ᠤᠯᠠᠷᠢᠯ ᠮᠠᠷᠳᠠᠭᠰᠠᠨ ᠪᠣᠷᠤᠭ᠎ᠠ

ᠣᠶᠠᠷᠠᠬᠤ ᠨᠠᠮᠤᠷ ᠤᠨ ᠰᠠᠯᠭᠢᠨ ᠤ ᠥᠵᠦᠭᠦᠷ

ᠣᠨ ᠴᠠᠭ ᠤᠨ ᠭᠢᠷᠠᠭᠤ ᠰᠠᠮ ᠰᠠᠮ ᠣᠨᠠᠨ᠎ᠠ

ᠨᠠᠰᠤᠨ ᠤ ᠨᠠᠮᠤᠷ ᠤᠨ ᠰᠢᠷᠭᠠᠯ ᠦᠷᠳᠡᠭᠡᠨ ᠳᠡᠭᠡᠷ᠎ᠡ

ᠴᠢᠨᠤ 《ᠳᠠᠯ᠎ᠠ ᠰᠠᠷᠠ》 ᠪᠠᠷ ᠠᠮᠢᠰᠬᠤᠵᠤ

ᠴᠢᠯᠡᠭ᠍ᠰᠡᠨ ᠰᠡᠳᠭᠢᠯ ᠶᠢᠡᠨ ᠠᠷᠭᠠᠳᠠᠨ ᠭᠡᠪᠳᠡᠭᠦ ᠳ᠋ᠤ

ᠨᠠᠷᠭᠢᠶᠠᠠᠳᠤ ᠨᠠᠰᠤᠨ ᠤ ᠬᠠᠢ᠌ᠷ᠎ᠠ ᠵᠡᠭᠦᠳᠦᠯᠡᠵᠤ

ᠨᠡᠭᠡᠵᠤ ᠭᠦᠢᠴᠡᠭᠦ ᠦᠭᠡᠶ ᠳᠤᠷᠠᠯᠠᠯ ᠤᠨ ᠠᠷᠤ ᠡᠴᠠ

ᠨᠢᠯᠪᠣᠰᠤᠷᠠᠨ ᠨᠢᠯᠪᠣᠰᠤᠷᠠᠨ ᠣᠶᠠᠷᠠᠬᠤ ᠳ᠋ᠤ

ᠨᠠᠢ᠌ᠷ ᠬᠠᠢ᠌ᠷ᠎ᠠ ᠳᠤ ᠡᠭᠦᠷᠳᠦᠭ᠍ᠰᠡᠨ ᠮᠢᠨᠤ ᠰᠡᠳᠭᠢᠯ

ᠨᠠᠢ᠌ᠭᠤᠬᠤ ᠰᠠᠯᠭᠢᠨ ᠢ ᠳᠠᠭᠠᠭᠠᠵᠤ ᠴᠢᠳᠠᠯ ᠦᠭᠡᠶ ᠰᠠᠮᠠᠷᠠᠨ᠎ᠡ

ᠡᠷᠢᠶᠡᠨ ᠬᠤᠷᠸ᠎ᠠ ᠶᠢᠨ ᠵᠢᠮ᠎ᠠ ᠶᠤᠮ ᠴᠢᠨᠢ ᠶᠠᠭᠠᠭᠢᠬᠤᠪ

ᠢᠠᠵᠠᠭ᠎ᠠ ᠰᠢᠤᠬᠠᠨ ᠳᠡᠭ᠍ᠵᠢᠨ ᠨᠠᠰᠤ

ᠡᠷᠭᠢᠯᠳᠡ ᠦᠭᠡᠶ ᠬᠤᠯᠠᠳᠠᠵᠠᠢ

《ᠡᠪᠦᠭᠡᠨ ᠰᠢᠪᠠᠭᠤ》 ᠠᠶᠠᠯᠠᠭᠤᠯᠠᠨ ᠪᠠᠢ᠌ᠵᠤ

ᠡᠷᠭᠢᠭᠡᠳ ᠨᠢᠭᠡ ᠬᠠᠷᠠᠬᠤ ᠳᠤ ᠯᠠ

ᠢᠨᠠᠭ ᠶᠢᠡᠷ ᠵᠥᠰᠡᠷᠡᠭ᠍ᠰᠡᠨ

ᠢᠷᠭᠤᠢ ᠰᠠᠢ᠌ᠬᠠᠨ ᠡᠳᠦᠷ ᠬᠤᠨᠤᠭ ᠤᠳ ᠮᠢᠨᠢ

ᠣᠯᠠᠷᠢᠯ ᠮᠠᠷᠳᠠᠨ ᠰᠦᠮᠠᠢ᠌ᠨ ᠰᠦᠮᠠᠢ᠌ᠨ

ᠪᠣᠳᠤᠯ ᠳᠡᠭᠡᠭᠦᠷ ᠪᠦᠮᠪᠦᠷᠢᠨ᠎ᠡ


《ᠨᠡᠮ᠎ᠡ ᠶᠢ ᠪᠠᠨ ᠴᠢ ᠮᠠᠷᠳᠠᠴᠢᠬ᠎ᠠ ᠁》 ᠭᠡᠰᠡᠨ

ᠨᠠᠳᠠᠳᠤ ᠭᠡᠯᠡᠭ᠍ᠰᠡᠨ ᠴᠢᠨᠤ ᠥᠭᠡ ᠦᠨᠡᠨ ᠪᠢᠰᠢ ᠭᠡᠳᠡᠭ᠌ ᠢ

ᠨᠠᠮᠠᠤᠬᠠᠨ ᠡᠷᠭᠢᠯᠳᠦᠭᠦ ᠳᠤᠭᠤᠯ ᠠᠯᠠᠭ ᠨᠢᠳᠤᠨ ᠡᠴᠠ ᠴᠢᠨᠢ

ᠨᠢᠯᠪᠣᠰᠤ ᠲᠡᠶ ᠴᠢᠨᠢ ᠬᠠᠮᠳᠤ ᠣᠩᠰᠢᠵᠤ ᠪᠠᠢ᠌ᠯ᠎ᠠ ᠴᠤ

ᠨᠡᠷᠡᠯᠭᠡᠤ ᠭᠡᠨᠡᠭ᠌ ᠵᠠᠩ ᠳᠠᠭᠠᠨ ᠭᠦᠳᠦᠯᠦᠭ᠍ᠳᠡᠨ

ᠨᠠᠷᠠᠳᠤ ᠶᠢᠨ ᠵᠠᠢ ᠳᠤ ᠭᠠᠭᠴᠠᠬᠠᠨ ᠲᠤᠬᠢᠶᠠᠬᠤ ᠠᠩᠬᠠᠨ ᠤ ᠳᠤᠷᠠᠯᠠᠯ ᠡᠴᠠ ᠪᠠᠨ

ᠨᠠᠰᠤᠨ ᠤ ᠬᠠᠷᠠᠮᠰᠠᠯ ᠡᠪᠦᠷᠯᠡᠵᠤ ᠬᠤᠴᠤᠷᠤᠯ᠎ᠠ ᠁


ᠣᠯᠠᠨ ᠵᠢᠯ ᠰᠡᠳᠭᠢᠯ ᠶᠢᠡᠨ ᠮᠡᠭᠡᠯᠡᠵᠤ ᠶᠠᠪᠣᠭᠰᠠᠨ ᠵᠢᠠᠨ

ᠣᠳᠤ ᠪᠣᠳᠤᠪᠠᠯ ᠠᠷᠭ᠎ᠠ ᠦᠭᠡᠶ ᠯᠠ ᠭᠠᠰᠢᠭᠤᠨ ᠪᠠᠢ᠌ᠯ᠎ᠠ

ᠣᠴᠠᠷᠠᠯ ᠵᠠᠶᠠᠭ᠎ᠠ ᠶᠤᠮ ᠴᠢᠨᠢ ᠶᠠᠭᠠᠭᠢᠬᠤ ᠪᠢᠯᠠ ᠭᠡᠵᠤ

ᠣᠢ᠌ᠳᠬᠠᠷᠳᠤ ᠰᠠᠳᠭᠢᠯ ᠶᠢᠡᠨ ᠡᠳᠦᠷ ᠪᠦᠷᠢ ᠬᠠᠭᠤᠷᠠᠭᠰᠠᠨ ᠴᠤ

ᠣᠬᠠᠭᠠᠨ ᠳᠤ ᠪᠠᠭᠤᠭᠰᠠᠨ ᠡᠮᠵᠡᠭ᠍ᠭᠡᠨ ᠳᠤᠷᠠᠰᠤᠯ ᠤᠳ

ᠦᠳᠠᠰᠢ ᠪᠦᠷᠢ ᠡᠷᠭᠢᠴᠡᠭᠦᠯᠦᠯ ᠤᠨ ᠬᠠᠭᠠᠯᠭ᠎ᠠ ᠪᠠᠷ ᠰᠢᠷᠭᠤᠵᠤ

ᠣᠴᠠᠷᠠᠵᠤ ᠠᠭᠤᠯᠵᠠᠬᠤ ᠶᠢᠨ ᠣᠩᠭ᠋ᠤᠨ ᠴᠠᠭᠠᠨ ᠭᠦᠰᠡᠯ ᠳᠡᠷᠪᠠᠭᠡᠳ ᠪᠠᠢ᠌ᠨᠠᠮ︕

ᠣᠳᠤᠳ ᠪᠦᠵᠢᠭ᠍ᠰᠡᠨ ᠰᠦᠨᠢ ᠶᠢᠨ ᠨᠠᠮᠵᠢᠭᠤᠨ ᠳ᠋ᠤ

ᠣᠷᠳᠤ ᠡᠴᠠ ᠣᠷᠳᠤ ᠰᠡᠭᠦᠷᠡᠰᠦᠯᠡᠨ

ᠢᠷᠠᠭᠤ ᠨᠠᠢ᠌ᠷᠠᠭ ᠤᠨ ᠰᠠᠷᠬᠤᠤᠨ ᠡᠴᠠ ᠨᠢᠭᠡ ᠬᠤᠨᠳᠠᠭ᠎ᠠ ᠪᠠᠯᠭᠤᠬᠤ ᠳᠤ

ᠢᠷᠠᠵᠤ ᠶᠠᠪᠣᠭ᠎ᠠ ᠰᠢᠷᠭᠠᠯ ᠡᠳᠦᠷ ᠤᠨ ᠳᠡᠭ᠍ᠷᠢ ᠡᠴᠠ

ᠣᠯᠠᠷᠢᠯ ᠮᠠᠷᠳᠠᠨ ᠪᠣᠷᠤᠭ᠎ᠠ ᠱᠠᠭᠢᠵᠤ ᠯᠠ ᠪᠠᠢ᠌ᠯ᠎ᠠ ᠁


ᠵᠤᠬᠢᠶᠠᠭᠴᠢ ᠶᠢᠨ ᠬᠠ‍‌ᠶᠢᠭ ᠄ ᠪᠶᠠᠠᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠠᠢ

ᠵᠤᠬᠢᠶᠠᠭᠴᠢ᠄ ᠭᠢᠶᠠᠨ ᠠᠵᠢᠨᠠᠢ
ᠬᠠᠷᠢᠶ᠎ᠠ᠄ ᠰᠢᠯᠦᠭ
ᠳᠠᠷᠤᠮ᠄ 1946
ᠴᠠᠭ᠄ 2011 ᠤᠨ ᠤ 03 ᠰᠠᠷ᠎ᠠ ᠶᠢᠨ 08