ᠰᠢᠭᠢᠷ

ᠰᠢᠭᠢᠷ ᠊᠊᠊᠊᠊᠊᠊᠊᠊᠊᠊᠊᠊᠊᠊

ᠪᠠᠯ ᠪᠣᠷᠠᠮ ᠵᠠᠵᠢᠯᠤᠭᠰᠠᠨ ᠪᠠᠭ᠎ᠠ ᠶᠢᠨ ᠨᠠᠰᠤ ᠰᠢᠭᠢᠷ ᠪᠠᠢ᠌ᠯ᠎ᠠ

ᠪᠠᠳᠠᠭ ᠰᠢᠯᠦᠭ᠌ ᠣᠶᠠᠩᠭ᠋ᠠᠷᠠᠭᠰᠠᠨ ᠰᠤᠷᠭᠠᠭᠤᠯᠢ ᠶᠢᠨ ᠭᠦᠷᠢᠶ᠎ᠡ ᠰᠢᠭᠢᠷ ᠪᠠᠢ᠌ᠯ᠎ᠠ

ᠣᠰᠤᠨ ᠳ᠋ᠠᠭᠢ ᠰᠠᠷᠠ ᠶᠢ ᠱᠥᠭᠦᠭᠦ ᠭᠡᠰᠡᠨ ᠢᠨᠢᠶᠠᠳᠤᠮ ᠮᠠᠨᠢ ᠰᠢᠭᠢᠷ ᠪᠠᠢ᠌ᠯ᠎ᠠ

ᠣᠯᠠᠨ ᠡᠴᠠ ᠡᠮᠤᠨ᠎ᠡ ᠳᠡᠷᠢᠭᠦᠯᠡᠭ᠍ᠰᠡᠨ ᠪᠣᠷᠭᠠᠰᠤᠨ ᠮᠤᠷᠢ ᠴᠤ ᠰᠢᠭᠢᠷ ᠪᠠᠢ᠌ᠯ᠎ᠠ

ᠡᠵᠢ ᠶᠢᠨ ᠵᠠᠭᠢᠭᠰᠠᠨ ᠢ ᠣᠮᠠᠷᠳᠠᠨ

ᠡᠮᠤᠨ᠎ᠡ ᠳᠠᠪᠠᠭ᠎ᠠ ᠪᠠᠷ ᠠᠯᠠᠭᠳᠠᠭ᠎ᠠ ᠭᠦᠭᠡᠭᠡᠭ᠍ᠰᠡᠨ ᠮᠠᠨᠢ ᠰᠢᠭᠢᠷ ᠪᠠᠢ᠌ᠯ᠎ᠠ

ᠡᠮᠡᠭᠡ ᠶᠢᠨ ᠬᠤᠷᠤᠳ ᠲᠤ ᠳᠤᠷᠠᠯᠠᠨ

ᠡᠳᠦᠷ ᠤᠨ ᠭᠢᠴᠢᠶᠠᠯ ᠡᠴᠠ ᠬᠤᠴᠤᠷᠤᠭᠰᠠᠨ ᠮᠠᠨᠢ ᠴᠤ ᠰᠢᠭᠢᠷ ᠪᠠᠢ᠌ᠯ᠎ᠠ


ᠰᠢᠭᠢᠷ ᠊᠊᠊᠊᠊᠊᠊᠊᠊᠊᠊᠊᠊᠊᠊

ᠡᠭᠡᠰᠢᠭ᠌ ᠳᠤᠯᠤᠭ᠎ᠠ ᠶᠢᠨ ᠠᠶ᠎ᠠ ᠨᠤᠲ᠋ ᠮᠠᠨᠢ ᠰᠢᠭᠢᠷ ᠪᠠᠢ᠌ᠯ᠎ᠠ

ᠡᠷᠡᠮᠪᠡ ᠰᠤᠶᠤᠯ ᠤᠨ ᠢᠵᠠᠭᠤᠷ ᠣᠷᠠᠯᠢᠭ ᠮᠠᠨᠢ ᠰᠢᠭᠢᠷ ᠪᠠᠢ᠌ᠯ᠎ᠠ

ᠡᠷᠳᠡᠮ ᠳᠤ ᠮᠡᠷᠡᠢ᠌ᠭᠦ ᠭᠦᠤ ᠶᠢᠨ ᠭᠦᠰᠡᠯ ᠰᠢᠭᠢᠷ ᠪᠠᠢ᠌ᠯ᠎ᠠ

ᠡᠷᠡᠨ ᠴᠠᠭ ᠤᠨ ᠭᠡᠦᠭᠡᠨ ᠤ ᠵᠤᠷᠢᠭ ᠰᠢᠭᠢᠷ ᠪᠠᠢ᠌ᠯ᠎ᠠ

ᠥᠩᠭᠡᠳᠡᠨ ᠢ ᠪᠠᠰᠢᠷᠳᠠᠬᠤ ᠦᠭᠡᠶ ᠡᠭᠡ ᠣᠷᠤᠠᠴᠢ ᠮᠠᠨᠢ ᠰᠢᠭᠢᠷ ᠪᠠᠢ᠌ᠯ᠎ᠠ

ᠡᠷᠭᠡᠳᠡᠨ ᠳᠤ ᠰᠥᠭᠦᠷᠡᠭᠦ ᠦᠭᠡᠶ ᠮᠤᠩᠭ᠋ᠤᠯ ᠠᠮᠢᠰᠬᠤᠭ᠎ᠠ ᠮᠠᠨᠢ ᠰᠢᠭᠢᠷ ᠪᠠᠢ᠌ᠯ᠎ᠠ

ᠭᠦᠮᠤᠨ ᠪᠠᠢ᠌ᠭᠠᠯᠢ ᠶᠢᠨ ᠡᠩᠭᠡ ᠳᠠᠢ᠌ᠪᠣᠩ ᠮᠠᠨᠢ ᠰᠢᠭᠢᠷ ᠪᠠᠢ᠌ᠯ᠎ᠠ

ᠭᠦᠭ᠍ᠵᠢᠯᠳᠤ ᠢᠷᠡᠭᠡᠳᠦᠢ ᠶᠢᠨ ᠰᠢᠨ᠎ᠡ ᠠᠮᠢᠳᠤᠷᠠᠯ ᠮᠠᠨᠢ ᠰᠢᠭᠢᠷ ᠪᠠᠢ᠌ᠯ᠎ᠠ


ᠰᠢᠭᠢᠷ ᠊᠊᠊᠊᠊᠊᠊᠊᠊᠊᠊᠊᠊᠊᠊

ᠬᠤᠷ᠎ᠠ ᠳᠠᠭᠠᠭᠤᠯᠤᠭᠰᠠᠨ ᠬᠤᠨ ᠤ ᠳᠠᠭᠤ ᠰᠢᠭᠢᠷ ᠪᠠᠢ᠌ᠯ᠎ᠠ

ᠬᠤᠭᠤᠷ ᠭᠦᠩᠭᠢᠨᠡᠭ᠍ᠰᠡᠨ ᠬᠤᠷᠴᠢᠨ ᠨᠤᠳᠤᠭ ᠮᠠᠨᠢ ᠰᠢᠭᠢᠷ ᠪᠠᠢ᠌ᠯ᠎ᠠ

ᠬᠤᠷᠳᠤᠨ ᠮᠤᠷᠢᠳ ᠶᠢᠡᠨ ᠥᠭᠡᠢ᠌ᠯᠡᠭ᠍ᠰᠡᠨ ᠨᠤᠳᠤᠭ ᠤᠨ ᠰᠠᠭᠢᠭᠤᠰᠤ ᠮᠠᠨᠢ ᠰᠢᠭᠢᠷ ᠪᠠᠢ᠌ᠯ᠎ᠠ

ᠣᠩᠭ᠋ᠤᠨ ᠰᠦᠯᠳᠡ ᠪᠠᠨ ᠡᠷᠭᠦᠭ᠍ᠰᠡᠨ ᠣᠪᠣᠭᠠᠨ ᠴᠢᠯᠠᠭᠤ ᠮᠠᠨᠢ ᠰᠢᠭᠢᠷ ᠪᠠᠢ᠌ᠯ᠎ᠠ

ᠣᠴᠢ ᠪᠠᠨ ᠡᠷᠭᠦᠨ ᠳᠦᠷᠡᠯᠵᠡᠭ᠍ᠰᠡᠨ ᠳᠤᠯᠭ᠎ᠠ ᠶᠢᠨ ᠭᠠᠯ ᠮᠠᠨᠢ ᠰᠢᠭᠢᠷ ᠪᠠᠢ᠌ᠯ᠎ᠠ

ᠭᠦᠮᠤᠨ ᠵᠠᠶᠠᠭ᠎ᠠ ᠳᠡᠭᠡᠵᠢᠯᠡᠭ᠍ᠰᠡᠨ ᠭᠦᠳᠡᠭᠡ ᠰᠤᠶᠤᠯ ᠮᠠᠨᠢ ᠰᠢᠭᠢᠷ ᠪᠠᠢ᠌ᠯ᠎ᠠ

ᠢᠳᠠᠷ ᠪᠣᠯᠪᠠᠰᠤᠨ ᠰᠢᠳᠦᠭ᠍ᠰᠡᠨ ᠡᠵᠡᠨ ᠣᠮᠤᠭ ᠮᠠᠨᠢ ᠰᠢᠭᠢᠷ ᠪᠠᠢ᠌ᠯ᠎ᠠ

ᠡᠨᠡ ᠪᠠᠶ᠎ᠠ ᠶᠢ ᠣᠬᠠᠵᠢᠭᠤᠯᠤᠭᠰᠠᠨ ᠡᠭᠡ ᠣᠷᠤᠨ ᠮᠠᠨᠢ ᠰᠢᠭᠢᠷ ᠪᠠᠢ᠌ᠯ᠎ᠠᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ

ᠵᠤᠬᠢᠶᠠᠭᠴᠢ᠄ ᠰᠠᠷᠠᠭᠤᠯ
ᠬᠠᠷᠢᠶ᠎ᠠ᠄ ᠰᠢᠯᠦᠭ
ᠳᠠᠷᠤᠮ᠄ 1925
ᠴᠠᠭ᠄ 2013 ᠤᠨ ᠤ 09 ᠰᠠᠷ᠎ᠠ ᠶᠢᠨ 23