ᠵᠤᠭ᠎ᠠ ᠥᠭᠡ

ᠪᠦᠸᠧ ᠪᠦᠸᠧ ᠬᠠᠢ᠌ᠯᠠᠢ ᠪᠦᠵᠦᠩ ᠳᠠᠤᠯᠠᠢ

ᠭᠡᠷ ᠭᠡᠷ ᠲᠤ ᠣᠷᠤᠭᠠᠤᠨ

ᠭᠡᠵᠢᠭᠡ ᠦᠰᠦ ᠪᠠᠨ ᠰᠠᠮᠨᠠᠭᠠᠤᠨ

ᠠᠢ᠌ᠯ ᠠᠢ᠌ᠯ ᠳᠤ ᠣᠷᠤᠭᠠᠤᠨ

ᠠᠢ᠌ᠷᠠᠭ ᠲᠡᠶ ᠬᠤᠭᠤᠯᠠ ᠢᠳᠡᠭᠡᠳ

ᠡᠳᠦᠷ ᠡᠳᠦᠷ ᠳᠤᠭᠤᠷᠢᠭᠠᠤᠨ

ᠦᠷᠦᠮ᠎ᠡ ᠲᠡᠶ ᠬᠤᠭᠤᠯᠠ ᠢᠳᠡᠭᠡᠳ

ᠳᠦᠭᠡ ᠳᠦᠭᠡ ᠪᠠᠷ ᠥᠰᠦᠭᠡᠳ

ᠳᠦᠷᠭᠡᠨ ᠶᠡᠭᠡ ᠪᠣᠯᠤᠶ᠎ᠠ᠃

· · · · · · · ·

ᠪᠣᠷᠤᠭᠠᠨ ᠪᠣᠷᠤᠭᠠᠨ ᠣᠷᠤᠵᠤ ᠪᠠᠢ᠌ᠨ᠎ᠠ

ᠪᠣᠷᠬᠠᠨ ᠰᠢᠷᠡᠭᠡ ᠭᠦᠳᠡᠯᠵᠤ ᠪᠠᠢ᠌ᠨ᠎ᠠ

ᠠᠩᠭ᠋᠎ᠠ ᠠᠩᠭ᠋᠎ᠠ ᠣᠭᠢᠯᠠᠵᠤ ᠪᠠᠢ᠌ᠨ᠎ᠠ

ᠠᠪᠠᠭᠠᠢ ᠵᠠᠢ᠌ᠵᠠᠢ ᠨᠢ ᠰᠠᠭᠠᠳᠠᠭᠤᠯᠵᠤ ᠪᠠᠢ᠌ᠨ᠎ᠠ᠃

· · · · · · · ·

ᠬᠤᠢ ᠬᠤᠢ ᠬᠤᠤᠠᠳᠤᠭ ᠲᠤ ᠣᠨᠠ

ᠬᠤᠯᠠᠭᠠᠢ᠌ᠴᠢ ᠭᠦᠮᠤᠨ ᠨᠥᠭᠡᠨ ᠳᠤ ᠣᠨᠠ

ᠮᠠᠭᠤ ᠭᠦᠮᠤᠨ ᠤ ᠶᠠᠰᠤ ᠨᠢ ᠴᠠᠢ᠌ᠭ

ᠰᠠᠢ᠌ᠨ ᠭᠦᠮᠤᠨ ᠤ ᠦᠰᠦ ᠨᠢ ᠴᠠᠢ᠌ᠭ᠃

· · · · · · · ·

ᠱᠠᠭᠠᠵᠠᠭᠠᠢ ᠱᠠᠭ

ᠱᠠᠭ᠎ᠠ ᠶᠢᠨ ᠪᠣᠭ

ᠱᠠᠩᠳᠠ ᠶᠢᠨ ᠭᠤᠤᠯ ᠤᠨ

ᠱᠠᠨᠠᠮ᠎ᠠ ᠡᠭᠡᠴᠢ ᠶᠢᠨ

ᠮᠠᠯᠠᠭᠠᠢ ᠶᠢᠨ ᠵᠠᠯᠠᠭ᠎ᠠ

ᠮᠠᠠᠲ᠋ᠸᠤ ᠪᠣᠤᠪᠣ ᠨᠢ

ᠰᠢᠭᠢᠷ ᠲᠡᠶ

ᠮᠠᠨ ᠤ ᠪᠠᠷᠭᠡᠨ

ᠪᠠᠢ᠌ᠪᠠᠢ ᠲᠡᠶ᠃

ᠳᠠᠯᠳᠠᠩ ᠳᠠᠯᠳᠠᠩ ᠳᠠᠯᠳᠠᠩ ᠳᠠᠯᠪᠠᠭ᠎ᠠ ᠲᠡᠶ

ᠳᠠᠭ᠎ᠠ ᠶᠢᠨ ᠮᠤᠷᠢᠨ ᠮᠤᠷᠢᠨ ᠳᠠᠭᠠᠨ

ᠡᠮᠡᠭᠡᠯ ᠲᠡᠶ

ᠳᠠᠭᠳᠠᠯᠠᠭᠠᠤᠨ ᠭᠠᠷᠪᠠᠯ

ᠳᠠᠭ ᠳᠠᠭ

ᠬᠠᠮᠢᠭ᠎ᠠ ᠡᠴᠡ ᠢᠷᠡᠭ᠍ᠰᠡᠨ

ᠳᠦᠭ᠍ᠳᠡᠭᠡᠳ ᠢᠷᠡᠭ᠍ᠰᠡᠨ

ᠭᠤᠤ ᠭᠠᠩᠭ᠋᠎ᠠ ᠡᠴᠡ

ᠭᠤᠯᠭᠤᠭᠠᠤᠨ ᠢᠷᠡᠭ᠍ᠰᠡᠨ

ᠭᠤᠳᠤᠯ ᠱᠠᠬᠠᠢ ᠪᠠᠨ

ᠭᠡᠭᠡᠭᠡᠳ ᠢᠷᠡᠭ᠍ᠰᠡᠨ᠃

᠁᠁᠁᠁

ᠠᠩᠭ᠋ᠠᠬᠠᠢ ᠳᠠᠩᠭ᠋ᠠᠢ ᠮᠤᠳᠤᠨ ᠳᠡᠭᠡᠷ᠎ᠡ

ᠠᠯᠠᠭ ᠰᠡᠷᠡᠭᠡ ᠶᠢᠨ ᠡᠪᠠᠷ

ᠵᠠᠭᠤᠨ ᠪᠣᠬ᠎ᠠ ᠶᠢᠨ ᠠᠷᠠᠰᠤᠨ

ᠵᠤᠰᠠᠯᠠᠩ ᠭᠡᠭᠡᠷ᠎ᠡ ᠶᠢᠨ ᠱᠠᠭᠠᠠᠴᠠᠭ︕

ᠬᠡᠦᠬᠡᠳ ᠬᠡᠦᠬᠡᠳ ᠨᠠᠭᠠᠳᠤᠶ᠎ᠠ᠂ ᠨᠠᠭᠠᠳᠤᠶ᠎ᠠ︕

ᠬᠤᠳᠠᠨ ᠳᠤᠳᠤᠷ᠎ᠠ ᠪᠠᠨ ᠣᠷᠤᠨ᠎ᠠ ᠦᠦ︖

ᠬᠤᠷᠠᠭ᠎ᠠ ᠢᠰᠢᠭᠡ ᠲᠡᠶ ᠳᠤᠭᠯᠠᠨ᠎ᠠ ᠦᠦ︖

ᠵᠤ᠋ ᠳᠡᠭᠡᠷ᠎ᠡ ᠪᠠᠨ ᠭᠠᠷᠤᠨ᠎ᠠ ᠦᠦ︖

ᠵᠤᠷᠠᠮ᠎ᠠ ᠳᠠᠷᠪᠠᠭ᠎ᠠ ᠪᠠᠨ ᠪᠠᠷᠢᠨ᠎ᠠ ᠦᠦ︖

ᠭᠦᠳᠦᠯ ᠳᠡᠭᠡᠷ᠎ᠡ ᠪᠠᠨ ᠭᠠᠷᠤᠨ᠎ᠠ ᠦᠦ︖

ᠭᠦᠭᠡ ᠪᠣᠬ᠎ᠠ ᠪᠠᠨ ᠣᠨᠤᠨ᠎ᠠ ᠦᠦ︖

ᠠᠭᠤᠯᠠᠨ ᠳᠡᠭᠡᠷ᠎ᠡ ᠪᠠᠨ ᠭᠠᠷᠤᠨ᠎ᠠ ᠦᠦ︖

ᠣᠯᠠᠭᠠᠨ ᠪᠣᠬ᠎ᠠ ᠪᠠᠨ ᠣᠨᠤᠨ᠎ᠠ ᠦᠦ︖

ᠬᠠᠳᠠᠨ ᠳᠡᠭᠡᠷ᠎ᠡ ᠪᠠᠨ ᠭᠠᠷᠤᠨ᠎ᠠ ᠦᠦ︖

ᠬᠠᠷ᠎ᠠ ᠪᠣᠬ᠎ᠠ ᠪᠠᠨ ᠣᠨᠤᠨ᠎ᠠ ᠦᠦ︖

ᠬᠡᠦᠬᠡᠳ ᠬᠡᠦᠬᠡᠳ ᠨᠠᠭᠠᠳᠤᠶ᠎ᠠ ᠨᠠᠭᠠᠳᠤᠶ᠎ᠠ︕

· · · · · · · · ·

ᠠᠯᠠᠭᠳᠤᠩᠭ᠋᠎ᠠ ᠠᠤᠨ ᠭᠡᠳ

ᠠᠪᠣ ᠨᠠᠮᠢ᠋ᠢ ᠦᠭ‍ᠭᠦᠨ᠎ᠡ ᠭᠡᠳ

ᠡᠷᠢᠶᠡᠨ ᠰᠢᠪᠠᠭᠤ ᠡ᠊ᠳ ᠭᠡᠳ

ᠡᠵᠢ ᠪᠠᠰᠠ ᠦᠭ‍ᠭᠦᠨ᠎ᠡ ᠭᠡᠳ

ᠪᠢᠯᠵᠤᠤᠬᠠᠢ ᠨᠢ ᠪᠢᠳ ᠭᠡᠳ

ᠪᠢ ᠪᠠᠰᠠ ᠣᠴᠢᠨ᠎ᠠ ᠭᠡᠳ

ᠭᠦᠭᠦᠭᠡ ᠰᠢᠪᠠᠭᠤ ᠭᠦᠤᠨ ᠭᠡᠳ

ᠭᠦᠷᠭᠡᠨ ᠨᠠᠮ᠎ᠠ ᠶᠢ ᠠᠪᠣᠨ᠎ᠠ ᠭᠡᠳ

ᠱᠠᠭᠠᠵᠠᠭᠠᠢ ᠱᠠᠭ ᠭᠡᠳ

ᠱᠠᠬᠠᠢ ᠪᠠᠰᠠ ᠪᠦᠳᠦᠨ᠎ᠡ ᠭᠡᠨ᠎ᠡ

ᠪᠦᠪᠦᠭᠡᠯᠵᠢ ᠰᠢᠪᠠᠭᠤ ᠪᠦᠪ ᠭᠡᠳ

ᠪᠦᠭᠦᠳᠡ ᠶᠠᠪᠣᠳᠠᠯ ᠪᠦᠳᠦᠨ᠎ᠡ ᠭᠡᠨ᠎ᠡ᠃

ᠬᠠᠷᠢᠶ᠎ᠠ᠄ ᠰᠤᠶᠤᠯ ᠣᠷᠠᠯᠢᠭ
ᠳᠠᠷᠤᠮ᠄ 3733
ᠴᠠᠭ᠄ 2009 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ