ᠭᠠᠳᠠ ᠮᠠᠢ᠌ᠷᠠᠨ

ᠳᠡᠭ᠍ᠷᠢᠯᠢᠭ᠌ ᠨᠤᠳᠤᠭ ᠤᠨ ᠵᠠᠶᠠᠭᠠᠨ ᠡᠴᠠ ᠳᠠᠰᠤᠷᠠᠭᠰᠠᠨ

     ᠠᠷᠭᠤᠮᠠᠭ ᠭᠦᠯᠦᠭ᠌

ᠳᠠᠷᠬᠠᠨ ᠡᠵᠢ ᠶᠢᠨ ᠡᠯᠢᠭᠡᠨ ᠡᠴᠠ ᠣᠨᠠᠭᠰᠠᠨ

     ᠡᠩᠭᠦᠷᠡᠢ ᠭᠦᠤ

ᠳᠠᠷᠬᠠᠨ ᠴᠢᠨ ᠸᠠᠩ ᠤᠨ ᠵᠢᠷᠦᠭᠡ ᠶᠢ ᠴᠡᠴᠡᠷᠡᠭᠦᠯᠦᠭ᠍ᠰᠡᠨ

     ᠰᠥᠰᠦᠯᠢᠭ᠌ ᠡᠷ᠎ᠡ

ᠳᠠᠩᠬᠠᠢ ᠹᠦᠵᠢᠨ ᠤ ᠡᠯᠢᠭᠡ ᠶᠢ ᠬᠠᠳᠠᠭᠠᠭᠰᠠᠨ

     ᠰᠢᠠᠳᠠᠰᠤᠳᠤ ᠪᠠᠭᠠᠳᠤᠷ


ᠬᠤᠷᠴᠢᠨ ᠣᠮᠤᠭ ᠶᠢᠡᠷ ᠬᠣᠢ᠌ᠯᠠᠷᠠᠵᠤ ᠪᠣᠰᠤᠭᠰᠠᠨ

     ᠮᠤᠩᠭ᠋ᠤᠯ ᠤᠨ ᠰᠢᠭᠤᠷᠭ᠎ᠠ

ᠬᠠᠷᠭᠢᠰᠯᠠᠯ ᠥᠭᠡᠳᠡ ᠨᠤᠴᠤᠵᠤ ᠳᠦᠷᠡᠯᠵᠡᠭ᠍ᠰᠡᠨ

     ᠳᠠᠯ᠎ᠠ ᠶᠢᠨ ᠳᠣᠢ᠌ᠮᠠᠷ

ᠭᠠᠵᠢᠰᠢ ᠦᠭᠡᠶ ᠨᠤᠳᠤᠭᠴᠢ ᠬᠠᠢ᠌ᠷ᠎ᠠ ᠪᠠᠷ ᠠᠶᠤᠩᠭ᠋ᠠᠯᠠᠭᠰᠠᠨ

     ᠦᠨᠡᠨ ᠤ ᠳᠡᠭ᠍ᠷᠢ

ᠭᠠᠵᠠᠷ ᠰᠢᠷᠤᠢ ᠳᠠᠭᠠᠨ ᠣᠷᠭᠤᠵᠤ ᠴᠢᠯᠠᠭᠤᠵᠢᠭᠰᠠᠨ

     ᠭᠢᠯᠢ ᠶᠢᠨ ᠳᠡᠮᠳᠡᠭ᠌


ᠥᠭᠡᠡᠴᠡ ᠵᠠᠰᠠᠭ ᠲᠤ ᠪᠠᠴᠢᠯᠠᠭᠳᠠᠭᠰᠠᠨ ᠳᠡᠦᠭᠡ ᠵᠢᠨ

     ᠭᠠᠰᠢᠭᠤᠨ ᠰᠡᠭᠦᠷᠡᠰᠤ

ᠦᠯᠦᠨ ᠰᠤᠮᠤᠨ ᠳᠤ ᠰᠥᠪᠠᠯᠡᠭ᠍ᠳᠡᠭ᠍ᠰᠡᠨ ᠪᠠᠭᠠᠳᠤᠷ ᠤᠨ

     ᠭᠢᠯᠢᠰ ᠰᠦᠨᠠᠰᠤᠨ

ᠨᠤᠳᠤᠭ ᠤᠨ ᠰᠢᠷᠤᠢ ᠳᠠᠭᠠᠨ ᠦᠨᠢ ᠯᠤᠭᠰᠢᠭᠰᠠᠨ

     ᠴᠢᠩᠭᠢᠰ ᠴᠢᠰᠤᠨ

ᠨᠤᠭᠤᠭᠠᠨ ᠳᠠᠯ᠎ᠠ ᠪᠠᠨ ᠡᠭᠦᠷᠢ ᠮᠠᠨᠠᠭᠰᠠᠨ

     ᠪᠦᠷᠳᠡ ᠴᠢᠨ᠋ᠸ᠎ᠠ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠪᠠᠶᠠᠠᠬᠤᠰᠢᠭᠤ

ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1754
ᠴᠠᠭ᠄ 2011 ᠤᠨ ᠤ 03 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ