ᠰᠡᠷᠡᠩᠳᠤᠸ᠎ᠠ ᠪᠤᠶᠤ 《 ᠮᠢᠨᠦ ᠠᠷᠠᠯᠵᠢᠶ᠎ᠠ ᠬᠤᠳᠠᠯᠳᠤᠭᠠᠨ ᠤ ᠭᠤᠴᠢᠨ ᠵᠢᠯ》

ᠣᠷᠴᠢᠮ ᠳᠤ ᠪᠢ ᠰᠢᠯᠢ ᠶᠢᠨ ᠭᠤᠤᠯ ᠠᠢ᠌ᠮᠠᠭ ᠤᠨ ᠵᠡᠭᠦᠨ ᠦᠵᠦᠮᠤᠴᠢᠨ ᠬᠤᠰᠢᠭᠤᠨ ᠤ ᠠᠬᠠᠮᠠᠤᠨ ᠺᠠᠳ᠋ᠷ᠂ ᠦᠵᠦᠮᠤᠴᠢᠨ ᠨᠤᠳᠤᠭ ᠤᠨ ᠨᠠᠷᠠᠳᠤ ᠠᠵᠤ ᠠᠬᠤᠢ᠌ᠯᠠᠯᠳᠠᠨ᠂ ᠰᠤᠶᠤᠯᠳᠤ ᠳᠤᠮᠤᠭᠠᠳᠠᠨ ᠰᠠᠷᠠᠩᠳᠤᠸ᠎ᠠ ᠭᠤᠸᠠᠢ ᠶᠢᠨ ᠳᠦᠷᠦᠭᠦᠤ ᠭᠡᠳᠤᠨ ᠵᠢᠯ ᠪᠢᠴᠢᠵᠤ ᠭᠡᠪᠯᠡᠭᠦᠯᠦᠭ᠍ᠰᠡᠨ 《ᠮᠢᠨᠤ ᠠᠷᠠᠯᠵᠢᠶ᠎ᠠ ᠬᠤᠳᠠᠯᠳᠤᠭᠠᠨ ᠤ ᠭᠤᠴᠢᠨ ᠵᠢᠯ》 ᠭᠡᠭᠦ ᠨᠤᠮ ᠢ ᠣᠯᠵᠤ ᠣᠩᠰᠢᠯ᠎ᠠ᠃

ᠰᠠᠷᠠᠩᠳᠤᠸ᠎ᠠ ᠪᠣᠯ ᠣᠤᠯ ᠤᠨ ᠰᠢᠯᠢ ᠶᠢᠨ ᠭᠤᠤᠯ ᠴᠢᠭᠤᠯᠭᠠᠨ ᠤ ᠦᠵᠦᠮᠤᠴᠢᠨ ᠪᠠᠷᠠᠭᠤᠨ ᠬᠤᠰᠢᠭᠤᠨ ᠤ ᠭᠡᠷᠡᠢ᠌ᠤᠨ ᠰᠤᠮᠤᠨ ᠤ ᠭᠦᠮᠤᠨ᠃ 1931 ᠣᠨ ᠳᠤ ᠭᠡᠷᠡᠢ᠌ᠤᠨ ᠵᠠᠯᠠᠨ ᠤ ᠬᠠᠷᠢᠶᠠᠳᠤ ᠠᠷᠠᠤᠨ ᠢᠳᠠᠮᠵᠠᠪ ᠤᠨ ᠪᠠᠭ᠎ᠠ ᠭᠦᠤ ᠪᠣᠯᠵᠤ ᠳᠤᠰ ᠨᠤᠳᠤᠭ ᠲᠤ ᠵᠠᠶᠠᠭᠠᠵᠠᠢ᠃

ᠳᠠᠷᠠ ᠪᠠᠷ 1950 ᠣᠨ ᠳᠤ ᠰᠢᠯᠢ ᠶᠢᠨ ᠭᠤᠤᠯ ᠠᠢ᠌ᠮᠠᠭ ᠤᠨ ᠵᠡᠭᠦᠨ ᠬᠤᠯᠪᠣᠭᠠᠳᠤ ᠬᠤᠰᠢᠭᠤᠨ ᠤ ᠡᠵᠢ ᠨᠠᠭᠤᠷ ᠳᠠᠪᠣᠰᠤᠨ ᠶᠠᠪᠣᠳᠠᠯ ᠤᠨ ᠳᠤᠪᠴᠢᠶᠠᠨ ᠳᠤ ᠳᠠᠸᠠᠷ ᠬᠠᠮᠢᠶᠠᠷᠤᠭᠴᠢ ᠪᠠᠷ ᠠᠵᠢᠯ ᠳᠤ ᠣᠷᠤᠭᠰᠠᠨ ᠶᠢᠡᠨ᠂ 1980 ᠣᠨ ᠳᠤ ᠡᠪᠠᠦᠡᠴᠢᠨ ᠤ ᠬᠠᠷᠠᠭ᠎ᠠ ᠪᠠᠷ ᠠᠵᠢᠯ ᠡᠴᠡ ᠪᠠᠨ ᠣᠷᠢᠤᠠᠴᠢᠯᠠᠨ ᠠᠮᠠᠷᠠᠬᠤ ᠪᠣᠯᠳᠠᠯ᠎ᠠ ᠪᠠᠨ᠂ ᠰᠢᠯᠢ ᠶᠢᠨ ᠭᠤᠤᠯ ᠠᠢ᠌ᠮᠠᠭ ᠤᠨ ᠬᠠᠩᠭ᠋ᠠᠨ ᠪᠣᠷᠤᠯᠠᠭᠤᠯᠬᠤ ᠶᠡᠷᠦᠩᠭᠡᠢ ᠬᠤᠷᠰᠢᠶ᠎ᠠ ᠶᠢᠨ ᠵᠤᠬᠢᠶᠠᠨ ᠪᠠᠢ᠌ᠭᠤᠯᠤᠨ ᠪᠠᠢ᠌ᠴᠠᠭᠠᠬᠤ ᠰᠠᠯᠠᠭᠠᠨ ᠤ ᠠᠵᠢᠯᠳᠠᠨ᠂ ᠵᠡᠭᠦᠨ ᠬᠤᠯᠪᠣᠭᠠᠳᠤ ᠬᠤᠰᠢᠭᠤᠨ ᠤ ᠬᠠᠩᠭ᠋ᠠᠨ ᠪᠣᠷᠤᠯᠠᠭᠤᠯᠬᠤ ᠬᠤᠷᠰᠢᠶᠠᠨ ᠤ ᠵᠤᠬᠢᠶᠠᠨ ᠪᠠᠢ᠌ᠭᠤᠯᠤᠨ ᠪᠠᠢ᠌ᠴᠠᠭᠠᠬᠤ ᠳᠠᠰᠤᠭ ᠤᠨ ᠳᠠᠷᠤᠭ᠎ᠠ᠂ ᠵᠡᠭᠦᠨ ᠦᠵᠦᠮᠤᠴᠢᠨ ᠬᠤᠰᠢᠭᠤᠨ ᠤ ᠬᠤᠳᠠᠯᠳᠤᠭᠠᠨ ᠤ ᠳᠤᠪᠴᠢᠶ᠎ᠠ ᠶᠢᠨ ᠳᠠᠳ᠋ ᠳᠠᠷᠤᠭ᠎ᠠ᠂ ᠬᠠᠩᠭ᠋ᠠᠨ ᠪᠣᠷᠤᠯᠠᠭᠤᠯᠬᠤ ᠬᠤᠷᠰᠢᠶᠠᠨ ᠤ ᠳᠠᠳ᠋ ᠡᠷᠭᠢᠯᠡᠭ᠍ᠴᠢ᠂ ᠡᠷᠭᠢᠯᠡᠭ᠍ᠴᠢ᠂ ᠨᠠᠮ ᠤᠨ ᠡᠭᠦᠷ ᠤᠨ ᠱᠦᠵᠢ ᠵᠡᠷᠭᠡ ᠡᠭᠦᠷᠭᠡ ᠳᠤᠰᠢᠶᠠᠯ ᠢ ᠪᠦᠭᠦᠢ᠌ᠯᠡ ᠭᠤᠴᠢᠨ ᠵᠢᠯ ᠡᠭᠦᠷᠭᠡᠯᠡᠵᠤ ᠢᠷᠠᠵᠠᠢ᠃

《ᠮᠢᠨᠤ ᠠᠷᠠᠯᠵᠢᠶ᠎ᠠ ᠬᠤᠳᠠᠯᠳᠤᠭᠠᠨ ᠤ ᠭᠤᠴᠢᠨ ᠵᠢᠯ》 ᠭᠡᠭᠦ ᠨᠤᠮ ᠪᠣᠯ ᠳᠡᠭᠦᠨ ᠤ ᠬᠤᠳᠠᠯᠳᠤᠭ᠎ᠠ ᠠᠷᠠᠯᠵᠢᠶ᠎ᠠ᠂ ᠬᠠᠩᠭ᠋ᠠᠨ ᠪᠣᠷᠤᠯᠠᠭᠤᠯᠬᠤ ᠰᠠᠯᠠᠭ᠎ᠠ ᠮᠦᠴᠢᠷ ᠲᠤ ᠣᠳᠠᠭᠠᠨ ᠵᠢᠯ ᠳᠠᠷᠤᠭ᠎ᠠ ᠣᠳᠤᠷᠢᠳᠤᠯᠭ᠎ᠠ ᠪᠣᠶᠤ ᠳᠤᠰᠬᠠᠢ ᠡᠭᠦᠷᠭᠡᠳᠡᠨ᠂ ᠳᠤᠰᠬᠠᠢ ᠮᠡᠷᠭᠡᠵᠢᠯᠳᠡᠨ ᠶᠢᠡᠷ ᠠᠵᠢᠯᠯᠠᠵᠤ ᠠᠯᠪᠠᠯᠠᠵᠤ ᠶᠠᠪᠣᠬᠤ ᠳᠤᠮᠳᠠ ᠪᠠᠨ ᠦᠵᠡᠵᠤ ᠬᠠᠷᠠᠭᠰᠠᠨ ᠵᠣᠢ᠌ᠯᠠᠰ ᠪᠣᠶᠤ ᠣᠴᠠᠷᠠᠵᠤ ᠲᠤᠬᠢᠶᠠᠯᠳᠤᠭᠰᠠᠨ ᠶᠠᠪᠣᠳᠠᠯ ᠤᠳ ᠶᠢᠡᠨ ᠳᠤᠷᠠᠤᠠᠬᠠᠨ ᠳᠡᠮᠳᠡᠭᠯᠡᠵᠤ᠂ ᠳᠤᠰᠬᠠᠢ ᠰᠤᠳᠤᠯᠭᠠᠨ ᠤ ᠪᠦᠳᠦᠭᠡᠯ ᠪᠣᠶᠤ ᠳᠡᠦᠭᠡ ᠨᠠᠮᠳᠠᠷ ᠤᠨ ᠵᠤᠬᠢᠶᠠᠯ ᠪᠣᠯᠭᠠᠨ ᠭᠡᠪᠯᠡᠭᠦᠯᠦᠭ᠍ᠰᠡᠨ ᠵᠣᠢ᠌ᠯᠠᠰ ᠪᠣᠯᠤᠨ᠎ᠠ᠃

ᠳᠤᠰ ᠨᠤᠮ ᠨᠢ ᠠᠭᠤᠯᠭ᠎ᠠ ᠪᠠᠶᠠᠯᠢᠭ᠂ ᠭᠡᠯᠡ ᠭᠡᠯᠡᠯᠭᠡ ᠳᠤᠪᠴᠢ ᠣᠢ᠌ᠯᠭᠠᠮᠵᠢᠳᠠᠢ᠂ ᠣᠴᠢᠷ ᠶᠠᠪᠣᠳᠠᠯ ᠦᠨᠡᠨ᠂ ᠠᠭᠤᠯᠬᠤᠨ ᠰᠠᠨᠠᠭ᠎ᠠ ᠳᠠᠯᠳᠠ᠂ ᠣᠩᠰᠢᠪᠣᠷᠢ ᠰᠠᠢ᠌ᠳᠠᠢ᠂ ᠰᠤᠳᠤᠯᠭᠠᠨ ᠤ ᠦᠨ᠎ᠡ ᠥᠷᠳᠡᠭ᠌ ᠪᠦᠭᠦᠢ ᠪᠦᠳᠦᠭᠡᠯ᠃

ᠨᠢᠭᠡᠨ ᠭᠦᠮᠤᠨ ᠤ ᠠᠷᠠᠯᠵᠢᠶ᠎ᠠ ᠬᠤᠳᠠᠯᠳᠤᠭᠠᠨ ᠤ ᠭᠤᠴᠢᠨ ᠵᠢᠯ ᠢ ᠪᠢᠴᠢᠯ᠎ᠠ ᠭᠡᠵᠤ ᠭᠡᠯᠡᠭᠦ ᠶᠢᠨ ᠣᠷᠤᠨ ᠳᠤ᠂ ᠨᠢᠭᠡᠨ ᠭᠠᠵᠠᠷ ᠣᠷᠤᠨ ᠤ᠂ ᠨᠢᠭᠡᠨ ᠦᠨᠳᠦᠰᠦᠳᠠᠨ ᠣᠭᠰᠠᠭᠠᠳᠠᠨ ᠤ᠂ ᠨᠢᠭᠡᠨ ᠴᠠᠭ ᠦᠶ᠎ᠡ ᠶᠢᠨ ᠠᠷᠠᠯᠵᠢᠶ᠎ᠠ ᠬᠤᠳᠠᠯᠳᠤᠭᠠᠨ ᠤ ᠭᠤᠴᠢᠨ ᠵᠢᠯ ᠢ ᠪᠢᠴᠢᠯ᠎ᠠ ᠭᠡᠵᠤ ᠭᠡᠯᠡᠯᠳᠡᠢ᠃

ᠳᠠᠨᠠᠷ ᠣᠯᠵᠤ ᠣᠩᠰᠢᠭᠠᠷᠠᠢ ︕ ᠶᠠᠭᠤ ᠨᠢᠭᠡ ᠶᠢ ᠮᠠᠳᠠᠵᠤ ᠶᠠᠭᠤ ᠨᠢᠭᠡ ᠶᠢ ᠪᠣᠳᠤᠵᠤ ᠰᠠᠤᠠᠭᠢᠵᠤ ᠮᠡᠳᠡᠭᠦ ᠶᠤᠮ ᠡ᠃

ᠪᠢᠳᠠ ᠳᠡᠦᠭᠡ ᠪᠠᠨ᠂ ᠣᠢ᠌ᠯᠠ ᠣᠴᠠᠷᠠᠯ ᠶᠢᠡᠨ ᠡᠨᠡᠭᠦ ᠨᠤᠮ ᠡᠴᠡ ᠶᠡᠭᠡ ᠲᠦᠯᠦᠪ ᠣᠢ᠌ᠯᠭᠠᠵᠤ ᠣᠬᠠᠵᠤ ᠪᠣᠯᠬᠤ ᠪᠠᠢ᠌ᠭ᠎ᠠ ︕᠁


ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ

ᠵᠤᠬᠢᠶᠠᠭᠴᠢ᠄ ᠭᠦᠷᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 49966
ᠴᠠᠭ᠄ 2013 ᠤᠨ ᠤ 01 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ