᠩᠭᠡᠷᠡᠭᠦ ᠵᠠᠭᠤᠨ ᠤ ᠬᠠᠶ‍ᠢᠭ᠂ ᠪᠣᠭᠳᠠ ᠴᠢᠩᠭᠢᠰ᠃

ᠭᠦᠷᠦᠰᠦᠳᠤ ᠳᠡᠯᠡᠭᠡᠢ ᠳᠤ ᠬᠠᠰᠭᠢᠷᠴᠤ ᠪᠣᠰᠤᠭᠰᠠᠨ

ᠠᠷᠪᠠᠨ ᠭᠤᠷᠪᠠᠳᠤᠭᠠᠷ ᠵᠠᠭᠤᠨ

ᠭᠦᠭᠡ ᠳᠤᠭ ᠶᠢᠡᠨ ᠨᠠᠮᠢᠷᠠᠭᠤᠯᠤᠨ

ᠬᠤᠷᠸ᠎ᠠ ᠶᠢᠨ ᠦᠷᠦᠴᠠᠨ ᠳᠤ 《ᠮᠤᠩᠭ᠋ᠤᠯ》 ᠭᠡᠮᠡᠨ ᠰᠡᠢ᠌ᠯᠦᠭ᠍ᠰᠡᠨ

ᠠᠤᠭ᠎ᠠ ᠪᠣᠭᠳᠠ ᠴᠢᠩᠭᠢᠰ ᠬᠠᠭᠠᠨ ᠪᠣᠯ

ᠦᠨᠢ ᠮᠥᠩᠭᠡ ᠶᠢᠨ ᠮᠤᠩᠭ᠋ᠤᠯ ᠰᠢᠳᠦᠭᠡᠨ ᠪᠢᠯᠠ︕

ᠪᠠᠷᠠᠭᠤᠨ ᠭᠠᠷ ᠳᠠᠭᠠᠨ ᠨᠦᠵᠢ ᠠᠤᠠᠬᠤᠵᠤ ᠳᠦᠷᠦᠭ᠍ᠰᠡᠨ

ᠪᠠᠭᠠᠳᠤᠷᠯᠢᠭ ᠮᠤᠩᠭ᠋ᠤᠯ ᠤᠨ ᠳᠡᠭ᠍ᠷᠢᠯᠢᠭ᠌ ᠭᠦᠤ

ᠨᠠᠰᠤᠨ ᠳᠤᠷᠰᠢ ᠰᠠᠯᠠᠮ᠎ᠠ ᠠᠤᠠᠬᠤᠵᠤ

ᠨᠠᠷᠮᠠᠢ ᠮᠤᠩᠭ᠋ᠤᠯ ᠲᠦᠷᠦ ᠪᠠᠨ ᠮᠠᠠᠳᠤᠭᠤᠯᠤᠭᠰᠠᠨ

ᠨᠠᠷᠠᠳᠤ ᠬᠤᠷᠸ᠎ᠠ ᠶᠢᠨ ᠮᠤᠩᠭ᠋ᠤᠯ ᠭᠦᠤ

《ᠠᠭᠳᠠ ᠶᠢᠨ ᠨᠢᠷᠤᠭᠤ ᠪᠠᠷ ᠥᠯᠦᠭᠡᠢ ᠪᠠᠨ ᠪᠣᠯᠭᠠᠨ

ᠠᠳᠠᠷ ᠳᠠᠯ᠎ᠠ ᠪᠠᠷ ᠳᠡᠪᠢᠰᠭᠡᠷ ᠶᠢᠡᠨ》 ᠭᠡᠵᠤ

ᠮᠤᠩᠭ᠋ᠤᠯ ᠶᠡᠭᠡ ᠲᠦᠷᠦ ᠪᠠᠨ ᠪᠠᠢ᠌ᠭᠤᠯᠤᠭᠰᠠᠨ

ᠮᠥᠩᠭᠡ ᠳᠤᠷᠠᠰᠤᠭᠳᠠᠬᠤ ᠮᠤᠩᠭ᠋ᠤᠯ ᠤᠨ ᠰᠢᠳᠦᠭᠡᠨ

ᠴᠢᠩᠭᠢᠰ ᠁᠁

ᠪᠣᠳᠤᠯᠭ᠎ᠠ ᠨᠠᠷᠢᠨ ᠣᠬᠠᠭᠠᠨ ᠶᠢᠡᠷ ᠶᠢᠡᠨ

ᠪᠦᠮᠪᠦᠷᠴᠡᠭ᠌ ᠤᠨ ᠬᠠᠭᠠᠰ ᠢ ᠡᠵᠡᠯᠡᠭ᠍ᠰᠡᠨ

ᠪᠦᠭᠦ ᠮᠤᠩᠭ᠋ᠤᠯ ᠤᠨ ᠶᠢᠡᠨ ᠬᠠᠭᠠᠨ ᠪᠢᠯᠠ

ᠴᠢᠩᠭᠢᠰ ᠁᠁

ᠬᠠᠷ᠎ᠠ ᠰᠦᠯᠳᠡ ᠪᠠᠨ ᠳᠡᠭ᠍ᠷᠢ ᠲᠤ ᠬᠠᠠᠳᠤᠭᠤᠯᠤᠭᠰᠠᠨ

ᠬᠠᠮᠤᠭ ᠮᠤᠩᠭ᠋ᠤᠯ ᠤᠨ ᠶᠢᠡᠨ ᠰᠢᠳᠦᠭᠡᠨ ᠪᠢᠯᠠ᠃

ᠵᠤᠬᠢᠶᠠᠭᠴᠢ᠄ ᠶᠠᠩᠵᠢᠠᠼᠤᠤ
ᠬᠠᠷᠢᠶ᠎ᠠ᠄ ᠰᠢᠯᠦᠭ
ᠳᠠᠷᠤᠮ᠄ 2913
ᠴᠠᠭ᠄ 2006 ᠤᠨ ᠤ 09 ᠰᠠᠷ᠎ᠠ ᠶᠢᠨ 06