ᠲᠦᠰᠢᠶᠠᠳᠤ ᠡᠴᠡ ᠳᠡᠭᠦᠭ᠍ᠰᠡᠨ ᠮᠥᠴᠡᠯᠭᠡ ᠤᠳ

ᠳᠠᠪᠤᠨ ᠳᠤᠯᠤᠭᠠᠢ᠌ᠳᠤ ᠶᠢᠨ ᠠᠭᠤᠯᠠ


ᠡᠷᠳᠡᠨᠢ ᠶᠢᠨ ᠳᠠᠪᠤᠨ ᠰᠥᠷᠦᠭ᠌

ᠡᠩᠭᠡᠷ ᠲᠤ ᠨᠢ ᠪᠠᠯᠴᠢᠭ᠍ᠰᠡᠨ

ᠡᠯᠳᠡᠩ ᠪᠠᠯᠴᠢᠭᠡᠷ ᠲᠡᠶ ᠨᠤᠳᠤᠭ᠃

ᠲᠦᠰᠢᠶᠠᠳᠤ ᠸᠠᠠᠩ ᠤᠨ ᠬᠠᠷ᠎ᠠ ᠰᠦᠯᠳᠡ

ᠣᠷᠤᠢ ᠳᠤ ᠨᠢ ᠨᠠᠮᠢᠷᠠᠭᠰᠠᠨ

ᠣᠩᠭ᠋ᠤᠳ ᠣᠷᠤᠰᠢᠭᠰᠠᠨ ᠰᠢᠷᠤᠢ

ᠣᠷᠭᠤᠶ᠎ᠠ ᠭᠡᠳ ᠣᠢ᠌ᠴᠢᠭᠰᠠᠨ

ᠣᠷᠬᠠᠨ ᠳᠤ ᠣᠨᠠᠭᠰᠠᠨ ᠳᠤᠮᠤᠭ

ᠨᠤᠴᠤᠶ᠎ᠠ ᠭᠡᠳ ᠨᠤᠷᠮᠠᠯᠠᠭᠰᠠᠨ

ᠰᠤᠯᠢᠭᠠᠢ ᠠᠰᠠᠭᠰᠠᠨ ᠲᠦᠯᠤ᠃

ᠮᠠᠠᠵᠤ ᠨᠤᠷᠠᠭᠴᠢ ᠶᠢᠨ ᠣᠳᠤᠭ᠎ᠠ ᠵᠢᠩᠰᠠ ᠶᠢ

ᠮᠥᠷᠭᠦᠵᠤ ᠳᠤᠰᠤᠭᠰᠠᠨ ᠮᠤᠩᠬᠠᠷᠠᠯ

ᠮᠤᠩᠭ᠋ᠤᠯ ᠲᠦᠷᠦ ᠶᠢᠨ ᠬᠠᠰᠪᠣᠤ ᠳᠠᠮᠠᠭ᠎ᠠ ᠶᠢ

ᠭᠡᠮᠭᠡᠯᠡᠵᠤ ᠬᠠᠶᠠᠭᠰᠠᠨ ᠬᠠᠷᠠᠭᠤᠰᠤᠯ᠃


ᠬᠠᠩᠭ᠋ᠠᠯ ᠨᠠᠭᠤᠷ


ᠡᠭᠡ ᠣᠨᠤᠨ ᠡᠴᠡ ᠴᠠᠯᠭᠢᠵᠤ ᠥᠰᠦᠷᠦᠭ᠍ᠰᠡᠨ

ᠭᠠᠵᠠᠷ ᠤᠨ ᠨᠢᠳᠤᠨ ᠨᠠᠭᠤᠷ

ᠡᠭᠡ ᠳᠡᠯᠡᠭᠡᠢ ᠪᠠᠨ ᠦᠨᠦᠰᠴᠤ ᠬᠠᠯᠭᠢᠯᠠᠭᠰᠠᠨ

ᠬᠠᠢ᠌ᠷ᠎ᠠ ᠶᠢᠨ ᠴᠡᠩᠭᠡᠷ ᠬᠠᠳᠠᠭ᠃

ᠪᠣᠰᠤᠶ᠎ᠠ ᠭᠡᠳ ᠪᠦᠳᠦᠷᠢᠭ᠍ᠰᠡᠨ

ᠭᠤᠨᠢᠭ ᠤᠨ ᠳᠤᠰᠤᠯ ᠨᠢᠯᠪᠣᠰᠤ

ᠪᠤᠰᠦᠯᠴᠡᠶ᠎ᠡ ᠭᠡᠳ ᠵᠠᠳᠠᠷᠠᠭᠰᠠᠨ

ᠪᠦᠯᠭᠦᠮᠳᠡᠯ ᠤᠨ ᠴᠢᠮᠪᠠᠢ ᠣᠷᠢᠶ᠎ᠠ᠃

ᠨᠤᠳᠤᠭ ᠵᠢᠵᠢᠭ᠍ᠷᠡᠭᠦ ᠭᠠᠰᠠᠯᠠᠩ ᠳᠤ

ᠰᠢᠬᠠᠭᠳᠠᠵᠤ ᠠᠰᠬᠠᠷᠠᠭᠰᠠᠨ ᠨᠢᠯᠪᠣᠰᠤ

ᠮᠤᠩᠭ᠋ᠤᠯ ᠳᠡᠦᠭᠡ ᠶᠢ ᠰᠦᠷᠴᠤ ᠮᠡᠯᠮᠡᠷᠡᠭ᠍ᠰᠡᠨ

ᠬᠤᠷᠴᠢᠨ ᠨᠤᠳᠤᠭ ᠤᠨ ᠪᠠᠭᠠᠰᠬᠠᠯ ᠵᠢᠷᠤᠭ᠃


ᠪᠠᠳᠤᠴᠠᠭᠠᠨ ᠤ ᠨᠠᠪᠴᠢᠰ


ᠲᠦᠰᠢᠶᠠᠳᠤ ᠨᠤᠳᠤᠭ ᠤᠨ ᠰᠦᠯᠳᠡ ᠮᠤᠳᠤ

ᠳᠡᠦᠭᠡ ᠴᠠᠳᠢᠭ ᠤᠨ ᠳᠠᠮᠤᠷ ᠭᠡᠷᠡᠴᠢ

ᠰᠢᠶᠤᠤ ᠵᠤᠸᠠᠩ ᠬᠤᠸᠩᠬᠤ ᠶᠢᠨ ᠳᠦᠷᠭᠦᠮ ᠡᠴᠡ ᠪᠠᠨ ᠠᠪᠴᠢᠷᠠᠭᠰᠠᠨ

ᠰᠢᠶᠠᠩᠱᠠᠨ ᠠᠭᠤᠯᠠᠨ ᠤ ᠣᠯᠠᠭᠠᠨ ᠨᠠᠪᠴᠢᠰ᠃

ᠬᠤᠷᠴᠢᠨ ᠮᠤᠩᠭ᠋ᠤᠯ ᠰᠤᠶᠤᠯ ᠤᠨ

ᠥᠭᠡᠳᠡ ᠳᠦᠷᠡᠯᠵᠡᠭᠦ ᠳᠤᠯᠭ᠎ᠠ

ᠣᠠᠳᠠᠷᠠᠭᠰᠠᠨ ᠡᠵᠡᠡᠳᠤ ᠲᠦᠷᠦ ᠶᠢᠨ

ᠭᠡᠢ᠌ᠮᠦᠷᠢ ᠰᠦᠨᠠᠰᠤ ᠶᠢᠨ ᠳᠠᠯᠠᠯᠭ᠎ᠠ᠃

ᠭᠤᠤᠯ ᠡᠴᠡ ᠪᠠᠨ ᠭᠠᠳᠠᠭᠰᠢ ᠪᠠᠳᠠᠷᠠᠭᠰᠠᠨ

ᠵᠢᠷᠦᠭᠡᠨ ᠤ ᠭᠦᠷᠡᠩ ᠴᠢᠰᠤ

ᠴᠢᠰᠤ ᠪᠠᠷ ᠶᠢᠡᠨ ᠭᠠᠰᠢᠭᠤᠨ ᠪᠢᠴᠢᠭᠯᠡᠭ᠍ᠰᠡᠨ

ᠳᠡᠦᠭᠡ ᠶᠢᠨ ᠪᠦᠷᠦᠭ‍ᠭᠡᠨ ᠵᠡᠭᠦᠳᠤ᠃



ᠵᠤᠬᠢᠶᠠᠭᠴᠢ ᠶᠢᠨ ᠬᠠᠶ‍ᠢᠭ ᠄ ᠵᠠᠯᠠᠢ᠌ᠳ ᠬᠤᠰᠢᠭᠤ

ᠵᠤᠬᠢᠶᠠᠭᠴᠢ᠄ ᠢ᠊·ᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1622
ᠴᠠᠭ᠄ 2010 ᠤᠨ ᠤ 03 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ