ᠲᠦᠰᠢᠶᠠᠳᠤ ᠶᠢᠨ ᠰᠠᠢ᠌ᠬᠠᠨ ᠣᠷᠤᠨ

ᠭᠦᠭᠡ ᠦᠨᠳᠦᠷ᠂ ᠮᠤᠯᠳᠤᠢ᠂ ᠰᠢᠷᠡᠭᠡ ᠪᠣᠷᠤ ᠶᠢᠨ ᠭᠦᠪᠴᠢᠨ ᠣᠢ ᠲᠡᠶ ᠨᠢᠷᠤᠭᠤᠳ

ᠭᠦᠡᠳᠡᠯᠡᠨ᠂ ᠵᠠᠮᠴᠢᠨ᠂ ᠶᠡᠭᠡᠳᠡᠯ᠎ᠡ ᠶᠢᠨ ᠭᠦᠳᠡᠭᠡ ᠭᠡᠭᠡᠷ᠎ᠡ ᠴᠠᠢ᠌ᠳᠠᠮ ᠤᠳ

ᠬᠠᠩᠭ᠋ᠠᠯ᠂ ᠳᠠᠯᠴᠢᠨ᠂ ᠴᠤᠬᠤᠷᠳᠤ ᠶᠢᠨ ᠭᠦᠨ ᠴᠡᠩᠭᠡᠷ ᠨᠠᠭᠤᠷ ᠤᠳ

ᠬᠤᠶᠠᠷᠰᠤᠮᠤ᠂ ᠪᠠᠶᠠᠠᠮᠠᠩᠬ᠎ᠠ᠂ ᠪᠠᠶᠠᠠᠨᠠᠭᠤᠷ ᠤᠨ ᠬᠤᠷᠴᠢᠨ ᠤ ᠡᠯᠡᠰᠤ ᠮᠠᠩᠬ᠎ᠠ ᠤᠳ

      ᠡᠨᠡ ᠪᠣᠯ ᠮᠢᠨᠤ ᠳᠦᠷᠦᠭ᠍ᠰᠡᠨ ᠨᠤᠳᠤᠭ

      ᠲᠦᠰᠢᠶᠠᠳᠤ ᠶᠢᠨ ᠰᠠᠢ᠌ᠬᠠᠨ ᠣᠷᠤᠨ

ᠠᠮᠢᠳᠠᠨ ᠠᠷᠢᠶᠠᠳᠠᠨ ᠭᠦᠷᠦᠭᠡᠯᠡᠭ᠍ᠰᠡᠨ ᠠᠳᠠᠷ ᠭᠡᠭᠡᠷ᠎ᠡ ᠴᠦᠯ ᠨᠤᠭᠦᠳ

ᠡᠮ ᠤᠨ ᠡᠪᠠᠰᠤ ᠢᠭᠴᠤᠷᠠᠭᠰᠠᠨ ᠡᠭᠡᠷᠡᠮ᠎ᠡ ᠭᠦᠡᠳᠡᠢ ᠵᠠᠯᠠᠭ᠎ᠠ ᠨᠤᠭᠤᠳ

ᠦᠨᠢᠷ ᠰᠦᠷᠦᠭ᠌ ᠢ ᠣᠮᠳᠠᠯᠠᠭᠰᠠᠨ ᠭᠤᠤᠯ ᠭᠤᠷᠤᠬ᠎ᠠ ᠪᠣᠯᠠᠭ ᠨᠤᠭᠤᠳ

ᠦᠷᠤᠴᠠᠨ ᠤ ᠡᠷᠳᠡᠨᠢᠰ ᠶᠢᠡᠨ ᠡᠷᠭᠦᠭ᠍ᠰᠡᠨ ᠳᠠᠪᠠᠭ᠎ᠠ ᠳᠤᠪᠣ ᠬᠤᠧᠨ ᠨᠤᠭᠤᠳ

      ᠡᠨᠡ ᠪᠣᠯ ᠮᠢᠨᠤ ᠳᠦᠷᠦᠭ᠍ᠰᠡᠨ ᠨᠤᠳᠤᠭ

      ᠲᠦᠰᠢᠶᠠᠳᠤ ᠶᠢᠨ ᠰᠠᠢ᠌ᠬᠠᠨ ᠣᠷᠤᠨ

ᠬᠤᠯᠠ ᠶᠢᠨ ᠪᠠᠷ᠎ᠠ ᠡᠴᠡ ᠬᠠᠷᠠᠭᠳᠠᠭᠰᠠᠨ ᠴᠡᠩᠭᠡᠷ ᠭᠦᠭᠡ ᠰᠠᠷᠢᠳᠠᠭ ᠤᠳ

ᠬᠤᠯᠤᠰᠤ ᠵᠡᠭᠡᠰᠤ ᠭᠠᠩᠬᠤᠭᠰᠠᠨ ᠨᠤᠮᠢᠨ ᠨᠤᠭᠤᠭᠠᠨ ᠪᠦᠷᠢᠳᠤ ᠨᠤᠭᠦᠳ

ᠨᠠᠢ᠌ᠷ ᠨᠠᠭᠠᠳᠤᠮ ᠡᠭᠦᠰᠭᠡᠭ᠍ᠰᠡᠨ ᠰᠢᠯᠢ ᠶᠢᠨ ᠭᠦᠭᠡ ᠳᠠᠠᠵᠢ ᠨᠤᠭᠦᠳ

ᠨᠠᠰᠢ ᠴᠠᠰᠢ ᠣᠳᠤᠷᠯᠠᠭᠰᠠᠨ ᠰᠢᠮ᠎ᠠ ᠰᠠᠢ᠌ᠳᠠᠢ ᠪᠠᠯᠴᠢᠭᠡᠷ ᠨᠤᠭᠦᠳ

      ᠡᠨᠡ ᠪᠣᠯ ᠮᠢᠨᠤ ᠳᠦᠷᠦᠭ᠍ᠰᠡᠨ ᠨᠤᠳᠤᠭ

      ᠲᠦᠰᠢᠶᠠᠳᠤ ᠶᠢᠨ ᠰᠠᠢ᠌ᠬᠠᠨ ᠣᠷᠤᠨ

ᠭᠢᠩᠭ᠋ᠠᠨ ᠳᠠᠪᠠᠭᠠᠨ ᠤ ᠡᠪᠦᠷ ᠳᠠᠭᠢ ᠬᠠᠨᠠᠭᠠᠷ ᠠᠭᠤᠳᠠᠮ ᠨᠤᠳᠤᠭ

ᠬᠤᠤᠯᠢᠨ ᠭᠤᠤᠯ ᠤᠨ ᠡᠷᠭᠢ ᠳ᠋ᠠᠭᠢ ᠬᠤᠪᠣᠷ ᠰᠢᠮᠠᠳᠠᠢ ᠭᠦᠷᠦᠰᠤ

ᠬᠠᠪᠣᠳᠤ ᠬᠠᠰᠠᠷ ᠤᠨ ᠦᠷᠠᠰ ᠦᠪᠯᠠᠵᠤ ᠳᠠᠷᠬᠠᠯᠠᠭᠰᠠᠨ ᠨᠤᠳᠤᠭ

ᠬᠠᠳᠠᠨ ᠵᠤᠷᠢᠭᠳᠤ ᠲᠦᠰᠢᠶᠠᠳᠤᠴᠤᠳ ᠤᠨ ᠦᠰᠴᠦ ᠪᠣᠢ᠌ᠵᠢᠭᠰᠠᠨ ᠥᠯᠦᠭᠡᠢ

      ᠡᠨᠡ ᠪᠣᠯ ᠮᠢᠨᠤ ᠳᠦᠷᠦᠭ᠍ᠰᠡᠨ ᠨᠤᠳᠤᠭ

      ᠲᠦᠰᠢᠶᠠᠳᠤ ᠶᠢᠨ ᠰᠠᠢ᠌ᠬᠠᠨ ᠣᠷᠤᠨ

ᠬᠤᠷᠸ᠎ᠠ ᠶᠢᠨ ᠡᠭᠢᠨ ᠤ ᠡᠭᠦᠰᠦᠯ ᠳᠤ ᠭᠦᠮᠦᠰ ᠤᠨ ᠭᠦᠳᠡᠯᠭᠡᠭᠡᠨ ᠲᠡᠶ ᠭᠠᠵᠠᠷ

ᠾᠦᠩᠨᠦ᠂ ᠳ᠋ᠦ᠋ᠩᠬᠤ᠂ ᠵᠦᠷᠴᠢᠨ ᠤ ᠡᠭᠡᠯᠵᠢᠯᠡᠨ ᠨᠤᠳᠤᠭᠯᠠᠭᠰᠠᠨ ᠭᠠᠵᠠᠷ

ᠬᠠᠭᠤᠴᠢᠨ ᠭᠦᠰᠢᠶ᠎ᠡ ᠰᠠᠢ᠌ᠳ ᠰᠦᠮ᠎ᠡ ᠤᠳ ᠦᠷᠭᠡᠨ ᠳᠦᠭᠡᠭᠡᠭ᠍ᠰᠡᠨ ᠨᠤᠳᠤᠭ

ᠭᠡᠢ᠌ᠮᠦᠷᠢ ᠭᠡᠰᠢᠭ᠌ ᠪᠣᠶᠠᠨ ᠳᠠᠯᠠᠯᠤᠭᠰᠠᠨ ᠣᠪᠣᠭᠠᠨ ᠳᠠᠭᠢᠯᠭᠠᠳᠠᠢ ᠣᠷᠤᠨ  

      ᠡᠨᠡ ᠪᠣᠯ ᠮᠢᠨᠤ ᠳᠦᠷᠦᠭ᠍ᠰᠡᠨ ᠨᠤᠳᠤᠭ

      ᠲᠦᠰᠢᠶᠠᠳᠤ ᠶᠢᠨ ᠰᠠᠢ᠌ᠬᠠᠨ ᠣᠷᠤᠨ

ᠳᠦᠴᠢ ᠶ‍ᠢᠰᠤᠨ ᠦᠪᠣᠷ ᠬᠤᠰᠢᠭᠤᠨ ᠳᠤ ᠳᠡᠷᠢᠭᠦᠨ ᠵᠢᠭᠰᠠᠭᠠᠭᠰᠠᠨ ᠬᠤᠰᠢᠭᠤ

ᠳᠠᠢ᠌ᠴᠢᠩ ᠭᠦᠷᠤᠨ ᠤ ᠦᠶ᠎ᠡ ᠡᠴᠡ ᠳᠠᠪᠢᠨ ᠤ ᠬᠤᠶᠠᠷ ᠦᠷᠳᠡᠭᠡ ᠲᠡᠶ

ᠲᠦᠯᠢᠶ᠎ᠠ ᠮᠤᠳᠤ ᠶᠢᠨ ᠬᠠᠪᠴᠢᠯ ᠳᠤ ᠡᠷᠳᠡᠨ ᠤ ᠪᠣᠭᠤᠮᠳᠠ ᠪᠠᠭᠢᠯᠠᠯᠳᠠ ᠲᠡᠶ

ᠳᠠᠢ᠌ᠴᠢᠠᠳᠠᠯ᠎ᠠ ᠶᠢᠨ ᠦᠷᠤᠴᠠᠨ ᠳᠤ ᠪᠠᠨ ᠲᠦᠰᠢᠶᠠᠳᠤ ᠸᠠᠩ ᠤᠨ ᠣᠷᠳᠤᠨ ᠲᠡᠶ

      ᠡᠨᠡ ᠪᠣᠯ ᠮᠢᠨᠤ ᠳᠦᠷᠦᠭ᠍ᠰᠡᠨ ᠨᠤᠳᠤᠭ

      ᠲᠦᠰᠢᠶᠠᠳᠤ ᠶᠢᠨ ᠰᠠᠢ᠌ᠬᠠᠨ ᠣᠷᠤᠨ

ᠨᠤᠨ ᠠᠷᠪᠠᠨ ᠬᠤᠰᠢᠭᠤᠨ ᠤ ᠴᠢᠭᠤᠯᠭᠠᠨ ᠪᠣᠯᠤᠭᠰᠠᠨ ᠨᠤᠳᠤᠭ

ᠨᠠᠢ᠌ᠵᠠ ᠳᠣᠢ᠌ᠨ ᠬᠤᠳᠤᠭᠳᠤ ᠶᠢᠨ ᠱᠠᠰᠢᠨ ᠳᠡᠯᠭᠡᠷᠡᠭᠦᠯᠦᠭᠰᠡᠨ ᠭᠤᠯᠤᠮᠳᠠ

ᠠᠷᠪᠠᠨ ᠬᠤᠰᠢᠭᠤᠨ ᠤ ᠪᠣᠭᠳᠠ ᠵᠠᠶᠠᠭᠠᠨ ᠮᠡᠡᠳᠦᠯᠡᠭ᠍ᠰᠡᠨ ᠭᠠᠵᠠᠷ

ᠠᠯᠳᠠᠨ ᠭᠠᠠᠵᠤᠤᠷ ᠳᠠᠠᠵᠤᠤᠷ ᠢ ᠪᠣᠮᠪᠠᠯᠠᠵᠤ ᠳᠠᠭᠢᠭᠰᠠ ᠣᠷᠤᠨ

      ᠡᠨᠡ ᠪᠣᠯ ᠮᠢᠨᠤ ᠳᠦᠷᠦᠭ᠍ᠰᠡᠨ ᠨᠤᠳᠤᠭ

      ᠲᠦᠰᠢᠶᠠᠳᠤ ᠶᠢᠨ ᠰᠠᠢ᠌ᠬᠠᠨ ᠣᠷᠤᠨ

ᠮᠥᠩᠭᠡ ᠬᠠᠨ ᠠᠭᠤᠯᠠ ᠪᠠᠨ ᠮᠦᠷᠭᠦᠵᠤ ᠳᠠᠭᠢᠭᠰᠠᠨ ᠵᠠᠩᠰᠢᠯ ᠲᠡᠶ

ᠮᠥᠯᠢᠭᠡᠷ ᠠᠰᠬ᠎ᠠ ᠬᠠᠳᠠᠨ ᠳ᠋ᠤᠨᠢ ᠮᠤᠩᠭ᠋ᠤᠯ ᠮᠠᠠᠵᠤ ᠥᠰᠦᠭ᠌ ᠲᠡᠶ

ᠠᠭᠤᠢ ᠳ᠋ᠦ᠋ᠩ ᠤᠨ ᠠᠮᠰᠠᠷ ᠡᠴᠡ ᠨᠢ ᠷᠠᠰᠢᠶᠠᠨ ᠪᠣᠯᠠᠭ ᠤᠨ ᠣᠠᠳᠤᠷᠤᠯ ᠲᠡᠶ

ᠠᠷᠰᠢ ᠼᠠᠠᠳᠠᠨ ᠮᠤᠳᠤᠳ ᠨᠠᠮᠠᠭᠠᠯᠠᠵᠤ ᠶᠠᠭᠰᠢᠷᠠᠭᠰᠠᠨ ᠪᠠᠷᠭᠡ ᠲᠡᠶ

       ᠡᠨᠡ ᠪᠣᠯ ᠮᠢᠨᠤ ᠳᠦᠷᠦᠭ᠍ᠰᠡᠨ ᠨᠤᠳᠤᠭ

       ᠲᠦᠰᠢᠶᠠᠳᠤ ᠶᠢᠨ ᠰᠠᠢ᠌ᠬᠠᠨ ᠣᠷᠤᠨ

ᠪᠠᠶᠠᠠᠬᠤᠰᠢᠭᠤ ᠠᠭᠤᠯᠠ ᠶᠢᠨ ᠡᠩᠭᠡᠷ ᠲᠤ ᠪᠣᠷᠬᠠᠨ ᠤ ᠰᠦᠮ᠎ᠡ ᠶᠢᠨ ᠴᠢᠭᠤᠯᠭᠠᠨ ᠲᠡᠶ

ᠪᠠᠶᠠᠨ ᠴᠢᠠᠳᠠᠮᠤᠨᠢ ᠣᠪᠣᠭᠠᠨ ᠳᠤ ᠰᠠᠭᠢᠭᠤᠯᠰᠤᠨ ᠢᠯᠡᠷᠡᠭ᠍ᠰᠡᠨ ᠳᠤᠮᠤᠭ ᠲᠡᠶ

ᠪᠠᠶᠠᠠᠮᠠᠩᠬ᠎ᠠ ᠶᠢᠨ ᠪᠠᠷᠭᠡ ᠳᠤ ᠭᠡᠭᠡᠨ ᠣᠷᠳᠤᠨ ᠤ ᠭᠡᠢ᠌ᠤᠨ ᠲᠡᠶ

ᠪᠠᠶᠠᠠᠨᠠᠭᠤᠷ ᠤᠨ ᠳᠠᠯ᠎ᠠ ᠳᠤ ᠪᠠᠨ ᠬᠠᠳᠤᠨ ᠤ ᠰᠦᠮ᠎ᠡ ᠶᠢᠨ ᠬᠠᠭᠤᠴᠢᠳ ᠲᠡᠶ

       ᠡᠨᠡ ᠪᠣᠯ ᠮᠢᠨᠤ ᠳᠦᠷᠦᠭ᠍ᠰᠡᠨ ᠨᠤᠳᠤᠭ

       ᠲᠦᠰᠢᠶᠠᠳᠤ ᠶᠢᠨ ᠰᠠᠢ᠌ᠬᠠᠨ ᠣᠷᠤᠨ

ᠪᠠᠷᠠᠭᠤᠨ ᠵᠢᠷᠢᠮ ᠤᠨ ᠵᠠᠯᠠᠭ᠎ᠠ ᠳᠤ ᠪᠠᠨ ᠪᠠᠢ᠌ᠴᠠ ᠪᠠᠷᠭᠡ ᠭᠠᠵᠠᠷ ᠲᠡᠶ

ᠪᠠᠵᠠᠯᠠᠭ᠎ᠠ ᠶᠢᠨ ᠭᠦᠡᠳᠡᠢ ᠪᠠᠷ ᠠᠯᠳᠠᠨ ᠣᠯᠤᠰ ᠤᠨ ᠣᠨᠠᠭᠤᠯᠢ ᠲᠡᠶ

ᠪᠠᠷᠰ ᠬᠠᠳᠠᠨ ᠤ ᠠᠭᠤᠢ ᠳ᠋ᠤᠨᠢ ᠭᠢᠳᠠᠨ ᠥᠰᠦᠭ᠌ ᠤᠨ ᠪᠢᠴᠢᠭᠡᠰᠤ ᠲᠡᠶ

ᠪᠠᠶᠡᠡᠵᠢᠷᠦᠭᠡ ᠶᠢᠨ ᠠᠭᠤᠯᠠᠨ ᠡᠴᠡ ᠪᠠᠭᠠᠳᠤᠷᠴᠤᠳ ᠪᠣᠰᠤᠯᠴᠠᠭᠰᠠᠨ ᠳᠤᠤᠯᠢᠰ ᠲᠡᠶ

       ᠡᠨᠡ ᠪᠣᠯ ᠮᠢᠨᠤ ᠳᠦᠷᠦᠭ᠍ᠰᠡᠨ ᠨᠤᠳᠤᠭ

       ᠲᠦᠰᠢᠶᠠᠳᠤ ᠶᠢᠨ ᠰᠠᠢ᠌ᠬᠠᠨ ᠣᠷᠤᠨ

ᠲᠦᠯᠢᠶ᠎ᠠ ᠮᠤᠳᠤ ᠶᠢᠨ ᠵᠡᠭᠦᠨ ᠰᠤᠭᠤ ᠳᠤ ᠵᠢᠷᠢᠮ ᠤᠨ ᠠᠭᠤᠯᠠ ᠰᠥᠡᠳᠡᠷᠯᠡᠭᠦᠰᠢᠳᠡᠢ

ᠲᠦᠰᠢᠶᠠᠳᠤ ᠣᠪᠣᠭ᠎ᠠ ᠪᠠᠷ ᠭᠤᠤᠯᠯᠠᠭᠰᠠᠨ ᠠᠷᠪᠠᠨ ᠬᠤᠰᠢᠭᠤ ᠭᠦᠷᠢᠶᠡᠯᠡᠭᠦᠰᠢᠳᠡᠢ

ᠠᠷᠪᠠᠨ ᠬᠤᠰᠢᠭᠤᠨ ᠤ ᠸᠠᠩ ᠨᠡᠷ ᠳᠤᠭᠳᠠᠭᠰᠠᠨ ᠬᠤᠭᠤᠴᠠᠭᠠᠨ ᠤ ᠴᠢᠭᠤᠯᠭᠠᠨ ᠲᠡᠶ

ᠠᠯᠳᠠᠷ ᠮᠠᠠᠳᠤᠭᠰᠠᠨ ᠵᠢᠷᠢᠮ ᠤᠨ ᠴᠢᠭᠤᠯᠭᠠᠨ ᠡᠨᠡ ᠭᠠᠵᠠᠷ ᠡᠴᠡ ᠡᠭᠦᠰᠦᠯ ᠲᠡᠶ

       ᠡᠨᠡ ᠪᠣᠯ ᠮᠢᠨᠤ ᠳᠦᠷᠦᠭ᠍ᠰᠡᠨ ᠨᠤᠳᠤᠭ

       ᠲᠦᠰᠢᠶᠠᠳᠤ ᠶᠢᠨ ᠰᠠᠢ᠌ᠬᠠᠨ ᠣᠷᠤᠨ

ᠳᠦᠷᠤᠯᠵᠢ ᠶᠢᠨ ᠶᠠᠮᠤᠨ ᠮᠤᠳᠤᠨ ᠳᠤ ᠪᠢᠴᠢᠭ᠍ᠳᠤ ᠬᠠᠳᠠᠨ ᠰᠥᠡᠳᠡᠷᠯᠡᠭᠦᠰᠢᠳᠡᠢ

ᠳᠠᠢ᠌ᠵᠸᠤ ᠭᠡᠰᠡᠨ ᠭᠢᠳᠠᠨ ᠥᠰᠦᠭ᠌ ᠳᠤᠳᠤᠷᠬᠠᠢ ᠢᠯᠠ ᠰᠡᠢ᠌ᠯᠦᠭᠦᠰᠢᠳᠡᠢ

ᠳᠡᠦᠭᠡ ᠰᠤᠳᠤᠯᠤᠭᠴᠢ ᠡᠷᠳᠡᠮᠳᠡᠨ ᠡᠴᠡ ᠳᠠᠢ᠌ᠯᠪᠣᠷᠢᠯᠠᠵᠤ ᠰᠤᠳᠤᠯᠵᠤ ᠭᠠᠷᠭᠠᠭᠰᠠᠨ ᠨᠢ

ᠳᠡᠭᠦᠨ ᠡᠴᠡ ᠵᠡᠭᠦᠡᠰᠢ ᠭᠠᠵᠠᠷ ᠨᠢ ᠠᠯᠳᠠᠨ ᠣᠯᠤᠰ ᠲᠤ ᠬᠠᠷᠢᠶᠠᠯᠠᠭᠤᠰᠢᠳᠠᠢ

        ᠡᠨᠡ ᠪᠣᠯ ᠮᠢᠨᠤ ᠳᠦᠷᠦᠭ᠍ᠰᠡᠨ ᠨᠤᠳᠤᠭ

        ᠲᠦᠰᠢᠶᠠᠳᠤ ᠶᠢᠨ ᠰᠠᠢ᠌ᠬᠠᠨ ᠣᠷᠤᠨ

ᠢᠮᠠᠭᠠᠭᠳᠤ ᠶᠢᠨ ᠪᠠᠷᠳᠠᠭᠠᠳᠤ ᠠᠭᠤᠯᠠᠨ᠎ᠠ ᠰᠠᠭᠢᠭᠤᠯᠰᠤᠨ ᠶᠠᠩᠭᠢᠷ ᠤᠨ ᠰᠠᠪᠳᠠᠭ ᠲᠡᠶ

ᠶᠡᠭᠡᠳᠦᠪᠦ ᠶᠢᠨ ᠡᠩᠭᠡᠷ ᠲᠤ ᠭᠦᠷᠤᠨ ᠤ ᠭᠦᠩᠵᠤ ᠶᠢᠨ ᠪᠣᠩᠬᠤᠨ ᠲᠡᠶ

ᠠᠮᠤᠷᠯᠢᠩᠭ᠋ᠤᠢ ᠡᠷᠭᠢᠮ ᠭᠦᠩᠵᠤ ᠪᠠᠶᠠᠰᠬᠤᠯᠠᠩ ᠸᠠᠩ ᠳᠤ ᠪᠣᠭᠳᠤᠯᠤᠭᠤᠰᠢᠳᠠᠢ

ᠠᠯᠳᠠᠨ ᠣᠷᠤᠭ ᠤᠨ ᠭᠡᠯᠭᠢᠶ᠎ᠡ ᠠᠯᠢ ᠡᠷᠳᠡᠨ ᠡᠴᠡ ᠪᠠᠢ᠌ᠪᠠᠢ

        ᠡᠨᠡ ᠪᠣᠯ ᠮᠢᠨᠤ ᠳᠦᠷᠦᠭ᠍ᠰᠡᠨ ᠨᠤᠳᠤᠭ

        ᠲᠦᠰᠢᠶᠠᠳᠤ ᠶᠢᠨ ᠰᠠᠢ᠌ᠬᠠᠨ ᠣᠷᠤᠨ

ᠳᠡᠭᠡᠳᠤ ᠡᠪᠦᠭᠡ ᠣᠪᠠ ᠬᠠᠨ ᠤ ᠳᠠᠷᠬᠠᠯᠠᠵᠤ ᠡᠵᠡᠯᠡᠭ᠍ᠰᠡᠨ ᠨᠤᠳᠤᠭ ᠲᠤ ᠮᠢᠨᠢ

ᠳᠠᠷᠬᠠᠨ ᠪᠠᠭᠠᠳᠤᠷ ᠭᠠᠳᠠ ᠮᠠᠢ᠌ᠷᠠᠨ ᠴᠤ ᠳᠠᠮᠠᠴᠠᠵᠤ ᠶᠠᠪᠣᠭᠰᠠᠨ ᠳᠡᠦᠭᠡ ᠲᠡᠶ

ᠵᠤᠷᠢᠭᠳᠤ ᠪᠠᠭᠠᠳᠤᠷ ᠳᠤᠭᠳᠠᠬᠤ ᠴᠤ ᠵᠠᠮᠨᠠᠵᠤ ᠥᠩᠭᠡᠷᠡᠭ᠍ᠰᠡᠨ ᠳᠤᠮᠤᠭ ᠲᠡᠶ

ᠵᠦᠪᠯᠠᠯᠳᠤ ᠮᠤᠩᠭ᠋ᠤᠯ ᠤᠨ ᠳᠠᠩᠺ ᠵᠦᠰᠤᠵᠤ ᠭᠠᠷᠭᠠᠭᠰᠠᠨ ᠬᠠᠷᠭᠤᠢ ᠲᠡᠶ

        ᠡᠨᠡ ᠪᠣᠯ ᠮᠢᠨᠤ ᠳᠦᠷᠦᠭ᠍ᠰᠡᠨ ᠨᠤᠳᠤᠭ

        ᠲᠦᠰᠢᠶᠠᠳᠤ ᠶᠢᠨ ᠰᠠᠢ᠌ᠬᠠᠨ ᠣᠷᠤᠨ

ᠭᠦᠷᠦᠰᠤᠨ ᠤ ᠡᠷᠳᠡᠨᠢᠰ ᠶᠢᠡᠨ ᠡᠷᠭᠦᠭ᠍ᠰᠡᠨ ᠮᠥᠩᠭᠦ ᠵᠠᠰ ᠤᠨ ᠠᠭᠤᠷᠬᠠᠢ ᠲᠡᠶ

ᠭᠦᠳᠡᠭᠡ ᠭᠡᠭᠡᠷ᠎ᠡ ᠦᠭᠡᠶ ᠢᠭᠴᠤᠷᠠᠭᠰᠠᠨ ᠭᠡᠭᠡᠷ᠎ᠡ ᠶᠢᠨ ᠭᠦᠢᠯᠡᠰᠤ ᠶᠢᠨ ᠭᠠᠷᠤᠯᠳᠠ ᠲᠡᠶ

ᠬᠤᠪᠢᠯᠭᠠᠨ ᠳᠤᠭᠤᠷᠤᠤ ᠭᠠᠩᠭ᠋ᠠᠯᠳᠤᠭᠰᠠᠨ ᠬᠤᠷᠴᠢᠨ ᠤ ᠬᠠᠮᠠᠭᠠᠯᠠᠯᠳᠠ ᠶᠢᠨ ᠣᠷᠤᠨ ᠲᠡᠶ

ᠭᠦᠮᠦᠰ ᠤᠨ ᠰᠤᠨᠢᠷᠬᠠᠯ ᠢ ᠰᠤᠷᠢᠠᠵᠢᠳᠠᠭᠰᠠᠨ ᠪᠠᠳᠤᠴᠠᠭᠠᠨ ᠤ ᠣᠯᠠᠭᠠᠨ ᠨᠠᠪᠴᠢᠰ ᠲᠡᠶ

        ᠡᠨᠡ ᠪᠣᠯ ᠮᠢᠨᠤ ᠳᠦᠷᠦᠭ᠍ᠰᠡᠨ ᠨᠤᠳᠤᠭ

        ᠲᠦᠰᠢᠶᠠᠳᠤ ᠶᠢᠨ ᠰᠠᠢ᠌ᠬᠠᠨ ᠣᠷᠤᠨ

ᠬᠤᠳᠠᠯᠳᠤᠭ᠎ᠠ ᠣᠢ᠌ᠯᠠᠳᠪᠣᠷᠢ ᠭᠦᠭ᠍ᠵᠢᠭ᠍ᠰᠡᠨ ᠬᠤᠳᠠ ᠪᠠᠯᠭᠠᠰᠤ ᠳᠤᠰᠬᠤᠨ ᠲᠡᠶ

ᠬᠤᠭᠤᠷᠴᠢ ᠴᠤᠭᠤᠷᠴᠢ ᠴᠤᠯᠭᠤᠷᠠᠭᠰᠠᠨ ᠣᠯᠠᠮᠵᠢᠯᠠᠯᠳᠤ ᠰᠤᠶᠤᠯ ᠤᠨ ᠭᠢᠯᠪᠠᠭ᠎ᠠ ᠲᠡᠶ

ᠭᠠᠳᠠᠭᠰᠢ ᠳᠤᠳᠤᠭᠰᠢ ᠳᠤᠤᠷᠯᠠᠭᠰᠠᠨ ᠭᠠᠢ᠌ᠬᠠᠮᠰᠢᠭᠳᠤ ᠰᠢᠤᠳᠠᠨ ᠤ ᠬᠤᠯᠪᠣᠭ᠎ᠠ ᠲᠡᠶ

ᠭᠠᠷᠭᠠᠵᠤ ᠣᠷᠤᠭᠤᠯᠵᠤ ᠰᠤᠯᠢᠯᠴᠠᠭᠰᠠ ᠭᠠᠳᠠᠭᠠᠳᠤ ᠳᠤᠳᠤᠭᠠᠳᠤ ᠠᠷᠠᠯᠵᠢᠶ᠎ᠠ ᠲᠡᠶ

       ᠡᠨᠡ ᠪᠣᠯ ᠮᠢᠨᠤ ᠳᠦᠷᠦᠭ᠍ᠰᠡᠨ ᠨᠤᠳᠤᠭ

       ᠲᠦᠰᠢᠶᠠᠳᠤ ᠶᠢᠨ ᠰᠠᠢ᠌ᠬᠠᠨ ᠣᠷᠤᠨ

ᠭᠠᠵᠠᠷ ᠤᠨ ᠬᠤᠯᠠ ᠶᠢ ᠳᠤᠪᠴᠢᠯᠠᠭᠰᠠᠨ ᠭᠠᠩ ᠵᠠᠮ ᠤᠨ ᠱᠤᠭᠤᠮ ᠲᠡᠶ

ᠭᠠᠷᠠᠭ ᠤᠨ ᠳᠠᠭᠠᠭᠤᠯᠢ ᠡᠴᠡ ᠬᠤᠷᠢᠶᠠᠭᠰᠠᠨ ᠳᠸᠯᠸᠢᠰ ᠳᠠᠮᠵᠢᠭᠤᠯᠬᠤ ᠦᠷᠳᠡᠭᠡ ᠲᠡᠶ

ᠨᠤᠷ᠎ᠠ ᠡᠯᠡᠰᠤ ᠪᠠᠨ ᠴᠢᠳᠦᠷᠯᠡᠭ᠍ᠰᠡᠨ ᠪᠦᠰᠡᠯᠡᠭᠦᠷ ᠣᠢ ᠶᠢᠨ ᠳᠤᠤᠷ ᠲᠡᠶ

ᠨᠤᠮᠢᠨ ᠳᠠᠪᠠᠯᠭᠠᠨ ᠬᠠᠶᠠᠯᠠᠭᠰᠠᠨ ᠣᠢ ᠰᠢᠭᠤᠢ ᠶᠢᠨ ᠪᠦᠷᠭᠦᠴᠡ ᠲᠡᠶ

      ᠡᠨᠡ ᠪᠣᠯ ᠮᠢᠨᠤ ᠳᠦᠷᠦᠭ᠍ᠰᠡᠨ ᠨᠤᠳᠤᠭ

      ᠲᠦᠰᠢᠶᠠᠳᠤ ᠶᠢᠨ ᠰᠠᠢ᠌ᠬᠠᠨ ᠣᠷᠤᠨ

ᠦᠷᠠᠵᠢᠯᠳᠤ ᠰᠦᠷᠦᠭ᠌ ᠪᠢᠯᠬᠠᠭᠰᠠᠨ ᠦᠨᠢᠷ ᠪᠠᠶᠠᠨ ᠣᠷᠤᠨ

ᠦᠷ᠎ᠡ ᠳᠠᠷᠢᠶ᠎ᠠ ᠬᠠᠯᠢᠭᠤᠷᠠᠭᠰᠠᠨ ᠴᠡᠴᠡᠭ᠌ ᠵᠢᠮᠢᠰ ᠲᠡᠶ ᠣᠷᠤᠨ

ᠴᠡᠴᠡᠭᠯᠡᠯ ᠤᠨ ᠵᠢᠭᠦᠷ ᠶᠢᠡᠨ ᠳᠡᠯᠭᠡᠩᠰᠡᠨ ᠴᠡᠩᠭᠡᠷ ᠭᠦᠭᠡ ᠨᠤᠳᠤᠭ

ᠴᠢ ᠪᠢᠳᠠᠨ ᠳᠤ ᠵᠠᠶᠠᠭᠠᠭᠰᠠᠨ ᠠᠰᠢᠳᠠ ᠶᠢᠨ ᠰᠠᠢ᠌ᠬᠠᠨ ᠣᠷᠤᠨ

      ᠡᠨᠡ ᠪᠣᠯ ᠮᠢᠨᠤ ᠳᠦᠷᠦᠭ᠍ᠰᠡᠨ ᠨᠤᠳᠤᠭ

      ᠲᠦᠰᠢᠶᠠᠳᠤ ᠶᠢᠨ ᠰᠠᠢ᠌ᠬᠠᠨ ᠣᠷᠤᠨ

ᠡᠪᠦᠭᠡ ᠳᠡᠭᠡᠳᠦᠰ ᠡᠴᠡ ᠢᠷᠦᠭᠡᠯ ᠲᠡᠶ ᠦᠨᠢᠷ ᠪᠠᠶᠠᠨ ᠥᠯᠦᠭᠡᠢ

ᠦᠷ᠎ᠡ ᠠᠴᠢᠨᠠᠷ ᠬᠡᠦᠬᠡᠳ ᠶᠢᠡᠨ ᠥᠭᠦᠭᠡᠷᠳᠡᠵᠤ ᠪᠦᠤᠪᠡᠢ᠌ᠯᠡᠭᠰᠡᠨ ᠮᠠᠠᠴᠤᠢ

ᠡᠰᠡᠨᠢᠯ ᠭᠦᠭ᠍ᠵᠢᠯ ᠪᠢᠯᠬᠠᠭᠰᠠᠨ ᠡᠯᠢᠭᠡᠨ ᠤ ᠬᠠᠢ᠌ᠷᠠᠳᠤ ᠨᠤᠳᠤᠭ

ᠡᠷᠭᠡ ᠵᠢᠷᠭᠠᠯᠳᠤ ᠪᠢᠳᠠ ᠨᠡᠷ ᠤᠨ ᠡᠭᠦᠷᠢᠳᠡ ᠣᠷᠤᠰᠢᠬᠤ ᠣᠷᠤᠨ

      ᠡᠨᠡ ᠪᠣᠯ ᠮᠢᠨᠤ ᠳᠦᠷᠦᠭ᠍ᠰᠡᠨ ᠨᠤᠳᠤᠭ

      ᠲᠦᠰᠢᠶᠠᠳᠤ ᠶᠢᠨ ᠰᠠᠢ᠌ᠬᠠᠨ ᠣᠷᠤᠨ


ᠵᠤᠬᠢᠶᠠᠭᠴᠢ ᠶᠢᠨ ᠬᠠᠶ‍ᠢᠭ ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠬᠠᠷᠢᠶ᠎ᠠ᠄ ᠰᠢᠯᠦᠭ
ᠳᠠᠷᠤᠮ᠄ 1905
ᠴᠠᠭ᠄ 2010 ᠤᠨ ᠤ 10 ᠰᠠᠷ᠎ᠠ ᠶᠢᠨ 07