ᠰᠤᠷᠤᠭᠴᠢᠳ ᠲᠠᠭᠠᠨ ᠢᠯᠡᠭᠡᠭ᠍ᠰᠡᠨ ᠢᠯᠠ ᠵᠠᠭᠢᠳᠠᠯ

ᠬᠠᠢ᠌ᠷᠠᠳᠤ ᠰᠤᠷᠤᠭᠴᠢᠳ ᠮᠢᠨᠢ᠄

             ᠰᠠᠢ᠌ᠨ ᠪᠠᠢ᠌ᠵᠠᠭᠠᠨ᠎ᠠ ᠦᠦ︖

ᠪᠢ ᠪᠠᠭᠡᠵᠢᠩ ᠡᠴᠡ ᠳᠠᠨᠤᠰ ᠲᠤ ᠵᠠᠭᠢᠳᠠᠯ ᠪᠢᠴᠢᠵᠤ ᠪᠠᠢ᠌ᠨ᠎ᠠ᠃ ᠮᠦᠨᠴᠤ ᠳᠠᠨᠤᠰ ᠢ ᠳᠤᠩ ᠰᠠᠨᠠᠨ ᠳᠤᠷᠠᠰᠴᠤ ᠰᠠᠭᠤᠨ᠎ᠠ᠃ ᠬᠠᠮᠳᠤ ᠪᠠᠢ᠌ᠬᠤ ᠳᠤ ᠳᠠᠨᠤᠰ ᠨᠠᠮ᠎ᠠ ᠶᠢ ᠪᠠᠶᠠᠰᠬᠠᠵᠤ ᠢᠨᠢᠶᠡᠯᠭᠡᠵᠤ᠂ ᠪᠠᠰᠠ ᠵᠠᠷᠢᠮ ᠳᠠᠭᠠᠨ ᠣᠴᠠᠭᠠᠷᠯᠠᠭᠤᠯᠵᠤ ᠠᠭᠤᠷᠯᠠᠭᠤᠯᠵᠤ ᠰᠠᠭᠤᠳᠠᠭ ᠴᠤ ᠰᠠᠯᠤᠭᠠᠤᠨ ᠬᠤᠯᠠ ᠢᠷᠡᠴᠢᠭᠡᠪᠠᠯ ᠮᠦᠨ ᠭᠡᠴᠡᠭᠦᠤ ᠰᠠᠨᠠᠬᠤ ᠶᠤᠮ ᠪᠠᠢ᠌ᠨ᠎ᠠ᠃ ᠡᠳᠦᠷ ᠬᠤᠨᠤᠭ ᠭᠡᠭ᠍ᠴᠢ ᠨᠢᠰᠭᠦ ᠮᠠᠳᠤ᠂ ᠪᠢ ᠪᠠᠭᠡᠵᠢᠩ ᠳᠤ ᠢᠷᠡᠭᠡᠳ ᠭᠡᠳᠥᠢᠨᠡᠢ ᠰᠠᠷ᠎ᠠ ᠭᠠᠷᠴᠢᠬᠠᠯ᠎ᠠ᠃ ᠳᠠᠨᠤᠰ ᠴᠤ ᠰᠢᠨ᠎ᠡ ᠨᠢᠭᠡᠨ ᠰᠤᠷᠤᠯᠭ᠎ᠠ ᠶᠢᠨ ᠬᠤᠭᠤᠴᠠᠭ᠎ᠠ ᠪᠠᠨ ᠣᠭᠳᠤᠨ ᠠᠪᠴᠤ᠂ ᠭᠢᠴᠢᠶᠠᠯ ᠡᠨᠡ ᠳᠠᠷᠠ ᠳᠡᠭᠡᠨ ᠶᠠᠭᠠᠷᠠᠭᠠᠤᠨ ᠰᠠᠷ᠎ᠠ ᠬᠠᠭᠠᠰ ᠪᠣᠯᠵᠤ ᠪᠠᠢ᠌ᠬ᠎ᠠ ᠡ᠃ ᠪᠠᠭᠰᠢ ᠨᠢ ᠡ᠊ᠨᠳᠡ ᠪᠠᠨ ᠳᠤᠩ ᠰᠠᠢ᠌ᠨ ᠰᠤᠷᠤᠯᠴᠠᠵᠤ ᠪᠠᠢ᠌ᠨ᠎ᠠ᠂ ᠪᠠᠭᠡᠵᠢᠩ ᠤᠨ ᠠᠭᠠᠷ ᠠᠮᠢᠰᠬᠤᠯ ᠴᠤ ᠮᠠᠰᠢ ᠰᠠᠢ᠌ᠬᠠᠨ ᠳᠠᠭᠠᠷᠠᠵᠤ ᠪᠠᠢ᠌ᠨ᠎ᠠ᠃ ᠪᠠᠭᠡᠵᠢᠩ ᠳᠤ ᠮᠠᠨ ᠤ ᠨᠤᠳᠤᠭ ᠲᠤ ᠪᠣᠯᠳᠠᠭ ᠰᠢᠭ ᠬᠠᠪᠣᠷ ᠳᠠᠯ᠎ᠠ ᠪᠠᠨ ᠡᠳᠦᠷ ᠥᠡᠵᠢᠭᠡᠳ ᠰᠠᠯᠭᠢᠯᠠᠭᠠᠤᠨ ᠰᠢᠭᠤᠷᠤᠭᠠᠤᠨ ᠪᠠᠢ᠌ᠬᠤ ᠦᠭᠡᠶ ᠪᠦᠭᠡᠳ ᠵᠤᠨ ᠡᠷᠳᠡ ᠢᠷᠡᠳᠡᠭ᠌ ᠶᠤᠮ ᠪᠠᠢ᠌ᠨ᠎ᠠ᠃ ᠮᠦᠨ ᠭᠡᠯᠡᠪᠠᠯ ᠪᠠᠭᠡᠵᠢᠩ ᠤᠨ ᠬᠠᠪᠣᠷ ᠲᠤᠢ᠌ᠯ ᠤᠨ ᠣᠬᠤᠷᠬᠠᠨ ᠶᠤᠮ᠃ ᠣᠳᠤ ᠡ᠊ᠨᠳᠡ ᠪᠣᠷᠤᠭ᠎ᠠ ᠣᠷᠤᠨ ᠮᠤᠳᠤᠳ ᠨᠤᠭᠤᠭᠠᠷᠠᠵᠤ᠂ ᠴᠡᠴᠡᠭ᠌ ᠨᠠᠪᠴᠢ ᠳᠡᠯᠭᠡᠷᠡᠭᠡᠳ ᠨᠢᠭᠡᠨᠲᠡ ᠵᠤᠨ ᠪᠣᠯᠴᠢᠬᠠᠭᠰᠠᠨ ᠰᠢᠤ᠃ ᠪᠠᠭᠰᠢ ᠨᠢ ᠨᠢᠭᠡ ᠭᠠᠷᠠᠭ ᠲᠤ ᠵᠥᠪᠭᠡᠨ ᠭᠤᠷᠪᠠᠨ ᠬᠠᠭᠠᠰ ᠡᠳᠦᠷ ᠤᠨ ᠭᠢᠴᠢᠶᠠᠯ ᠰᠤᠨᠤᠰᠤᠨ᠎ᠡ᠂ ᠪᠣᠰᠤᠳ ᠴᠠᠭ ᠲᠤ ᠨᠢ ᠦᠪᠡᠷ ᠶᠢᠡᠨ ᠪᠠᠢ᠌ᠷᠢ ᠳᠠᠭᠠᠨ ᠰᠠᠭᠤᠭᠠᠤᠨ ᠶᠠᠭᠤᠮ᠎ᠠ ᠪᠢᠴᠢᠭᠦ ᠶᠤᠮ ᠦᠦ᠂ ᠡᠰᠡᠭᠦᠯ᠎ᠡ ᠨᠤᠮ ᠣᠩᠰᠢᠨ᠎ᠡ᠃ ᠵᠠᠷᠢᠮ ᠳᠠᠭᠠᠨ ᠪᠠᠰᠠ ᠬᠠᠮᠳᠤ ᠰᠤᠷᠤᠭᠴᠢᠳ ᠲᠡᠶ ᠪᠠᠨ ᠴᠡᠴᠡᠷᠯᠢᠭ᠌ ᠶᠢᠡᠷ ᠳᠤᠭᠤᠷᠢᠨ ᠨᠠᠭᠠᠳᠤᠨ᠎ᠠ᠃ ᠰᠤᠷᠭᠠᠭᠤᠯᠢ ᠶᠢᠨ ᠨᠥᠭᠦᠴᠡᠯ ᠴᠤ ᠲᠤᠢ᠌ᠯ ᠤᠨ ᠰᠠᠢ᠌ᠨ᠂ ᠣᠷᠴᠢᠨ ᠳᠤᠭᠤᠷᠢᠨ ᠨᠢ ᠨᠠᠮ ᠰᠡᠯᠡᠭᠦᠨ ᠳᠠᠭᠠᠯᠠᠮᠵᠢᠳᠠᠢ ᠮᠦᠷᠳᠡᠭᠡᠨ ᠠᠭᠤᠷ ᠠᠮᠢᠰᠬᠤᠯ ᠴᠠᠪᠠᠷ ᠳᠤᠩᠭ᠋ᠠᠯᠠᠭ᠂ ᠥᠩᠭᠡ ᠦᠵᠡᠮᠵᠢ ᠭᠤᠶᠤ ᠭᠡᠭᠡᠡᠴᠢᠷ᠃ ᠪᠠᠭᠰᠢ ᠲᠡᠶ ᠨᠢ ᠡ᠊ᠨᠳᠡ ᠰᠦᠷᠦᠯᠴᠡᠵᠤ ᠪᠠᠢ᠌ᠭ᠎ᠠ ᠪᠦᠭᠦ ᠣᠯᠤᠰ ᠤᠨ ᠡᠯ᠎ᠡ ᠮᠤᠵᠢ ᠬᠤᠳᠠ ᠡᠴᠡ ᠢᠷᠡᠭ᠍ᠰᠡᠨ ᠬᠠᠮᠳᠤ ᠰᠤᠷᠤᠯᠭᠠᠳᠠᠨ 51 ᠭᠦᠮᠤᠨ ᠪᠣᠢ᠃ ᠭᠦᠮᠤᠨ ᠪᠦᠷᠢ ᠳᠤ ᠳᠤᠰᠬᠠᠢ ᠨᠢᠭᠡ ᠨᠢᠭᠡ ᠠᠵᠢᠯᠯᠠᠵᠤ ᠠᠮᠠᠷᠠᠬᠤ ᠪᠠᠢ᠌ᠷᠢ ᠲᠡᠶ ᠪᠦᠭᠡᠳ ᠺᠤᠮᠫᠢᠦ᠋ᠲ᠋ᠸᠷ᠂ ᠳᠸᠯᠸᠢᠰ ᠡᠴᠡ ᠡᠭᠢᠯᠡᠭᠡᠳ ᠳᠤᠨᠤᠭ ᠳᠦᠭᠦᠭᠡᠷᠦᠮᠵᠢ ᠪᠦᠷᠢᠨ ᠭᠦᠢᠴᠡᠳ ᠪᠠᠢ᠌ᠨ᠎ᠠ᠃ ᠪᠠᠭᠰᠢ ᠨᠢ ᠵᠢᠷᠭᠤᠳᠤᠭᠠᠷ ᠠᠰᠠᠷ ᠳᠡᠭᠡᠷ᠎ᠡ ᠰᠠᠭᠤᠳᠠᠭ᠃ ᠳᠤᠤᠷ᠎ᠠ ᠪᠠᠨ ᠠᠭᠤᠵᠢᠮ ᠰᠠᠷᠠᠭᠤᠯ ᠭᠢᠴᠢᠶᠠᠯ ᠤᠨ ᠳᠠᠩᠭᠢᠮ ᠪᠠ ᠬᠤᠭᠤᠯᠠᠨ ᠭᠡᠷ ᠲᠡᠶ᠃ ᠴᠤᠬᠤᠮ ᠴᠤ ᠨᠢᠭᠡ ᠨᠠᠮ ᠳᠠᠢ᠌ᠪᠣᠩ ᠰᠠᠭᠤᠭᠠᠤᠨ ᠶᠠᠭᠤᠮ᠎ᠠ ᠪᠢᠴᠢᠵᠤ᠂ ᠰᠤᠷᠤᠯᠴᠠᠬᠤ ᠳᠤ ᠳᠤᠭᠢᠷᠠᠭᠰᠠᠨ ᠭᠠᠵᠠᠷ ᠳ᠋ᠠ᠃

ᠦᠨᠡᠨ ᠢ ᠭᠡᠯᠡᠪᠠᠯ ᠪᠠᠭᠰᠢ ᠨᠢ ᠠᠩᠬ᠎ᠠ ᠣᠳᠠᠭ᠎ᠠ ᠡᠢ᠌ᠮᠤ ᠬᠤᠯᠠ ᠢᠷᠠᠵᠤ᠂ ᠠᠵᠢᠯᠯᠠᠵᠤ ᠰᠤᠷᠤᠯᠴᠠᠬᠤ ᠶᠢᠨ ᠬᠠᠵᠠᠭᠤ ᠪᠠᠷ ᠠᠮᠤᠷᠴᠤ ᠵᠢᠷᠭᠠᠵᠤ ᠪᠠᠢ᠌ᠨ᠎ᠠ᠃ ᠡᠨᠡ ᠰᠠᠢ᠌ᠬᠠᠨ ᠠᠵᠠ ᠵᠠᠪᠰᠢᠶᠠᠨ ᠭᠦᠮᠤᠨ ᠪᠣᠯᠭᠠᠨ ᠳᠤ ᠳᠠᠭᠠᠷᠠᠳᠠᠭ ᠪᠢᠰᠢ ᠡ᠂ ᠪᠠᠭᠰᠢ ᠳᠤ ᠨᠢ ᠶᠠᠭᠠᠭᠢᠭᠠᠤᠨ ᠡ᠊ᠨᠳᠡ ᠢᠷᠠᠵᠤ ᠰᠤᠷᠤᠯᠴᠠᠬᠤ ᠠᠵᠠᠳᠠᠢ ᠲᠤᠬᠢᠶᠠᠯ ᠳᠠᠭᠠᠷᠠᠪᠠ ᠭᠡᠪᠠᠯ ᠮᠤᠩᠭ᠋ᠤᠯ ᠰᠤᠶᠤᠯ ᠶᠢᠡᠨ ᠰᠤᠷᠤᠭᠰᠠᠨ ᠤ ᠠᠴᠢ ᠰᠢᠤ︕ ᠭᠡᠷᠪᠡ ᠪᠠᠭᠰᠢ ᠨᠢ ᠮᠤᠩᠭ᠋ᠤᠯ ᠶᠢᠡᠷ ᠰᠤᠷᠤᠭ᠎ᠠ ᠦᠭᠡᠶ᠂ ᠪᠠᠰᠠ ᠮᠤᠩᠭ᠋ᠤᠯ ᠭᠡᠯᠡ ᠪᠠᠷ ᠶᠢᠡᠨ ᠶᠠᠭᠤᠮ᠎ᠠ ᠪᠢᠴᠢᠳᠡᠭ᠌ ᠣᠷᠤᠯᠳᠤᠳᠠᠭ ᠦᠭᠡᠶ ᠪᠠᠢ᠌ᠭᠰᠠᠨ ᠪᠣᠯ ᠣᠯᠤᠰ ᠤᠨ ᠨᠠᠢ᠌ᠰᠯᠠᠯ ᠳᠤ ᠰᠠᠭᠤᠵᠤ ᠳᠤᠰᠬᠠᠢ ᠣᠤᠠᠬ᠎ᠠ ᠵᠤᠬᠢᠶᠠᠯ ᠰᠤᠷᠤᠯᠴᠠᠨ᠎ᠠ ᠭᠡᠳᠡᠭ᠌ ᠶᠤᠰᠤᠳᠠᠢ ᠰᠠᠨᠠᠭᠠᠨ ᠳᠤ ᠦᠭᠡᠶ ᠭᠡᠷᠡᠭ᠌ ᠪᠢᠯᠠ᠃ ᠡᠨᠡ ᠣᠳᠠᠭᠠᠨ ᠤ ᠰᠤᠷᠤᠯᠴᠠᠯᠭ᠎ᠠ ᠳᠤ ᠢᠷᠡᠭ᠍ᠰᠡᠨ ᠭᠦᠮᠤᠨ ᠤ ᠳᠤᠭ᠎ᠠ ᠭᠢᠵᠠᠭᠠᠷ ᠲᠡᠶ᠂ ᠨᠢᠭᠡ ᠮᠤᠵᠢ ᠡᠴᠡ ᠵᠥᠪᠭᠡᠨ ᠨᠢᠭᠡ ᠭᠦᠮᠤᠨ ᠪᠠᠢ᠌ᠨ᠎ᠠ᠃ ᠬᠦᠬᠡ‍ᠨᠠᠭᠤᠷ ᠮᠤᠵᠢ ᠡᠴᠡ ᠭᠠᠭᠴᠠ ᠪᠠᠭᠰᠢ ᠨᠢ ᠪᠠᠢ᠌ᠭ᠎ᠠ᠃ ᠠᠵᠠ ᠳᠠᠭᠠᠷᠠᠵᠤ ᠡᠨᠡ ᠵᠢᠯ  《ᠯᠤ ᠰᠢᠶᠦ᠋ᠨ ᠨᠠᠷᠠᠮᠵᠢᠳᠤ》  ᠣᠤᠠᠬ᠎ᠠ ᠵᠤᠬᠢᠶᠠᠯ ᠤᠨ ᠳᠡᠭᠡᠳᠤ ᠰᠤᠷᠭᠠᠭᠤᠯᠢ ᠳᠤ ᠰᠤᠷᠤᠯᠴᠠᠬᠤ ᠨᠢᠭᠡ ᠯᠠ ᠭᠦᠮᠤᠨ ᠤ ᠣᠷᠤᠨ ᠳᠤᠭ᠎ᠠ ᠪᠠᠨ ᠮᠤᠵᠢ ᠶᠢᠨ ᠣᠤᠠᠬ᠎ᠠ ᠣᠷᠠᠯᠢᠭ ᠤᠨ ᠬᠤᠯᠪᠣᠭᠠᠨ ᠡᠴᠡ ᠬᠠᠢ᠌ᠰᠢ ᠵᠸᠤ ᠳᠤ ᠦᠭ‍ᠭᠦ ᠳᠤ ᠬᠠᠢ᠌ᠰᠢ ᠵᠸᠤ ᠶᠢᠨ ᠣᠤᠠᠬ᠎ᠠ ᠣᠷᠠᠯᠢᠭ ᠤᠨ ᠬᠤᠯᠪᠣᠭᠠᠨ ᠤ ᠳᠡᠷᠢᠭᠦᠯᠡᠭ᠍ᠴᠢ᠂ ᠢᠷᠠᠭᠤ ᠨᠠᠢ᠌ᠷᠠᠭᠴᠢ ᠰᠡᠴᠠᠭᠤᠤ ᠠᠬ᠎ᠠ ᠡᠴᠡ ᠨᠠᠮ᠎ᠠ ᠶᠢ ᠳᠠᠨᠢᠯᠴᠠᠭᠤᠯᠤᠨ ᠢᠷᠡᠭᠦᠯᠦᠭ᠍ᠰᠡᠨ ᠶᠤᠮ᠃ ᠮᠠᠨ ᠤ ᠰᠤᠷᠭᠠᠭᠤᠯᠢ ᠡᠴᠡ ᠡᠨᠡᠭᠦ ᠠᠵᠢᠯᠯᠠᠭ᠎ᠠ ᠶᠢ ᠪᠠᠰᠠ ᠳᠤᠩ ᠭᠦᠡᠳᠦᠳᠭᠡᠨ ᠦᠵᠡᠵᠤ᠂ ᠰᠤᠷᠭᠠᠭᠤᠯᠢ ᠶᠢᠨ ᠶᠠᠭᠠᠭᠢᠵᠤ ᠶᠠᠭᠠᠷᠠᠤ ᠪᠠᠢ᠌ᠭᠰᠠᠨ ᠴᠤ ᠮᠢᠨᠤ ᠶᠠᠪᠣᠬᠤ ᠶᠢ ᠪᠠᠳᠤᠲ᠋ᠦ᠋ᠷᠤ ᠵᠠᠭᠢᠷᠤᠯ ᠳᠤᠷᠠᠳᠠᠢ ᠵᠥᠪᠰᠢᠶᠡᠷᠡᠭ᠍ᠰᠡᠨ ᠪᠢᠯᠠ᠃ ᠡᠢ᠌ᠮᠦᠷᠭᠦ ᠰᠤᠶᠤᠯ ᠶᠢᠡᠨ ᠭᠦᠡᠳᠦᠯᠡᠳᠡᠭ᠌᠂ ᠣᠢ᠌ᠯᠠᠭᠠᠳᠠᠭ᠂ ᠳᠡᠭᠡᠳᠦᠯᠡᠳᠡᠭ᠌ ᠣᠯᠠᠨ ᠣᠯᠠᠨ ᠭᠦᠮᠦᠰ ᠤᠨ ᠬᠠᠯᠠᠭᠤᠨ ᠳᠡᠮᠵᠢᠯᠭᠡ᠂ ᠬᠠᠷᠠᠮ ᠦᠭᠡᠶ ᠴᠢᠷᠮᠠᠢ᠌ᠯᠭ᠎ᠠ ᠪᠠᠢ᠌ᠭᠰᠠᠨ ᠡᠴᠡ ᠪᠢ ᠰᠠ‍‌ᠶᠢ ᠡ᠊ᠨᠳᠡ ᠢᠷᠠᠵᠤ ᠰᠡᠳᠭᠢᠯ ᠳᠡᠨᠢᠭᠦᠨ ᠰᠤᠷᠤᠯᠴᠠᠵᠤ ᠪᠠᠢ᠌ᠭ᠎ᠠ ᠭᠡᠳᠡᠭ᠌ ᠢ ᠳᠠᠨᠤᠰ ᠣᠢ᠌ᠯᠠᠭᠠᠵᠤ ᠮᠠᠳᠠᠵᠤ ᠶᠠᠪᠣᠭᠠᠷᠠᠢ︕ ᠨᠠᠮ᠎ᠠ ᠶᠢ ᠳᠤᠭᠠᠯᠠᠪᠠᠯ ᠡ᠊ᠨᠳᠡ ᠵᠥᠪᠭᠡᠨ ᠬᠤᠶᠠᠷᠬᠠᠨ ᠮᠤᠩᠭ᠋ᠤᠯ ᠪᠣᠢ᠃ ᠦᠪᠣᠷ ᠮᠤᠩᠭ᠋ᠤᠯ ᠡᠴᠡ ᠳᠠᠭᠤᠳᠠᠭᠠᠴᠢ᠂ ᠡᠩᠭᠡᠭᠡᠳᠡ ᠪᠠᠭᠰᠢ ᠢᠷᠡᠭ᠍ᠰᠡᠨ᠃ ᠡᠩᠭᠡᠭᠡᠳᠡ ᠪᠠᠭᠰᠢ ᠵᠥᠪᠭᠡᠨ ᠦᠪᠣᠷ ᠮᠤᠩᠭ᠋ᠤᠯ ᠳᠠᠳᠤᠢ ᠦᠭᠡᠶ ᠪᠦᠭᠦ ᠣᠯᠤᠰ ᠴᠢᠨᠠᠭᠰᠢᠯᠠᠪᠠᠯ ᠮᠤᠩᠭ᠋ᠤᠯ ᠣᠯᠤᠰ ᠭᠦᠷᠳᠡᠯ᠎ᠡ ᠨᠠᠷ᠎ᠠ ᠨᠥᠯᠦᠭᠡ ᠲᠡᠶ ᠶᠠᠪᠣᠭ᠎ᠠ ᠰᠠᠢ᠌ᠨ ᠰᠢᠯᠦᠭ᠍ᠴᠢ᠂ ᠰᠤᠶᠤᠯ ᠤᠨ ᠵᠢᠦᠡᠭᠦᠯᠳᠡᠨ ᠭᠡᠳᠡᠭ᠌ ᠢ ᠳᠠᠨᠤᠰ ᠪᠠᠰᠠ ᠳᠠᠨᠢᠵᠤ ᠮᠠᠳᠠᠵᠤ ᠠᠪᠣᠭᠠᠷᠠᠢ︕

ᠵᠠ ᠬᠠᠢ᠌ᠷᠠᠳᠤ ᠰᠤᠷᠤᠭᠴᠢᠳ ᠮᠢᠨᠢ᠂ ᠮᠢᠨᠤ ᠪᠠᠢ᠌ᠳᠠᠯ ᠦᠨᠳᠦᠰᠦᠨ ᠳᠡᠭᠡᠨ ᠡᠢ᠌ᠮᠤ ᠪᠠᠢ᠌ᠨ᠎ᠠ᠃ ᠦᠪᠡᠷ ᠤᠨ ᠭᠡᠯᠡ᠂ ᠡᠭᠡ ᠰᠤᠶᠤᠯ ᠶᠢᠡᠨ ᠰᠤᠷᠬᠤ ᠰᠠᠢ᠌ᠬᠠᠨ ᠰᠢᠤ︕ ᠪᠢᠳᠡᠭᠡᠢ ᠣᠷᠮ᠎ᠠ ᠬᠠᠷᠢᠭᠠᠷᠠᠢ᠂ ᠨᠠᠩ ᠢᠯᠡᠭᠦᠤ ᠴᠢᠷᠮᠠᠢ᠌ᠨ ᠰᠤᠷᠬᠤ ᠮᠦᠷᠳᠡᠭᠡᠨ ᠰᠠᠢ᠌ᠨ ᠰᠤᠷᠬᠤ ᠭᠡᠷᠡᠭ᠍ᠳᠡᠢ ᠶᠤᠮ ᠰᠢᠤ᠃ ᠡᠨᠡ ᠰᠠᠢ᠌ᠬᠠᠨ ᠳᠡᠭ᠍ᠷᠢᠯᠢᠭ᠌ ᠰᠤᠶᠤᠯ ᠶᠢᠡᠨ ᠯᠠ ᠭᠠᠵᠠᠷ ᠣᠨᠠᠭᠠᠯ ᠦᠭᠡᠶ ᠰᠠᠢ᠌ᠨ ᠰᠤᠷᠤᠯᠴᠠᠭᠰᠠᠨ ᠴᠠᠭ ᠲᠤ ᠣᠴᠢᠷ ᠪᠣᠢ᠂ ᠣᠬᠠᠭᠠᠨ ᠪᠣᠢ᠂ ᠢᠷᠡᠭᠡᠳᠦᠢ ᠪᠣᠢ᠂ ᠭᠠᠷᠬᠤ ᠵᠠᠮ ᠴᠤ ᠪᠣᠢ︕ ᠦᠪᠡᠷ ᠤᠨ ᠰᠤᠶᠤᠯ ᠶᠢᠡᠨ ᠰᠠᠢ᠌ᠨ ᠰᠤᠷᠪᠠᠯ ᠰᠠ‍‌ᠶᠢ ᠭᠦᠮᠤᠨ ᠤ ᠰᠤᠶᠤᠯ ᠢ ᠴᠤ ᠮᠦᠨ ᠠᠳᠠᠯᠢᠬᠠᠨ ᠰᠠᠢ᠌ᠨ ᠰᠤᠷᠴᠤ ᠴᠢᠳᠠᠨ᠎ᠡ᠃ ᠦᠪᠡᠷ ᠤᠨ ᠰᠤᠶᠤᠯ ᠶᠢᠡᠨ ᠭᠤᠯᠤᠴᠢᠬᠠᠭᠠᠤᠨ ᠦᠷᠦᠭᠡᠯ ᠤᠨ ᠰᠤᠶᠤᠯ ᠶᠢᠡᠷ ᠳᠡᠪᠭᠡᠷᠦᠭᠡᠳ ᠶᠡᠭᠡ ᠳᠡᠯᠡᠭᠡᠢ ᠳᠡᠪᠳᠦᠭᠡᠭᠦ ᠦᠭᠡᠶ ᠪᠠᠢ᠌ᠬ᠎ᠠ᠃ ᠪᠠᠭᠰᠢ ᠨᠢ ᠦᠪᠡᠷ ᠤᠨ ᠰᠤᠶᠤᠯ ᠶᠢᠡᠨ ᠰᠤᠷᠤᠯ᠎ᠠ ᠭᠡᠳ ᠭᠦᠮᠤᠨ ᠡᠴᠡ ᠳᠤᠳᠠᠭᠰᠠᠨ ᠶᠠᠭᠤᠮ᠎ᠠ ᠦᠭᠡᠶ᠂ ᠮᠦᠨ ᠠᠳᠠᠯᠢᠠᠭᠨ ᠣᠯᠤᠰ ᠤᠨ ᠪᠣᠶᠠᠨ ᠳᠤ ᠪᠠᠭᠳᠠᠨ ᠡ᠊ᠨᠳᠡ ᠭᠢᠳᠠᠤᠨ ᠤᠨ ᠨᠠᠷ᠎ᠠ ᠲᠡᠶ ᠨᠥᠯᠦᠭᠡ ᠲᠡᠶ ᠵᠤᠬᠢᠶᠠᠯᠴᠢᠳ ᠲᠡᠶ ᠬᠠᠮᠳᠤ ᠰᠤᠷᠤᠯᠴᠠᠵᠤ ᠪᠠᠢ᠌ᠨ᠎ᠠ᠃ ᠳᠠᠨᠤᠰ ᠭᠠᠭᠴᠠᠬᠦ ᠰᠠᠢ᠌ᠨ ᠰᠤᠷᠳᠠᠭ ᠶᠤᠮ ᠪᠣᠯ ᠬᠤᠵᠢᠮ ᠪᠠᠭᠰᠢ ᠡᠴᠡ ᠪᠠᠨ ᠦᠨᠳᠦᠷ ᠣᠢ᠌ᠯᠠᠰ ᠪᠣᠰᠬᠠᠵᠤ᠂ ᠠᠪᠢᠶᠠᠰ ᠡᠷᠳᠡᠮ ᠶᠢᠡᠨ ᠪᠠᠳᠠᠷᠠᠭᠤᠯᠤᠨ᠎ᠡ ᠭᠡᠳᠡᠭ᠌ ᠢ ᠢᠳᠡᠭᠡᠵᠤ ᠪᠠᠢ᠌ᠨ᠎ᠠ᠂ ᠪᠠᠯᠭᠡᠰᠢᠶᠡᠵᠤ ᠪᠠᠢ᠌ᠨ᠎ᠠ᠃ ᠣᠴᠢᠷ ᠨᠢ ᠳᠠᠨᠤᠰ ᠭᠦᠮᠤᠨ ᠤ ᠭᠦᠯ ᠶᠢᠡᠷ ᠮᠥᠯᠭᠦᠭᠡ ᠦᠭᠡᠶ᠂ ᠬᠠᠷᠢᠨ ᠦᠪᠡᠷ ᠤᠨ ᠭᠦᠯ ᠶᠢᠡᠷ ᠶᠢᠡᠨ ᠵᠢᠷᠢ᠌ᠵᠤ ᠪᠠᠢ᠌ᠭ᠎ᠠ ᠰᠢᠤ︕

ᠪᠠᠢ᠌ᠷᠢᠨ ᠳᠠᠭᠠᠨ ᠡᠨᠡ ᠵᠠᠭᠢᠳᠠᠯ ᠢ ᠪᠢᠴᠢᠵᠤ ᠰᠠᠭᠤᠬᠤ ᠳᠤ ᠳᠠᠨᠤᠰ ᠤᠨ ᠭᠦᠭᠡᠷᠦᠭᠦᠨ ᠳᠦᠷᠢ ᠰᠡᠳᠭᠢᠯ ᠳᠤ ᠪᠠᠭᠤᠭᠠᠤᠨ ᠦᠶ᠎ᠡ ᠦᠶ᠎ᠡ ᠤᠢ᠌ᠳᠬᠠᠷ ᠭᠠᠭᠴᠠᠭᠠᠷᠳᠠᠯ ᠤᠨ ᠳᠤᠭᠤᠰᠤ ᠶᠢ ᠦᠯᠢᠶᠠᠨ ᠠᠷᠴᠢᠨ᠎ᠠ᠃ ᠬᠠᠶᠠ ᠳᠠᠭᠠᠨ ᠭᠢᠴᠢᠶᠠᠯ ᠳᠡᠭᠡᠷ᠎ᠡ ᠵᠢᠭᠠᠬᠠᠨ ᠳᠦᠷᠰᠤ ᠥᠭᠡᠢ᠌ᠳᠡᠭᠦ ᠭᠡᠳ ᠪᠠᠢ᠌ᠳᠠᠭ ᠠᠷᠢᠶ᠎ᠠ᠂ ᠨᠢᠮᠠᠵᠠ᠂ ᠼᠡᠭᠡᠡᠵᠡ᠂ ᠸᠴᠢᠷᠪᠠᠳᠤ ᠳᠠᠨᠤᠰ ᠰᠠᠢ᠌ᠨ ᠪᠠᠢ᠌ᠭ᠎ᠠ ᠪᠢᠵᠠ︖ ᠳᠠ ᠳᠦᠷᠪᠠ ᠶᠢᠨ ᠲᠦᠯᠦᠭᠡ ᠪᠠᠭᠰᠢ ᠨᠢ ᠦᠷᠭᠦᠯᠵᠢ ᠪᠣᠳᠤᠯ ᠪᠣᠯᠵᠤ᠂ ᠡᠷᠳᠡᠭᠡᠨ ᠤᠬᠠᠭᠠᠷᠠᠨ ᠵᠦᠪ ᠵᠠᠮ ᠳᠠᠭᠠᠨ ᠣᠷᠤᠬᠤ ᠶᠢ ᠭᠦᠰᠡᠨ ᠭᠦᠯᠢᠶᠡᠵᠤ ᠰᠠᠭᠤᠳᠠᠭ ᠰᠢᠤ︕ ᠳᠠᠭᠠᠤ ᠳᠤ ᠨᠢ ᠪᠦᠭᠦ ᠠᠩᠬ᠎ᠠ ᠨᠢᠭᠡᠳᠦᠭᠡᠷ ᠣᠨ ᠤ ᠰᠤᠷᠤᠭᠴᠢᠳ ᠲᠠᠭᠠᠨ ᠰᠤᠷᠤᠯᠭ᠎ᠠ ᠶᠢᠨ ᠠᠮᠵᠢᠯᠳᠠ ᠶᠢ ᠭᠦᠰᠡᠨ ᠡᠷᠡᠭᠦᠯ ᠰᠠᠷᠠᠭᠤᠯ ᠦᠰᠦᠷᠴᠤ ᠶᠠᠪᠣᠭ᠎ᠠ ᠶᠢ ᠵᠦᠩᠨᠠᠵᠤ ᠪᠠᠢ᠌ᠨ᠎ᠠ᠃ ᠠᠯᠳᠠ ᠰᠢᠭ ᠠᠷᠢᠭᠤᠨ ᠨᠠᠠᠳᠢᠨ ᠴᠠᠭ ᠶᠢᠡᠨ ᠪᠢᠳᠡᠭᠡᠢ ᠠᠯᠮᠠᠢ᠌ᠷᠠᠵᠤ ᠰᠠᠭᠤᠭᠠᠤᠨ ᠳᠠᠯᠠᠭᠠᠷ ᠥᠩᠭᠡᠷᠡᠭᠡᠷᠡᠢ ᠭᠡᠮᠡᠨ ᠡ᠊ᠨᠳᠡ ᠰᠠᠨᠠᠭᠤᠯᠵᠤ ᠪᠠᠢ᠌ᠨ᠎ᠠ᠃ ᠪᠠᠭᠰᠢ ᠪᠠᠨ ᠭᠦᠡᠳᠦᠯᠡᠵᠤ ᠰᠤᠷᠬᠤ ᠮᠦᠷᠳᠡᠭᠡᠨ ᠡᠨᠡ ᠰᠠᠢ᠌ᠬᠠᠨ ᠳᠡᠭ᠍ᠷᠢᠯᠢᠭ᠌ ᠰᠤᠶᠤᠯ ᠶᠢᠡᠨ ᠪᠠᠰᠠ ᠭᠦᠡᠳᠦᠳᠭᠡᠵᠤ ᠰᠤᠷᠬᠤ ᠭᠡᠷᠡᠭ᠍ᠳᠡᠢ ᠶᠤᠮ ᠰᠢᠤ︕ ᠳᠠᠨᠤᠰ ᠲᠤ ᠡᠨᠡ ᠰᠠᠢ᠌ᠬᠠᠨ ᠮᠤᠩᠭ᠋ᠤᠯ ᠰᠤᠶᠤᠯ ᠶᠢᠡᠨ ᠰᠤᠷᠬᠤ ᠠᠵᠠ ᠵᠠᠪᠰᠢᠶᠠᠨ ᠪᠠᠢ᠌ᠬᠤ ᠳᠤ ᠰᠤᠷᠬᠤ ᠦᠭᠡᠶ ᠬᠠᠢ᠌ᠷᠠᠨ ᠴᠠᠭ ᠶᠢᠡᠨ ᠠᠯᠳᠠᠵᠤ ᠣᠷᠭᠢᠪᠠᠯ ᠵᠠᠶᠠᠭ᠎ᠠ ᠬᠠᠵᠠᠢ᠌ᠨ ᠵᠠᠮ ᠪᠠᠯᠠᠷᠠᠵᠤ ᠮᠠᠳᠠᠨ᠎ᠡ ᠡ︕

ᠪᠠᠰᠠ ᠪᠠᠭ᠎ᠠ ᠰᠤᠷᠭᠠᠭᠤᠯᠢ ᠶᠢᠨ ᠶᠢᠡᠨ ᠳᠦᠷᠪᠠᠳᠦᠭᠡᠷ ᠣᠨ ᠳᠤ ᠴᠢᠳᠠᠨ ᠶᠠᠳᠠᠨ ᠮᠤᠩᠭ᠋ᠤᠯ ᠰᠤᠶᠤᠯ ᠶᠢᠡᠨ ᠰᠤᠷᠴᠤ ᠶᠠᠪᠣᠭ᠎ᠠ ᠬᠦᠷᠡᠭᠦᠤ᠂ ᠭᠠᠯᠮᠡᠡᠳᠦᠯ᠂ ᠢᠷᠠᠭᠤ᠂ ᠨᠠᠢ᠌ᠷᠠᠭ᠂ ᠣᠢ᠌ᠯᠠᠰ᠂ ᠵᠢᠭ᠍ᠰᠢᠵᠡᠪ᠂ ᠳᠤᠷᠵᠢᠴᠦ᠋ᠩ᠂ ᠷᠢᠠᠴᠢᠠᠼᠤᠤ ᠵᠢᠴᠢ ᠪᠦᠭᠦ ᠠᠩᠭᠢ ᠶᠢᠨ ᠪᠢᠴᠢᠬᠠᠨ ᠨᠠᠢ᠌ᠵᠠ ᠨᠡᠷ ᠡ᠂ ᠳᠠᠨᠤᠰ ᠪᠦᠭᠦᠳᠡᠭᠡᠷ ᠶᠢᠡᠨ ᠰᠠᠢ᠌ᠨ ᠪᠠᠢ᠌ᠵᠠᠭᠠᠨ᠎ᠠ ᠦᠦ︖ ᠡᠷᠳᠡᠮ᠂ ᠮᠤᠷᠠᠯ᠂ ᠴᠢᠳᠠᠪᠣᠷᠢ ᠵᠡᠷᠭᠡᠴᠡᠭ᠍ᠰᠡᠨ ᠣᠯᠤᠰ ᠦᠨᠳᠦᠰᠦᠳᠠᠨ ᠤ ᠪᠠᠨ ᠠᠯᠳᠠᠨ ᠪᠠᠭᠠᠨ᠎ᠠ ᠪᠣᠯᠤᠨ ᠭᠦᠮᠦᠵᠢᠭ᠍ᠳᠡᠭᠦ ᠶᠢ ᠪᠠᠭᠰᠢ ᠨᠢ ᠦᠨᠡᠨ ᠵᠢᠷᠦᠭᠡᠨ ᠡᠴᠡ ᠪᠠᠨ ᠢᠷᠦᠭᠡᠨ ᠢᠷᠦᠭᠡᠨ ᠪᠠᠯᠭᠡᠳᠡᠵᠤ ᠪᠠᠢ᠌ᠨ᠎ᠠ᠃ ᠳᠠᠨᠤᠰ ᠪᠣᠯ ᠰᠠ‍‌ᠶᠢ ᠮᠠᠠᠳᠤᠵᠤ ᠪᠠᠢ᠌ᠭ᠎ᠠ ᠨᠠᠷᠠ᠂ ᠣᠯᠤᠰ ᠦᠨᠳᠦᠰᠦᠳᠠᠨ ᠤ ᠪᠠᠨ ᠮᠠᠷᠭᠠᠰᠢ᠂ ᠡᠭᠡ ᠭᠡᠯᠡᠨ ᠤ ᠪᠠᠨ ᠳᠡᠭ᠍ᠷᠢ ᠶᠤᠮ ᠰᠢᠤ︕ ᠡᠭᠡ ᠭᠡᠯᠡ ᠪᠠᠨ ᠰᠤᠷᠬᠤ᠂ ᠣᠯᠠᠮᠵᠢᠯᠠᠬᠤ᠂ ᠭᠦᠭ᠍ᠵᠢᠭᠦᠯᠭᠦ ᠢᠷᠡᠭᠡᠳᠦᠢ ᠶᠢᠨ ᠵᠠᠯᠭᠠᠮᠵᠢᠯᠠᠭᠴᠢ ᠨᠡᠷ ᠡᠳᠦᠷ ᠢᠷᠡᠭᠦᠶ᠎ᠡ ᠴᠥᠭᠡᠳᠡᠵᠤ ᠪᠠᠢ᠌ᠭ᠎ᠠ ᠦᠨᠦᠳᠤᠷ ᠳᠠᠨᠤᠰ ᠤᠨ ᠮᠦᠷᠤᠨ ᠳᠡᠭᠡᠷ᠎ᠡ ᠡᠷᠳᠡ ᠣᠷᠤᠢ ᠦᠭᠡᠶ ᠡᠨᠡᠭᠦ ᠭᠦᠡᠳᠤ ᠮᠦᠷᠳᠡᠭᠡᠨ ᠢᠷᠠᠭᠤ ᠠᠯᠳᠠᠷᠳᠠᠢ ᠡᠭᠦᠷᠭᠡ ᠳᠠᠯᠪᠢᠭᠳᠠᠬᠤ ᠶᠤᠮ ᠡ᠃ ᠳᠠᠨᠤᠰ ᠤᠨ ᠵᠠᠮ ᠬᠤᠯᠠ᠂ ᠡᠭᠦᠷᠭᠡ ᠬᠠᠳᠠᠭᠤ ᠪᠠᠢ᠌ᠭ᠎ᠠ ᠰᠢᠤ᠃ ᠪᠢᠳᠡᠭᠡᠢ ᠵᠤᠷᠢᠭ ᠮᠤᠬᠤᠵᠤ᠂ ᠵᠠᠮ ᠡᠴᠡ ᠪᠠᠨ ᠪᠣᠴᠠᠭᠠᠷᠠᠢ︕

ᠬᠠᠢ᠌ᠷᠠᠳᠤ ᠰᠤᠷᠤᠭᠴᠢᠳ ᠮᠢᠨᠢ᠂   ᠲ᠋ᠠᠨᠤᠰ ᠮᠠᠳᠠᠨ᠎ᠡ ᠦᠦ︖ ᠭᠦᠮᠤᠨ ᠤ ᠨᠤᠳᠤᠭ ᠲᠤ ᠭᠦᠷᠦᠭᠡᠳ ᠰᠠ‍‌ᠶᠢ ᠦᠪᠡᠷ ᠤᠨ ᠨᠤᠳᠤᠭ ᠶᠢᠡᠨ ᠰᠠᠨᠠᠬᠤ ᠶᠢᠨ ᠵᠤᠪᠠᠯᠠᠩ ᠢ ᠣᠢ᠌ᠯᠠᠭᠠᠯ᠎ᠠ᠃ ᠪᠠᠭᠰᠢ ᠨᠢ ᠦᠷᠯᠦᠭᠡ ᠪᠦᠷᠢ ᠪᠣᠰᠤᠭᠠᠤᠨ ᠨᠤᠳᠤᠭ ᠤᠨ ᠵᠥᠭ᠌ ᠶᠢᠡᠨ ᠪᠠᠷᠠᠯᠠᠨ ᠶᠠᠭᠤ ᠪᠦᠭᠦᠨ ᠶᠢᠡᠨ ᠳᠠᠭᠠᠳᠬᠠᠵᠤ᠂   《ᠵᠡᠭᠦᠳᠤᠨ ᠨᠤᠳᠤᠭ ᠪᠤᠯᠡᠩᠭᠡᠷ》 ᠵᠢᠡᠨ ᠠᠶᠠᠰᠯᠠᠵᠤ ᠵᠤᠭᠰᠤᠬᠤ ᠳᠤ ᠨᠤᠳᠤᠭ ᠳᠠᠷᠠ ᠶᠠᠩᠵᠤ ᠪᠠᠷ ᠶᠢᠡᠨ ᠰᠡᠳᠭᠢᠯ ᠳᠤ ᠪᠦᠮᠪᠦᠷᠢᠨ ᠣᠨᠠᠭᠠᠤᠨ ᠨᠢᠭᠡ ᠯᠠ ᠰᠠᠢ᠌ᠬᠠᠨ ᠡ︕ ᠭᠦᠮᠤᠨ ᠤ ᠨᠤᠳᠤᠭ ᠡᠴᠡ ᠦᠪᠡᠷ ᠤᠨ ᠨᠤᠳᠤᠭ ᠶᠢᠡᠨ ᠳᠠᠭᠤᠯᠠᠬᠤ ᠶᠢᠨ ᠵᠢᠷᠭᠠᠯ ᠢ ᠢᠩᠭᠢᠵᠤ ᠵᠢᠷᠦᠭᠡ ᠪᠠᠷ ᠶᠢᠡᠨ ᠮᠡᠳᠡᠷᠡᠳᠡᠭ᠌ ᠪᠠᠰᠠ ᠭᠠᠢ᠌ᠬᠠᠮᠰᠢᠭ ᠪᠠᠢ᠌ᠵᠤ ᠯᠠ ᠳ᠋ᠠ᠃ ᠶᠠᠷᠤ ᠨᠢ ᠦᠪᠡᠷ ᠢ ᠪᠠᠨ ᠦᠪᠡᠷ ᠤᠨ ᠭᠡᠰᠡᠨ ᠨᠤᠳᠤᠭ ᠲᠡᠶ ᠯᠠ ᠭᠦᠮᠤᠨ ᠭᠡᠵᠤ ᠪᠣᠳᠤᠬᠤ ᠡᠴᠡ ᠭᠦᠮᠤᠨ ᠤ ᠰᠡᠳᠭᠢᠯ ᠤᠨ ᠳᠠᠮᠢᠷ᠂ ᠵᠢᠷᠦᠭᠡᠨ ᠭᠠᠯ ᠭᠡᠵᠢᠶ᠎ᠡ ᠴᠤ ᠳᠠᠭᠤᠰᠤᠨ ᠣᠠᠳᠠᠷᠠᠬᠤ ᠶᠤᠰᠤ ᠦᠭᠡᠶ ᠰᠢᠤ︕ ᠳᠡᠭᠡᠭᠡᠳ ᠣᠨᠠᠵᠤ ᠪᠣᠰᠤᠭᠰᠠᠨ ᠨᠤᠳᠤᠭ ᠣᠰᠤᠨ ᠤ ᠪᠠᠨ ᠲᠦᠯᠦᠭᠡ ᠦᠴᠦᠭᠡᠨ ᠴᠤ ᠪᠣᠯᠤᠭ ᠨᠢᠭᠡ ᠶᠠᠭᠤᠮ᠎ᠠ ᠭᠢᠶ᠎ᠠ ᠪᠦᠳᠦᠭᠡᠶ᠎ᠡ ᠭᠡᠵᠤ ᠪᠣᠳᠤᠬᠤ ᠳᠤ ᠡᠨᠡ ᠨᠠᠰᠤ ᠮᠢᠨᠢ ᠨᠠᠳᠠ ᠳᠠᠩᠴᠤ ᠠᠬᠠᠷᠬᠠᠨ ᠰᠠᠨᠠᠭᠳᠠᠬᠤ ᠶᠢ ᠶᠠᠭᠠᠭᠢᠨ᠎ᠠ ⁈ ᠪᠠᠭᠰᠢ ᠨᠢ ᠳᠠᠨᠤᠰ ᠲᠡᠶ ᠠᠳᠠᠯᠢ ᠰᠤᠷᠤᠭᠴᠢ ᠪᠠᠢ᠌ᠬᠤ ᠳᠠᠭᠠᠨ ᠠᠷᠪᠢᠨ ᠴᠠᠭ ᠶᠢᠡᠨ ᠭᠡᠷᠡᠭ᠌ ᠦᠭᠡᠶ ᠶᠠᠭᠤᠮᠠᠨ ᠳᠤ ᠭᠡᠭᠡᠵᠤ ᠠᠯᠳᠠᠭᠰᠠᠨ ᠶᠤᠮ᠃ ᠡᠭᠦᠨ ᠤ ᠬᠣᠢ᠌ᠨ᠎ᠡ ᠡᠴᠡ ᠪᠢ ᠨᠠᠰᠤ ᠪᠠᠷ ᠬᠠᠷᠠᠮᠰᠠᠵᠤ ᠰᠠᠭᠤᠭ᠎ᠠ ᠰᠢᠤ᠃ ᠳᠠᠨᠤᠰ ᠪᠢᠳᠡᠭᠡᠢ ᠭᠡᠷᠡᠭ᠌ ᠦᠭᠡᠶ ᠶᠠᠭᠤᠮᠠᠨ ᠳᠤ ᠬᠠᠢ᠌ᠷᠠᠨ ᠴᠠᠭ ᠶᠢᠡᠨ ᠠᠯᠳᠠᠵᠤ᠂ ᠪᠠᠭᠰᠢ ᠶᠢᠨ ᠶᠢᠡᠨ ᠬᠠᠵᠠᠭᠠᠢ ᠭᠢᠰᠭᠢᠭ᠍ᠰᠡᠨ ᠮᠦᠷ ᠶᠢᠡᠷ ᠳᠠᠭᠢᠵᠤ ᠠᠶᠠᠯᠠᠭᠠᠷᠠᠢ ᠭᠡᠵᠤ ᠵᠠᠭᠢᠵᠤ ᠪᠠᠢ᠌ᠨ᠎ᠠ᠂ ᠰᠠᠨᠠᠭᠤᠯᠵᠤ ᠪᠠᠢ᠌ᠨ᠎ᠠ᠃

ᠪᠠᠭᠡᠵᠢᠩ ᠳᠤ ᠰᠤᠷᠤᠯᠴᠠᠭᠰᠠᠨ ᠨᠢᠭᠡ ᠰᠠᠷ᠎ᠠ ᠨᠢᠳᠤ ᠢᠷᠮᠡᠭᠦ ᠶᠢᠨ ᠵᠠᠭᠤᠷ᠎ᠠ ᠱᠤᠤᠭᠢᠭᠠᠤᠨ ᠥᠩᠭᠡᠷᠡᠴᠢᠭᠡᠯ᠎ᠡ᠃ ᠣᠳᠤ ᠵᠥᠪᠭᠡᠨ ᠬᠤᠶᠠᠷ ᠰᠠᠷ᠎ᠠ ᠬᠠᠭᠠᠰᠬᠠᠨ ᠥᠯᠡᠳᠡᠭᠡᠳ ᠪᠠᠢ᠌ᠭ᠎ᠠ᠂ ᠮᠦᠨ ᠭᠢᠯᠠᠰ ᠭᠡᠳ ᠱᠤᠤᠭᠢᠭᠠᠤᠨ ᠥᠩᠭᠡᠷᠡᠨ᠎ᠡ ᠪᠠᠢ᠌ᠬ᠎ᠠ ᠡ᠃ ᠴᠠᠭ ᠭᠡᠳᠡᠭ᠌ ᠶᠠᠭᠤᠮ᠎ᠠ ᠶᠢ ᠪᠠᠷᠢᠭᠠᠤᠨ ᠣᠶᠠᠴᠢᠬᠠᠵᠤ ᠪᠣᠯᠳᠠᠭ ᠪᠣᠯ ᠥᠨᠡᠭᠡᠷ ᠣᠭᠤᠰᠤᠷᠯᠠᠭᠠᠤᠨ ᠣᠶᠠᠴᠢᠬᠠᠮᠠᠷ ᠳ᠋ᠠ᠃ ᠳᠡᠭᠡᠷ᠎ᠡ ᠭᠠᠷᠠᠭ ᠲᠤ ᠰᠤᠷᠭᠠᠭᠤᠯᠢ ᠡᠴᠡ ᠵᠤᠬᠢᠶᠠᠨ ᠪᠠᠢ᠌ᠭᠤᠯᠤᠨ ᠡᠳᠦᠷ ᠨᠢ ᠪᠠᠭᠡᠵᠢᠩ ᠳ᠋ᠤ  《ᠬᠠᠭᠠᠨ ᠤ ᠣᠷᠳᠤᠨ》 ᠵᠢᠡᠷ ᠳᠤᠭᠤᠷᠢᠭᠤᠯᠵᠤ᠂ ᠣᠷᠤᠢ ᠨᠢ  《ᠣᠯᠤᠰ ᠤᠨ ᠶᠡᠭᠡ ᠵᠥᠴᠦᠭᠡ ᠶᠢᠨ ᠳᠶᠠᠲ᠋ᠸᠷ》 ᠲᠤ ᠶᠠᠷᠢᠶᠠᠳᠤ ᠵᠥᠴᠦᠭᠡ ᠰᠤᠨᠢᠷᠬᠠᠭᠤᠯᠤᠯ᠎ᠠ᠃ ᠨᠢᠳᠤ ᠨᠡᠭᠡᠭᠡᠵᠤ᠂ ᠰᠡᠳᠭᠢᠯ ᠶᠢᠡᠨ ᠪᠠᠶᠠᠰᠬᠠᠨ᠎ᠠ ᠭᠡᠳᠡᠭ᠌ ᠪᠠᠰᠠ ᠰᠠᠢ᠌ᠬᠠᠨ ᠡ︕ ᠳᠠᠨᠤᠰ ᠬᠤᠵᠢᠮ ᠯᠠᠪ ᠡᠭᠦᠨ ᠡᠴᠡ ᠰᠠᠢ᠌ᠬᠠᠨ ᠰᠠᠢ᠌ᠬᠠᠨ ᠶᠠᠭᠤᠮ᠎ᠠ ᠦᠵᠡᠨ᠎ᠡ ᠭᠡᠳᠡᠭ᠌ ᠲᠤ ᠢᠳᠡᠭᠡᠵᠤ ᠪᠠᠢ᠌ᠨ᠎ᠠ᠃ ᠳᠠᠷᠠᠭ᠎ᠠ ᠭᠠᠷᠠᠭ ᠲᠤ ᠮᠦᠨ ᠰᠤᠷᠭᠠᠭᠤᠯᠢ ᠡᠴᠡ ᠵᠤᠬᠢᠶᠠᠨ ᠪᠠᠢ᠌ᠭᠤᠯᠤᠨ ᠪᠠᠭᠡᠵᠢᠩ ᠡᠴᠡ ᠭᠠᠷᠴᠤ᠂ ᠬᠤᠪᠢᠰᠬᠠᠯ ᠤᠨ ᠬᠠᠭᠤᠴᠢᠨ ᠰᠠᠭᠤᠷᠢᠨ ᠭᠠᠵᠠᠷ ᠤᠳ ᠶᠢᠡᠷ ᠳᠤᠭᠤᠷᠢᠨ 2 ᠊᠊᠊᠊᠊᠊᠊᠊᠊᠊᠊᠊᠊᠊᠊ 3 ᠡᠳᠦᠷ ᠶᠠᠪᠣᠨ᠎ᠠ᠃ 5 ᠰᠠᠷ᠎ᠠ ᠶᠢᠨ ᠰᠡᠭᠦᠯ ᠶᠢᠡᠷ ᠪᠦᠭᠦ ᠠᠩᠭᠢ ᠪᠠᠷ ᠶᠢᠡᠨ ᠴᠦᠩᠴᠢᠩ ᠣᠷᠤᠭᠤ ᠨᠢᠰᠭᠦ ᠲᠦᠯᠦᠪᠯᠡᠯᠭᠡ ᠲᠡᠶ᠃ ᠪᠠᠢ᠌ᠳᠠᠯ ᠡᠴᠡ ᠬᠠᠷᠠᠬᠤ ᠳᠤ ᠰᠡᠭᠦᠯ ᠤᠨ ᠬᠤᠶᠠᠷ ᠰᠠᠷ᠎ᠠ ᠶᠢ ᠳᠤᠭᠤᠷᠢᠭᠠᠤᠨ ᠶᠠᠪᠣᠭᠠᠤᠨ ᠯᠠ ᠪᠠᠷᠠᠬᠤ ᠶᠠᠩᠵᠤ ᠲᠡᠶ᠃ ᠭᠡᠪᠠᠴᠤ ᠪᠠᠭᠰᠢ ᠨᠢ ᠵᠤᠷᠯᠤᠩ ᠳᠤ ᠣᠴᠢᠬᠤ ᠴᠠᠭ ᠶᠢᠡᠨ ᠴᠤ ᠠᠯᠢ ᠴᠢᠳᠠᠬᠤ ᠪᠠᠷ ᠭᠠᠮᠨᠠᠨ ᠪᠠᠢ᠌ᠵᠤ᠂ ᠡ᠊ᠨᠳᠡ ᠢᠷᠡᠭᠡᠳ ᠪᠢᠴᠢᠭᠦ ᠪᠠᠶᠡᠯᠡᠭᠦᠯᠭᠦ ᠭᠡᠰᠡᠨ ᠣᠤᠯ ᠤᠨ ᠲᠦᠯᠦᠪᠯᠡᠯᠭᠡ ᠳᠤ ᠪᠠᠨ ᠭᠦᠷᠭᠦ ᠪᠠᠷ ᠴᠠᠭ ᠲᠡᠶ ᠣᠷᠤᠯᠳᠤᠨ ᠰᠤᠷᠤᠯᠴᠠᠵᠤ ᠪᠠᠢ᠌ᠨ᠎ᠠ᠃

ᠵᠠ ᠬᠠᠢ᠌ᠷᠠᠳᠤ ᠰᠤᠷᠤᠭᠴᠢᠳ ᠮᠢᠨᠢ᠂ ᠪᠣᠳᠤᠭᠰᠠᠨ ᠰᠠᠨᠠᠭᠰᠠᠨ ᠶᠠᠭᠤᠮ᠎ᠠ ᠪᠠᠨ ᠡ᠊ᠨᠳᠡ ᠪᠦᠭᠦᠳᠡ ᠶᠢ ᠭᠡᠯᠡᠭᠦ ᠰᠢᠭ᠌ ᠪᠣᠯᠤᠯ᠎ᠠ᠃ ᠣᠳᠤ ᠪᠣᠯᠭᠠᠶ᠎ᠠ᠃ ᠡᠨᠡ ᠵᠠᠭᠢᠶ᠎ᠠ ᠪᠠᠨ ᠪᠠᠭᠰᠢ ᠨᠢ ᠮᠠᠨ ᠤ ᠳᠡᠭᠡᠳᠤ ᠮᠤᠩᠭ᠋ᠤᠯ ᠤᠨ ᠰᠤᠶᠤᠯ ᠤᠨ ᠴᠤᠩᠬᠤ ᠪᠣᠯᠬᠤ 《ᠴᠠᠢ᠌ᠳᠠᠮ ᠤᠨ ᠰᠤᠨᠢᠨ》 ᠵᠢᠡᠷ ᠶᠢᠡᠨ ᠳᠠᠮᠵᠢᠭᠤᠯᠤᠨ ᠳᠠᠨᠤᠰ ᠤᠨ ᠪᠢᠯᠢᠭ᠌ ᠤᠨ ᠮᠠᠯᠮᠠᠢ ᠳᠤ ᠳᠤᠯᠢᠯᠠᠭᠤᠯᠬᠤ ᠭᠡᠵᠤ ᠳᠠᠰᠢ ᠨᠢᠰᠭᠡᠯ᠎ᠡ᠃   《ᠴᠡᠢ᠌ᠳᠡᠮ ᠤᠨ ᠰᠤᠨᠢᠨ》 ᠊ᠤ ᠰᠤᠶᠤᠯ ᠳᠠᠭᠠᠨ ᠬᠠᠢ᠌ᠷᠠᠳᠠᠢ ᠮᠤᠩᠭ᠋ᠤᠯ ᠨᠠᠢ᠌ᠷᠠᠭᠤᠯᠤᠭᠴᠢ ᠨᠡᠷ ᠯᠠᠪ ᠬᠠᠮᠤᠭ ᠤᠨ ᠬᠤᠷᠳᠤᠨ ᠠᠷᠭ᠎ᠠ ᠪᠠᠷ ᠳᠠᠨᠤᠰ ᠤᠨ ᠭᠠᠷ ᠳᠡᠭᠡᠷ᠎ᠡ ᠳᠠᠯᠪᠢᠨ᠎ᠠ ᠭᠡᠳᠡᠭ᠌ ᠲᠤ ᠪᠠᠭᠰᠢ ᠨᠢ ᠮᠦᠨ ᠢᠳᠡᠭᠡᠵᠤ ᠪᠠᠢ᠌ᠨ᠎ᠠ᠃ ᠰᠠᠢ᠌ᠨ ᠰᠤᠷᠤᠯᠴᠠᠵᠤ ᠪᠠᠢ᠌ᠭᠠᠷᠠᠢ᠂ ᠬᠠᠢ᠌ᠷᠠᠳᠤ ᠰᠤᠷᠤᠭᠴᠢᠳ ᠮᠢᠨᠢ︕ ᠪᠠᠭᠰᠢ ᠨᠢ 7 ᠰᠠᠷ᠎ᠠ ᠶᠢᠨ ᠰᠢᠨᠠᠤᠨ ᠶᠢᠡᠷ ᠰᠤᠷᠤᠯᠭ᠎ᠠ ᠪᠠᠨ ᠳᠡᠭᠦᠰᠭᠡᠵᠤ᠂ ᠪᠠᠭᠡᠵᠢᠩ ᠡᠴᠡ ᠳᠠᠨᠤᠰ ᠲᠤ ᠪᠠᠭ᠎ᠠ ᠴᠤ ᠭᠡᠰᠡᠨ ᠶᠠᠭᠠᠭᠢᠬᠤ ᠪᠣᠢ ᠡᠷᠳᠡᠮ ᠤᠨ ᠰᠢᠭᠢᠷ ᠡᠪᠦᠷᠯᠡᠭᠡᠳ ᠭᠦᠷᠦᠶ᠎ᠡ︕

ᠬᠠᠮᠤᠭ ᠰᠡᠭᠦᠯ ᠳᠤ ᠳᠠᠨᠤᠰ ᠲᠤ ᠦᠨᠳᠦᠷ ᠡᠴᠡ ᠦᠨᠳᠦᠷ ᠰᠤᠷᠤᠯᠭ᠎ᠠ ᠶᠢᠨ ᠠᠮᠵᠢᠯᠳᠠ ᠶᠢ ᠭᠦᠰᠡᠨ ᠡᠨᠡ ᠵᠠᠭᠢᠶ᠎ᠠ ᠪᠠᠨ ᠳᠡᠭᠦᠰᠭᠡᠶ᠎ᠡ︕

ᠲ᠋ᠠᠯᠢᠮ ᠶᠢᠡᠷ ᠨᠢ ᠪᠠᠰᠠ ᠡᠭᠡ ᠭᠡᠯᠡ ᠪᠠᠷ ᠵᠢᠠᠨ ᠰᠤᠷᠤᠭ᠎ᠠ ᠨᠤᠳᠤᠭ ᠤᠨ ᠮᠤᠩᠭ᠋ᠤᠯ ᠳᠡᠭᠦᠤ ᠨᠡᠷ ᠤᠨ ᠰᠤᠷᠤᠯᠭ᠎ᠠ ᠶᠢᠨ ᠵᠢᠯᠤᠭᠤ ᠶᠢ ᠰᠦ᠋ ᠪᠠᠷ ᠮᠢᠯᠢᠶᠠᠨ ᠡᠨᠡ ᠰᠠᠢ᠌ᠬᠠᠨ ᠳᠡᠭ᠍ᠷᠢᠯᠢᠭ᠌ ᠰᠤᠶᠤᠯ ᠶᠢᠡᠨ ᠵᠤᠷᠢᠭ ᠲᠡᠶ ᠰᠤᠷᠴᠤ ᠶᠠᠪᠣᠭ᠎ᠠ ᠳᠤ ᠮᠤᠩᠭ᠋ᠤᠯ ᠰᠤᠶᠤᠯ ᠤᠨ ᠡᠮᠤᠨ᠎ᠡ ᠡᠴᠡ ᠬᠠᠳᠠᠭ ᠡᠷᠭᠦᠵᠤ᠂ ᠳᠠᠨᠤᠰ ᠲᠤ ᠣᠷᠮ᠎ᠠ ᠬᠠᠢ᠌ᠷᠠᠯᠠᠨ ᠬᠠᠯᠠᠭᠤᠨ ᠮᠠᠠᠳᠤᠴᠢᠯᠠᠯ ᠭᠦᠷᠭᠡᠵᠤ ᠪᠠᠢ᠌ᠬᠤ ᠪᠠᠨ ᠮᠡᠳᠡᠭ᠍ᠳᠡᠶ᠎ᠡ︕

ᠪᠠᠶᠠᠷᠳᠠᠢ᠂ ᠬᠠᠢ᠌ᠷᠠᠳᠤ ᠰᠤᠷᠤᠭᠴᠢᠳ ᠮᠢᠨᠢ︕

ᠪᠠᠶᠠᠷᠳᠠᠢ᠂   ᠨᠤᠳᠤᠭ ᠤᠨ ᠳᠡᠭᠦᠤ ᠨᠡᠷ ᠮᠢᠨᠢ︕

                       ᠯ᠂ ᠣᠳᠤᠨ ᠡᠴᠡ

            2011 ᠣᠨ ᠤ 4 ᠰᠠᠷ᠎ᠠ ᠶᠢᠨ 18 ᠊ᠤ ᠦᠷᠯᠦᠭᠡ ᠪᠠᠭᠡᠵᠢᠩ ᠳᠤ ᠪᠠᠢ᠌ᠷᠢᠨ ᠳᠤ ᠪᠠᠨ ᠪᠢᠴᠢᠪᠠ᠃


ᠵᠤᠬᠢᠶᠠᠭᠴᠢ ᠶᠢᠨ ᠬᠠ‍‌ᠶᠢᠭ ᠄ 《ᠯᠤ ᠰᠢᠶᠦ᠋ᠨ ᠨᠠᠷᠠᠮᠵᠢᠳᠤ》 ᠨᠠᠷᠠᠮᠵᠢᠳᠤ ᠣᠤᠠᠬ᠎ᠠ ᠵᠤᠬᠢᠶᠠᠯ ᠤᠨ ᠳᠡᠭᠡᠳᠤ ᠰᠤᠷᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 2687
ᠴᠠᠭ᠄ 2011 ᠤᠨ ᠤ 05 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ