ᠡᠭᠡ ᠣᠷᠤᠨ ᠮᠢᠨᠢ

ᠡᠭᠡ ᠣᠷᠤᠨ ᠮᠢᠨᠢ

ᠠᠰ ᠤᠨ ᠪᠠᠶ᠎ᠠ ᠮᠢᠨᠢ ᠠᠯᠳᠠᠨ ᠳᠡᠯᠡᠭᠡᠢ ᠳᠤ

ᠠᠩᠭ᠋ᠠᠯᠵᠠᠨ ᠣᠭᠢᠯᠠᠨ ᠣᠨᠠᠬᠤ ᠳᠤ

ᠳᠠ ᠮᠢᠨᠢ ᠨᠠᠮᠢ᠋ᠢ ᠳᠤᠰᠤᠭᠰᠠᠨ ᠪᠠᠢ᠌ᠨᠠᠮ

ᠡᠩᠭᠦᠷᠡᠢ ᠵᠥᠭᠡᠯᠡᠨ ᠡᠯᠢᠭᠡᠨ ᠳᠡᠭᠡᠨ

ᠡᠷᠪᠠᠢ ᠨᠠᠮᠢ᠋ᠢ ᠪᠦᠭᠡᠴᠡᠢ᠌ᠯᠡᠵᠤ

ᠣᠭᠤᠷᠠᠭ ᠴᠠᠭᠠᠨ ᠰᠦ᠋ ᠪᠠᠷ ᠶᠢᠡᠨ

ᠣᠭᠵᠢᠵᠤ ᠨᠠᠮᠢ᠋ᠢ ᠳᠤᠷᠨᠢᠭᠤᠯᠤᠭᠰᠠᠨ ᠪᠠᠢ᠌ᠨᠠᠮ

ᠡᠵᠢ ᠶᠢᠨ ᠪᠦᠪᠠᠢ ᠲᠡᠶ

ᠡᠭᠡ ᠣᠷᠤᠨ ᠮᠢᠨᠢ

ᠳᠠ ᠪᠣᠯ ᠮᠢᠨᠤ ᠰᠡᠳᠬᠢᠯ ᠳᠤ ᠮᠥᠩᠭᠡᠷᠡᠭᠦ ᠳᠠᠭᠤᠤ ᠪᠠᠢ᠌ᠨᠠᠮ


ᠡᠭᠡ ᠣᠷᠤᠨ ᠮᠢᠨᠢ

ᠨᠠᠮᠢ᠋ᠢ ᠨᠢ᠋ᠮᠠᠳᠠᠢ

ᠰᠤᠷᠭᠠᠭᠤᠯᠢ ᠰᠤᠶᠤᠯ ᠤᠨ ᠮᠦᠷ ᠢ ᠮᠥᠰᠭᠢᠭᠦ ᠳᠤ

ᠳᠠ ᠮᠢᠨᠢ ᠨᠠᠮᠢ᠋ᠢ ᠣᠭᠳᠤᠭᠰᠠᠨ ᠪᠠᠢ᠌ᠨᠠᠮ

ᠬᠠᠷ᠎ᠠ ᠰᠠᠮᠪᠠᠷ᠎ᠠ ᠡᠴᠡ ᠳᠡᠯᠡᠭᠡᠢ ᠳᠠᠨᠢᠭᠤᠯᠵᠤ

ᠬᠠᠷ᠎ᠠ ᠪᠠᠭ᠎ᠠ ᠡᠴᠡ ᠣᠬᠠᠭ᠎ᠠ ᠳᠡᠯᠡᠭᠦᠯᠵᠤ

ᠡᠷᠳᠡᠮ ᠤᠨ ᠵᠢᠯᠤᠭᠤ ᠶᠢ ᠠᠳᠬᠤᠭᠤᠯᠵᠤ

ᠡᠩ ᠶ‍ᠢᠷᠳᠢᠠᠴᠤ ᠶᠢ ᠳᠠᠨᠢᠭᠤᠯᠤᠭᠰᠠᠨ ᠪᠠᠢ᠌ᠨᠠᠮ

ᠡᠭᠡ ᠭᠡᠯᠡᠨ ᠤ ᠣᠭᠤᠷᠠᠭ ᠶᠢᠡᠷ

ᠡᠷᠪᠠᠢ ᠦᠷ᠎ᠡ ᠪᠠᠨ ᠪᠣᠢ᠌ᠵᠢᠭᠤᠯᠤᠭᠰᠠᠨ

ᠡᠭᠡ ᠣᠷᠤᠨ ᠳᠠ ᠪᠣᠯ ᠮᠢᠨᠤ ᠰᠡᠳᠭᠢᠯ ᠳᠤ ᠣᠷᠭᠤᠭᠰᠠᠨ ᠨᠠᠷᠠ ᠪᠠᠢ᠌ᠨᠠᠮ


ᠡᠭᠡ ᠣᠷᠤᠨ ᠮᠢᠨᠢ

ᠳᠠᠩᠭᠢᠯ ᠪᠠᠶ᠎ᠠ ᠮᠢᠨᠢ

ᠳᠠᠪᠢᠯᠠᠩ ᠵᠢᠷᠭᠠᠭᠠᠵᠤ ᠠᠵᠢᠯ ᠤᠨ ᠪᠠᠢ᠌ᠷᠢᠨ ᠳᠤ ᠭᠠᠷᠬᠤ ᠳᠤ

ᠳᠠ ᠮᠢᠨᠢ ᠨᠠᠮᠢ᠋ᠢ ᠭᠦᠯᠢᠶᠡᠭ᠍ᠰᠡᠨ ᠪᠠᠢ᠌ᠨᠠᠮ

ᠬᠤᠷᠢᠨ ᠵᠢᠯ

ᠠᠷᠠᠤᠨ ᠤᠨ ᠪᠠᠭᠰᠢ ᠶᠢᠨ ᠠᠯᠪᠠᠨ ᠳᠤ

ᠣᠢ᠌ᠯᠠᠰ ᠤᠨ ᠬᠠᠷᠭᠤᠢ ᠮᠠᠴᠤᠯᠭᠢᠯᠠᠬᠤ ᠳᠤ

ᠢᠳᠠ ᠵᠤᠷᠢᠭ ᠢ ᠮᠢᠨᠢ ᠭᠦᠪᠴᠢᠯᠡᠨ

ᠢᠳᠡᠭᠡᠯ ᠬᠠᠢ᠌ᠷ᠎ᠠ ᠪᠠᠨ ᠣᠯᠭᠤᠭᠰᠠᠨ ᠪᠠᠢ᠌ᠨᠠᠮ

ᠰᠡᠳᠭᠢᠯ ᠤᠨ ᠥᠡᠳᠦᠷᠯᠢᠭ᠌ ᠲᠤ

ᠡᠭᠡ ᠤᠷᠤᠨ ᠮᠢᠨᠢ ᠳᠠ ᠪᠣᠯ ᠦᠨᠢᠳᠠ ᠳᠡᠷᠭᠡᠯᠰᠢᠭᠦ ᠰᠠᠷᠠ ᠪᠠᠢ᠌ᠨᠠᠮ


ᠡᠭᠡ ᠣᠷᠤᠨ ᠮᠢᠨᠢ

ᠨᠠᠷᠠᠳᠤ ᠶ‍ᠢᠷᠳᠢᠠᠴᠤ ᠳᠤ

ᠨᠠᠮᠢ᠋ᠢ ᠠᠮᠠᠷᠠᠭ ᠭᠦᠮᠤᠨ ᠲᠡᠶ ᠪᠠᠨ ᠭᠡᠷᠯᠡᠭᠦ ᠳᠤ

ᠵᠥᠭᠡᠯᠡᠨ ᠣᠯᠠᠭᠠᠨ ᠡᠷᠳᠡᠨᠢ ᠰᠢᠭ᠌

ᠵᠢᠷᠦᠭᠡ ᠰᠡᠳᠭᠢᠯ ᠤᠨ ᠬᠠᠢ᠌ᠷ᠎ᠠ ᠪᠠᠨ ᠰᠢᠪᠠᠷᠡᠭᠦᠯᠤᠨ ᠰᠢᠪᠠᠷᠡᠭᠦᠯᠤᠨ ᠱᠠᠭᠢᠭᠤᠯᠤᠭᠰᠠᠨ ᠪᠠᠢ᠌ᠨᠠᠮ

ᠳᠤᠭ᠎ᠠ ᠲᠡᠶ ᠭᠡᠳᠦᠭᠡᠨ ᠣᠯᠭᠤᠮᠵᠢ ᠲᠦᠰᠢᠵᠤ

ᠳᠤᠯᠭ᠎ᠠ ᠪᠠᠨ ᠮᠠᠨᠠᠭᠰᠠᠨ ᠠᠮᠢᠳᠤᠷᠠᠯ ᠳᠤ ᠮᠢᠨᠢ

ᠴᠠᠯᠢᠩ ᠭᠦᠯᠦᠰᠤ ᠶᠢ ᠮᠢᠨᠢ ᠬᠠᠷᠠᠭᠠᠯᠵᠠᠭᠰᠠᠭᠠᠷ

ᠴᠢᠨᠡᠭᠡᠯᠢᠭ᠌ ᠤᠨ ᠭᠡᠮᠵᠢᠶᠡᠨ ᠳᠤ ᠭᠦᠷᠭᠡᠭ᠍ᠰᠡᠨ ᠪᠠᠢ᠌ᠨᠠᠮ

ᠠᠮᠢᠨ ᠬᠠᠢ᠌ᠷᠠᠳᠠᠢ ᠡᠭᠡ ᠣᠷᠤᠨ ᠮᠢᠨᠢ

ᠠᠮᠢᠳᠤᠷᠠᠯ ᠳᠠᠮᠠᠴᠠᠯ ᠤᠨ ᠮᠢᠨᠢ ᠬᠠᠷᠭᠤᠢ ᠳᠤ

ᠳᠠ ᠪᠣᠯ ᠮᠢᠨᠤ ᠰᠡᠳᠭᠢᠯ ᠳᠤ ᠱᠠᠭᠢᠬᠤ

ᠬᠠᠪᠣᠷ ᠤᠨ ᠵᠥᠭᠡᠯᠡᠨ ᠬᠤᠷ᠎ᠠ ᠪᠠᠢ᠌ᠨᠠᠮ


ᠡᠭᠡ ᠣᠷᠤᠨ ᠮᠢᠨᠢ

ᠪᠣᠭᠤᠷᠤᠯ ᠬᠤᠷᠸ᠎ᠠ ᠳᠤ ᠪᠢ ᠴᠢᠨᠢ

ᠪᠣᠷᠤ ᠨᠢᠳᠤᠨ ᠭᠡᠦᠭᠡᠨ ᠲᠡᠶ ᠪᠣᠯᠵᠤ

ᠪᠣᠭᠳᠠ ᠠᠭᠤᠯᠠ ᠰᠢᠭ ᠵᠢᠷᠭᠠᠬᠤ ᠳᠤ ᠮᠢᠨᠢ

ᠭᠦᠮᠤᠨ ᠤ ᠨᠠᠷᠠ ᠪᠣᠯᠤᠭᠰᠠᠨ ᠠᠪᠣ ᠭᠦᠮᠤᠨ

ᠭᠦᠰᠡᠯ ᠪᠣᠰᠤᠭ᠎ᠠ ᠶᠠᠪᠣᠬᠤ ᠶᠤᠮ ᠰᠢᠤ

ᠭᠦᠭ᠍ᠵᠢᠯᠳᠤ ᠡᠭᠡ ᠣᠷᠤᠨ ᠳᠠᠭᠠᠨ

ᠭᠦᠴᠤᠨ ᠵᠢᠳᠭᠦᠯ ᠶᠢᠡᠨ ᠡᠷᠭᠦᠭᠦ ᠶᠤᠮ ᠰᠢᠤ ᠭᠡᠮᠡᠨ

ᠭᠦᠮᠤᠨ ᠪᠣᠯᠬᠤ ᠶᠢᠨ ᠶᠤᠰᠤ ᠶᠢ ᠭᠦᠤ ᠳᠡᠭᠡᠨ ᠨᠠᠳᠠᠳᠤ ᠳᠠᠨᠢᠭᠤᠯᠤᠭᠰᠠᠨ ᠪᠠᠢ᠌ᠨᠠᠮ

ᠠᠴᠢᠳᠤ ᠪᠣᠭᠤᠷᠤᠯ ᠠᠭᠤᠯᠠ ᠰᠢᠭ

ᠠᠪᠣ ᠶᠢᠨ ᠳᠦᠰᠢᠭ᠌ ᠲᠡᠶ ᠡᠭᠡ ᠣᠷᠤᠨ ᠮᠢᠨᠢ

ᠳᠠ ᠪᠣᠯ ᠮᠢᠨᠤ ᠰᠡᠳᠭᠢᠯ ᠳᠤ ᠮᠥᠩᠭᠡᠷᠡᠭᠦ ᠬᠤᠷᠸ᠎ᠠ ᠪᠠᠢ᠌ᠨᠠᠮ

ᠡᠨᠡᠭᠡᠨ ᠶᠠᠪᠣᠭ᠎ᠠ ᠨᠠᠰᠤᠨ ᠳᠠᠭᠠᠨ

ᠠᠯᠢᠪᠠ ᠪᠠᠨ ᠡᠷᠭᠦᠨ ᠵᠤᠷᠢᠭᠤᠯᠬᠤ

ᠠᠮᠢᠨ ᠡᠴᠡ ᠬᠠᠢ᠌ᠷᠠᠳᠠᠢ ᠳᠡᠯᠡᠭᠡᠢ ᠪᠠᠢ᠌ᠨᠠᠮ᠃


ᠵᠤᠬᠢᠶᠠᠭᠴᠢ ᠶᠢᠨ ᠬᠠ‍‌ᠶᠢᠭ ᠄ ᠵᠠᠷᠤᠳ ᠬᠤᠰᠢᠭᠤᠨ ᠤ ᠪᠠᠶᠠᠠᠮᠩᠬ᠎ᠠ ᠰᠤᠷᠭᠠᠭᠤᠯᠢ

ᠵᠤᠬᠢᠶᠠᠭᠴᠢ᠄ ᠳᠢᠶ‍ᠧ ᠮᠢᠩ
ᠬᠠᠷᠢᠶ᠎ᠠ᠄ ᠰᠢᠯᠦᠭ
ᠳᠠᠷᠤᠮ᠄ 3660
ᠴᠠᠭ᠄ 2013 ᠤᠨ ᠤ 11 ᠰᠠᠷ᠎ᠠ ᠶᠢᠨ 29