ᠭᠦᠳᠡᠭᠡ ᠭᠦᠮᠤᠨ ᠤ ᠭᠦᠭᠡ ᠳᠠᠪᠠᠯ

ᠡᠩᠭᠡᠷ ᠬᠤᠷᠮᠤᠢ ᠳᠤ ᠨᠢ ᠰᠠᠯᠭᠢᠨ ᠬᠤᠷᠭᠤᠳᠠᠨ ᠭᠦᠯᠭᠦᠯᠵᠡᠭ᠍ᠰᠡᠨ

ᠡᠭᠡᠰᠢᠭ᠌ ᠭᠡᠢ᠌ᠭᠦᠯᠦᠭ᠍ᠴᠢ ᠶᠢᠨ ᠠᠪᠢᠶ᠎ᠠ ᠰᠢᠩᠭᠡᠨ ᠳᠡᠷᠪᠠᠯᠵᠡᠭ᠍ᠰᠡᠨ

ᠭᠦᠳᠡᠭᠡ ᠭᠦᠮᠤᠨ ᠤ ᠭᠦᠭᠡ ᠳᠠᠪᠠᠯ ᠭᠡᠵᠤ

ᠭᠦᠮᠤᠨ ᠤ ᠨᠢᠳᠤᠨ ᠳᠤ ᠭᠦᠭᠡ ᠳᠡᠭ᠍ᠷᠢ ᠲᠡᠶ ᠬᠠᠷᠠᠭᠳᠠᠨ᠎ᠠ


ᠰᠤᠭᠤ ᠳᠠᠰᠢᠭᠤᠪᠴᠢ ᠳᠤ ᠨᠢ ᠨᠠᠪᠴᠢ ᠴᠡᠴᠡᠭ᠌ ᠨᠠᠭᠠᠠᠯᠳᠤᠨ ᠬᠤᠷᠭᠤᠳᠠᠭᠰᠠᠨ

ᠰᠤᠷᠳᠠᠯ ᠵᠠᠭᠠᠮ᠎ᠠ ᠳᠤ ᠨᠢ ᠢᠷᠦᠭᠡᠯ ᠰᠤᠷᠭᠠᠯ ᠵᠠᠭᠢᠵᠤ ᠦᠯᠡᠳᠡᠭ᠍ᠰᠡᠨ

ᠭᠦᠳᠡᠭᠡ ᠭᠦᠮᠤᠨ ᠤ ᠭᠦᠭᠡ ᠳᠠᠪᠠᠯ ᠭᠡᠵᠤ

ᠭᠦᠮᠤᠨ ᠤ ᠰᠡᠳᠭᠢᠯ ᠳᠤ ᠬᠠᠯᠠᠭᠤᠨ ᠰᠢᠷᠤᠢ ᠲᠡᠶ ᠪᠠᠷᠠᠯᠠᠭᠳᠠᠨ᠎ᠠ


ᠳᠠᠯᠤ ᠮᠦᠷᠤ ᠳᠤ ᠨᠢ ᠬᠠᠳᠠ ᠴᠢᠯᠠᠭᠤ ᠢᠵᠢᠯᠢᠰᠢᠵᠤ ᠥᠮᠦᠭᠯᠡᠭ᠍ᠰᠡᠨ

ᠳᠤᠪᠴᠢ ᠰᠢᠯᠪᠢᠭᠦᠷ ᠲᠤ ᠨᠢ ᠨᠠᠷᠠᠨ ᠰᠠᠷᠠᠨ ᠠᠭᠤᠰᠴᠤ ᠬᠠᠢ᠌ᠷᠠᠯᠠᠭᠰᠠᠨ

ᠭᠦᠳᠡᠭᠡ ᠭᠦᠮᠤᠨ ᠤ ᠭᠦᠭᠡ ᠳᠠᠪᠠᠯ ᠭᠡᠵᠤ

ᠭᠦᠮᠤᠨ ᠤ ᠵᠡᠭᠦᠳᠤᠨ ᠳᠤ ᠭᠡᠷᠡᠯ ᠨᠢ ᠪᠢᠯᠬᠠᠵᠤ ᠠᠵᠢᠶᠠᠷᠠᠭᠳᠠᠨ᠎ᠠ


ᠡᠮᠵᠢᠶᠡᠷᠢ ᠠᠷᠤ ᠳᠤ ᠨᠢ ᠴᠠᠰᠤᠨ ᠴᠡᠴᠡᠭ᠌ ᠪᠣᠷᠠᠵᠤ ᠬᠤᠷᠠᠨ ᠪᠣᠳᠠᠷᠠᠭᠰᠠᠨ

ᠡᠷᠭᠦᠨ᠎ᠡ ᠶᠢᠨ ᠣᠰᠤᠨ ᠭᠦᠯᠦᠰᠤ ᠳᠤ ᠨᠢ ᠠᠮᠢᠯᠠᠵᠤ ᠣᠭᠠᠨ ᠣᠷᠤᠰᠤᠭᠰᠠᠨ

ᠭᠦᠳᠡᠭᠡ ᠭᠦᠮᠤᠨ ᠤ ᠭᠦᠭᠡ ᠳᠠᠪᠠᠯ ᠭᠡᠵᠤ

ᠭᠦᠮᠤᠨ ᠤ ᠰᠤᠨᠤᠷ ᠲᠤ ᠭᠦᠭ᠍ᠵᠢᠮ ᠨᠢ ᠨᠤᠭᠤᠭᠠᠷᠠᠵᠤ ᠬᠠᠩᠬᠤᠯᠤᠨ᠎ᠠ


ᠬᠠᠠᠴᠤᠢ ᠴᠡᠭᠡᠵᠢᠨ ᠳᠤ ᠨᠢ ᠭᠦᠢᠳᠡᠨ ᠰᠠᠯᠭᠢᠨ ᠵᠥᠭᠡᠯᠡᠷᠡᠨ ᠬᠠᠯᠢᠷᠠᠭᠰᠠᠨ

ᠬᠠᠨ ᠳᠡᠭ᠍ᠷᠢ ᠬᠠᠷᠠᠬᠤ ᠳᠤ ᠰᠠᠭᠠᠯᠢ ᠶᠢᠨ ᠦᠨᠦᠷ ᠪᠠᠷᠳᠠᠮ ᠠᠩᠭᠢᠯᠤᠭᠰᠠᠨ

ᠭᠦᠳᠡᠭᠡ ᠭᠦᠮᠤᠨ ᠤ ᠭᠦᠭᠡ ᠳᠠᠪᠠᠯ ᠭᠡᠵᠤ

ᠭᠦᠮᠤᠨ ᠤ ᠮᠦᠷ ᠢ ᠴᠡᠴᠡᠭ᠌ ᠶᠢᠡᠷ ᠦᠨᠦᠰᠴᠤ ᠮᠢᠷᠠᠯᠵᠠᠨ᠎ᠠ ᠁


ᠳᠡᠭ᠍ᠷᠢ ᠳᠡᠭᠡᠷ᠎ᠡ ᠡᠴᠠ ᠣᠷᠭᠤᠭᠰᠠᠨ ᠨᠠᠠᠳᠢᠨ ᠭᠦᠭᠡ ᠨᠠᠪᠴᠢ

ᠭᠠᠵᠠᠷ ᠳᠡᠭᠡᠷ᠎ᠡ ᠡᠴᠠ ᠠᠮᠢᠯᠠᠭᠰᠠᠨ ᠭᠠᠯ ᠲᠡᠶ ᠭᠦᠭᠡ ᠠᠮᠢᠰᠬᠤᠯ

ᠠᠳᠤᠭᠤᠨ ᠳᠡᠭᠡᠷ᠎ᠡ ᠡᠴᠠ ᠪᠦᠳᠦᠭ᠍ᠰᠡᠨ ᠠᠷᠢᠭᠤᠨ ᠭᠦᠭᠡ ᠰᠠᠯᠭᠢᠨ

ᠭᠦᠰᠡᠯ ᠳᠡᠭᠡᠷ᠎ᠡ ᠡᠴᠠ ᠡᠰᠨᠢᠭ᠍ᠰᠡᠨ ᠡᠭᠡᠯ ᠪᠣᠷᠭᠢᠯ ᠡᠳᠦᠷ ᠬᠤᠨᠤᠭ

ᠭᠦᠳᠡᠭᠡ ᠭᠦᠮᠤᠨ ᠤ ᠭᠦᠭᠡ ᠳᠠᠪᠠᠯ ᠮᠢᠨᠢ

ᠭᠦᠰᠡᠯ ᠵᠢᠷᠭᠠᠯ ᠤᠨ ᠡᠶ᠎ᠡ ᠨᠠᠢ᠌ᠷ ᠮᠢᠨᠢ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1756
ᠴᠠᠭ᠄ 2013 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ