ᠭᠡᠮᠰᠢᠯ ᠣᠬᠠᠭᠠᠷᠠᠯ

ᠳᠡᠭ᠍ᠷᠢᠯᠢᠭ᠌ ᠪᠣᠰᠤᠭ᠎ᠠ ᠡᠭᠡ ᠭᠡᠯᠡᠨ ᠳᠤ ᠮᠢᠨᠢ ᠬᠠᠤᠯᠢ ᠶᠢᠨ ᠪᠠᠳᠤᠯᠠᠭ᠎ᠠ ᠪᠣᠯᠬᠤ 《ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠮᠤᠩᠭ᠋ᠤᠯ ᠥᠭᠡ ᠭᠡᠯᠡ ᠦᠰᠦᠭ᠌ ᠪᠢᠴᠢᠭ᠌ ᠤᠨ ᠠᠵᠢᠯ ᠤᠨ ᠳᠦᠷᠢᠮ》 (ᠳᠠᠷᠠᠭᠠᠴᠢ ᠳᠤ ᠳᠦᠭᠦᠮᠴᠢᠯᠡᠭᠡᠳ 《ᠳᠦᠷᠢᠮ》 ᠭᠡᠪᠡ) ᠬᠠᠤᠯᠢ ᠶᠤᠰᠤᠭᠠᠷ ᠨᠡᠢ᠌ᠳᠡᠯᠡᠭ᠍ᠳᠡᠨ ᠭᠡᠷᠡᠭ᠍ᠵᠢᠭᠦᠯᠦᠭ᠍ᠳᠡᠭᠡᠳ ᠳᠤᠯᠤᠭᠠᠨ ᠵᠢᠯ ᠪᠣᠯᠴᠢᠬᠠᠯ᠎ᠠ᠃ ᠶᠠᠷᠤᠨᠢ ᠪᠠᠢ᠌ᠬᠤ ᠦᠭᠡᠶ ᠡᠴᠠ ᠪᠠᠢ᠌ᠬᠤ ᠪᠣᠯᠤᠭᠰᠠᠨ ᠶᠠᠪᠣᠳᠠᠯ ᠨᠢ ᠮᠤᠩᠭ᠋ᠤᠯ ᠭᠡᠯᠡᠳᠡᠨ ᠪᠦᠭᠦᠨ ᠤ ᠪᠠᠶᠠᠷᠳᠤ ᠣᠮᠤᠭᠰᠢᠯ ᠪᠣᠯᠬᠤ ᠨᠢ ᠭᠠᠷᠴᠠᠭ᠎ᠠ ᠦᠭᠡᠶ᠃ ᠡᠨᠡᠭᠦ ᠬᠤᠵᠢᠮᠳᠠᠭᠰᠠᠨ 《ᠳᠦᠷᠢᠮ》 ᠨᠢ ᠨᠡᠢ᠌ᠭᠡᠮ ᠨᠠᠢ᠌ᠳᠠ ᠳᠤ ᠶᠠᠮᠠᠷ ᠨᠥᠯᠦᠭᠡ ᠳᠤᠰᠬᠠᠯ ᠶᠠᠮᠠᠷ ᠬᠤᠪᠢᠷᠠᠯᠳᠠ ᠭᠦᠭ᠍ᠵᠢᠯᠳᠡ ᠠᠪᠴᠢᠷᠠᠭᠰᠠᠨ ᠪᠣᠯ ︖ ᠣᠯᠠᠨ ᠤ ᠠᠩᠬᠠᠷᠤᠯ ᠢ ᠳᠠᠳᠠᠭᠰᠠᠨ ᠡᠢ᠌ᠡᠭᠦ ᠠᠰᠠᠭᠤᠳᠠᠯ ᠤᠨ ᠳᠤᠬᠠᠢ ᠪᠢᠴᠢᠯᠭᠡ ᠳᠠᠳᠠᠯᠭ᠎ᠠ ᠣᠯᠠᠨ ᠬᠠᠷᠠᠭᠳᠠᠬᠤ ᠪᠣᠯᠪᠠᠴᠤ ᠦᠨᠳᠦᠰᠦᠨ ᠱᠠᠳᠤᠨ ᠤ ᠪᠣᠳᠠᠳᠤ ᠪᠠᠢ᠌ᠳᠠᠯ ᠦᠨᠡᠨ ᠶᠠᠪᠣᠳᠠᠯ ᠢ ᠣᠢ᠌ᠯᠠᠭᠠᠬᠤ ᠭᠡᠰᠡᠨ ᠬᠦᠬᠡᠬᠤᠲᠠ ᠶᠢᠨ ᠨᠠᠢ᠌ᠵᠠ ᠶᠢᠨ ᠭᠦᠡᠳᠤ ᠨᠠᠢ᠌ᠳᠠᠯᠭ᠎ᠠ ᠶᠢ ᠭᠦᠯᠢᠶᠡᠵᠤ ᠦᠪᠡᠷ ᠤᠨ ᠳᠤᠭᠤᠷᠢᠨ ᠡᠴᠠ ᠪᠠᠨ ᠲᠦᠯᠦᠭᠡᠯᠡᠭ᠍ᠴᠢ ᠴᠢᠨᠠᠷᠳᠠᠢ ᠭᠡᠳᠤᠨ ᠭᠦᠮᠤᠨ ᠲᠡᠶ ᠶᠠᠷᠢᠯᠴᠠᠭᠰᠠᠨ ᠮᠠᠨᠢ ᠡᠨᠡ ᠶᠤᠮ᠃

ᠡᠨ (ᠠᠯᠪᠠᠳᠠᠨ)᠄ ᠪᠢ ᠬᠡᠦᠬᠡᠳ ᠶᠢᠡᠨ ᠮᠤᠩᠭ᠋ᠤᠯ ᠰᠤᠷᠭᠠᠭᠤᠯᠢ ᠳᠤ ᠭᠦᠷᠭᠡᠭ᠍ᠰᠡᠨ ᠨᠢ 《ᠳᠦᠷᠢᠮ》 ᠨᠡᠢ᠌ᠳᠡᠯᠡᠭ᠍ᠳᠡᠭᠦ ᠡᠴᠠ ᠡᠮᠦᠨᠡᠭᠢ ᠣᠴᠢᠷ ᠶᠤᠮ᠃ ᠶᠠᠷᠤ ᠡᠴᠠ ᠮᠤᠩᠭ᠋ᠤᠯ ᠭᠦᠮᠤᠨ ᠪᠣᠯᠤᠭᠰᠠᠨ ᠤ ᠬᠤᠪᠢ ᠳᠤ ᠬᠡᠦᠬᠡᠳ ᠶᠢᠡᠨ ᠮᠤᠩᠭ᠋ᠤᠯ ᠶᠢᠡᠷ ᠥᠵᠡᠭᠦᠯᠭᠦ ᠪᠣᠯ ᠠᠶᠠᠠᠳᠠᠭᠠᠨ ᠤ ᠣᠴᠢᠷ᠃ ᠮᠤᠩᠭ᠋ᠤᠯ ᠥᠭᠡ ᠭᠡᠯᠡ ᠮᠤᠩᠭ᠋ᠤᠯ ᠦᠪ ᠰᠤᠶᠤᠯ ᠳᠤ ᠪᠣᠰᠤᠳ ᠲᠤ ᠭᠠᠢ᠌ᠬᠠᠭᠳᠠᠨ ᠪᠢᠰᠢᠷᠡᠭ᠍ᠳᠡᠭᠦ ᠠᠤᠭ᠎ᠠ ᠭᠦᠴᠤᠨ ᠦᠪᠡᠷᠮᠢᠴᠠ ᠵᠣᠢ᠌ᠯ ᠳᠠᠪᠠᠭᠤᠯᠢᠭ ᠳᠠᠯ᠎ᠠ ᠣᠯᠠᠨ ᠪᠣᠢ᠃ ᠡᠭᠦᠨ ᠳᠤ ᠦᠵᠡᠯᠳᠠ ᠳᠠᠨᠢᠯᠳᠠ᠂ ᠪᠢᠯᠢᠭ᠌ ᠣᠬᠠᠭᠠᠨ᠂ ᠵᠠᠩ ᠠᠷᠠᠠᠰᠢᠨ᠂ ᠪᠣᠳᠤᠯ ᠰᠡᠳᠭᠢᠭᠦᠢ᠂ ᠥᠭᠡ ᠭᠡᠯᠡ᠂ ᠦᠰᠦᠭ᠌ ᠪᠢᠴᠢᠭ᠌᠁ ᠡᠢ᠌ᠮᠤ ᠡᠴᠠ ᠪᠢ ᠮᠤᠩᠭ᠋ᠤᠯ ᠭᠦᠮᠤᠨ ᠪᠣᠯᠵᠤ ᠳᠦᠷᠦᠭ᠍ᠰᠡᠨ ᠳᠡᠭᠡᠨ ᠣᠮᠤᠭᠰᠢᠳᠠᠭ ᠪᠦᠭᠡᠳ ᠮᠤᠩᠭ᠋ᠤᠯ ᠥᠭᠡ ᠭᠡᠯᠡ ᠦᠰᠦᠭ᠌ ᠪᠢᠴᠢᠭ᠌ ᠲᠡᠭᠡᠨ ᠭᠢᠵᠠᠭᠠᠯᠠᠰᠢ ᠦᠭᠡᠶ ᠬᠠᠢ᠌ᠷᠠᠳᠠᠢ ᠪᠠᠢ᠌ᠳᠠᠭ᠃ ᠳᠠᠭᠢᠪᠠᠯ ᠠᠪᠠᠭᠠᠢ ᠪᠢᠳᠠ ᠬᠤᠶᠠᠷ ᠪᠦᠷ ᠭᠢᠳᠠᠤᠨ ᠶᠢᠡᠷ ᠰᠤᠷᠤᠭᠰᠠᠨ ᠡᠴᠠ ᠬᠡᠦᠬᠡᠳ ᠶᠢᠡᠨ ᠮᠤᠩᠭ᠋ᠤᠯ ᠶᠢᠡᠷ ᠥᠵᠡᠭᠦᠯᠭᠦ ᠶᠢ ᠵᠤᠷᠢᠭᠰᠠᠭᠠᠷ ᠢᠷᠠᠵᠠᠢ᠃ ᠪᠢᠳᠠ ᠬᠤᠶᠠᠭᠤᠯᠠ ᠪᠠᠨ ᠮᠤᠩᠭ᠋ᠤᠯ ᠦᠰᠦᠭ᠌ ᠪᠢᠴᠢᠭ᠌ ᠮᠡᠳᠡᠭᠦ ᠦᠭᠡᠶ ᠳᠡᠭᠡᠨ ᠳᠤᠩ ᠬᠠᠷᠠᠮᠰᠠᠨ᠎ᠠ᠂ ᠡᠢ᠌ᠡᠭᠦ ᠭᠡᠮᠰᠢᠯ ᠣᠬᠠᠭᠠᠷᠠᠯ ᠢ ᠬᠡᠦᠬᠡᠳ ᠤᠨ ᠪᠠᠶ᠎ᠠ ᠳᠤ ᠳᠠᠭᠢᠨ 《ᠳᠤᠭᠯᠠᠭᠤᠯᠪᠠᠯ》 ᠡᠴᠢᠭᠡ ᠡᠭᠡ ᠪᠣᠯᠤᠭᠰᠠᠨ ᠮᠠᠨ ᠤ ᠠᠯᠳᠠᠰᠢ ᠪᠢᠰᠢ ᠦᠦ ︖ ᠡᠭᠦᠨ ᠡᠴᠠ ᠭᠠᠳᠠᠨ᠎ᠠ ᠬᠡᠦᠬᠡᠳ ᠴᠤ ᠥᠪᠠᠷᠳᠡᠭᠡᠨ ᠮᠤᠩᠭ᠋ᠤᠯ ᠶᠢᠡᠷ ᠰᠤᠷᠬᠤ ᠳᠤᠷᠠᠳᠠᠢ᠂ ᠬᠡᠦᠬᠡᠳ ᠤᠨ ᠯᠤᠭᠰᠢᠬᠤ ᠴᠢᠰᠤ ᠨᠢ ᠴᠤ ᠮᠤᠩᠭ᠋ᠤᠯ ᠶᠤᠮ ᠴᠢᠨᠢ᠁

《ᠳᠦᠷᠢᠮ》 ᠨᠢ ᠨᠠᠮ ᠵᠠᠰᠠᠭ ᠤᠨ ᠭᠦᠡᠳᠦᠳᠭᠡᠯ ᠢ ᠣᠯᠵᠤ᠂ ᠦᠨᠳᠦᠰᠦᠳᠠᠨ ᠤ ᠰᠤᠶᠤᠯ ᠤᠨ ᠪᠦᠳᠦᠭᠡᠨ ᠪᠠᠢ᠌ᠭᠤᠯᠤᠯᠳᠠ ᠳᠤ ᠰᠢᠨ᠎ᠠ ᠨᠢᠭᠡᠨ ᠬᠠᠭᠤᠳᠠᠰᠤ ᠪᠢᠴᠢᠭᠯᠡᠭᠦ ᠳᠤ ᠬᠠᠤᠯᠢ ᠶᠢᠨ ᠪᠠᠳᠤᠯᠠᠭ᠎ᠠ ᠪᠣᠯᠬᠤ ᠭᠡᠳᠡᠭ᠌ ᠲᠤ ᠪᠠᠳᠤ ᠢᠳᠡᠭᠡᠨ ᠦᠪᠡᠷ ᠤᠨ ᠭᠢᠪᠠᠰᠤ ᠵᠤᠭᠢᠬᠤ᠂ ᠭᠢᠵᠤ ᠳᠡᠢ᠌ᠯᠭᠦ ᠠᠵᠢᠯ ᠶᠢᠡᠨ ᠵᠤᠷᠢᠭᠳᠠᠢ ᠭᠢᠪᠠᠯ ᠳᠠᠭᠠᠷᠠᠨ᠎ᠠ᠃

ᠡ (ᠪᠠᠭᠰᠢ)᠄ ᠪᠢ ᠬᠡᠦᠬᠡᠳ ᠶᠢᠡᠨ ᠭᠢᠳᠠᠤᠨ ᠰᠤᠷᠭᠠᠭᠤᠯᠢ ᠳᠤ ᠰᠠᠭᠤᠯᠭᠠᠭᠰᠠᠨ ᠳᠠᠭᠠᠨ ᠬᠠᠷᠠᠮᠰᠠᠵᠤ ᠪᠠᠢ᠌ᠨ᠎ᠠ᠃ ᠣᠳᠤ ᠪᠣᠳᠤᠬᠤ ᠳᠤ ᠬᠡᠦᠬᠡᠳ ᠲᠡᠭᠡᠨ ᠣᠰᠤᠯᠳᠤᠭᠰᠠᠨ᠂ ᠬᠤᠵᠢᠮ ᠢᠷᠡᠭᠡᠳᠦᠢ ᠳᠤ ᠣᠰᠤᠯᠳᠤᠭᠰᠠᠨ᠃ ᠴᠢᠨᠠᠭᠰᠢᠯᠠᠪᠠᠯ ᠦᠨᠳᠦᠰᠦᠳᠠᠨ ᠳᠡᠭᠡᠨ ᠶᠠᠯ᠎ᠠ ᠭᠢᠭ᠍ᠰᠡᠨ᠁ ᠦᠪᠡᠷ ᠤᠨ ᠬᠡᠦᠬᠡᠳ ᠶᠢᠡᠨ ᠭᠢᠳᠠᠤᠨ ᠰᠤᠷᠭᠠᠭᠤᠯᠢ ᠳᠤ ᠭᠦᠷᠭᠡᠴᠢᠭᠡᠭᠡᠳ 《ᠮᠤᠩᠭ᠋ᠤᠯ ᠰᠤᠷᠭᠠᠭᠤᠯᠢ ᠶᠢᠨ ᠰᠤᠷᠤᠭᠴᠢ ᠴᠥᠭᠡᠷᠡᠵᠤ ᠠᠵᠢᠯ ᠠᠯᠳᠠᠬᠤ ᠤᠢ᠌ᠷᠠᠳᠤᠵᠤ ᠪᠠᠢ᠌ᠨ᠎ᠠ》 ᠭᠡᠵᠤ ᠭᠠᠰᠠᠯᠬᠤ ᠮᠤᠩᠭ᠋ᠤᠯ ᠪᠠᠭᠰᠢ ᠨᠡᠷ ᠤᠨ ᠬᠠᠮᠳᠤ ᠵᠢᠷᠦᠭᠡ ᠡᠪᠠᠳᠤᠨ᠎ᠡ᠃ ᠪᠢᠳᠠ ᠦᠪᠡᠷᠭᠢ ᠪᠠᠨ ᠥᠪᠠᠷᠳᠡᠭᠡᠨ ᠥᠭᠡᠢ᠌ᠰᠭᠡᠵᠤ ᠶᠠᠪᠣᠭ᠎ᠠ ᠪᠠᠨ ᠰᠠᠷᠠᠵᠤ ᠮᠡᠳᠡᠭ᠍ᠰᠡᠨ ᠴᠤ ᠪᠣᠯᠤᠭᠠᠰᠠᠢ ᠳ᠋ᠠ ︕

ᠬᠡᠦᠬᠡᠳ ᠶᠢᠡᠨ ᠭᠢᠳᠠᠤᠨ ᠶᠢᠡᠷ ᠥᠵᠡᠭᠦᠯᠦᠭ᠍ᠰᠡᠨ ᠮᠠᠨᠢ ᠪᠣᠰᠤᠳᠴᠢ ᠰᠢᠯᠳᠠᠭᠠᠨ ᠪᠠᠢ᠌ᠬᠤ ᠶᠤᠮ᠃ ᠭᠡᠭᠦ ᠳᠤ ᠡᠨᠡ ᠨᠢ ᠵᠥᠪᠭᠡᠨ ᠦᠪᠡᠷᠭᠢ ᠪᠠᠨ ᠥᠮᠦᠭᠯᠡᠨ ᠵᠥᠪᠳᠡᠭᠡᠭᠦ ᠰᠢᠯᠳᠠᠭ ᠳᠠᠳᠤᠢ᠂ ᠦᠨᠡᠨᠳᠡᠭᠡᠨ ᠮᠤᠩᠭ᠋ᠤᠯ ᠶᠢᠡᠷ ᠯᠠ ᠰᠤᠷᠭᠠᠶ᠎ᠠ ᠭᠡᠰᠡᠨ ᠶᠤᠮ ᠪᠣᠯ ᠶᠠᠭᠤ ᠪᠦᠭᠦᠨ ᠢ ᠳᠠᠪᠴᠢᠵᠤ ᠮᠤᠩᠭ᠋ᠤᠯ ᠰᠤᠷᠭᠠᠭᠤᠯᠢ ᠳᠤ ᠭᠦᠷᠭᠡᠵᠤ ᠴᠢᠳᠠᠬᠤ ᠶᠤᠮᠰᠠᠨ᠃ ᠭᠡᠪᠠᠴᠤ ᠣᠳᠤ ᠨᠢᠭᠡᠨᠲᠡ ᠬᠠᠷᠠᠮᠰᠠᠯ ᠯᠠ ᠦᠯᠠᠳᠠᠵᠠᠢ᠃

《ᠳᠦᠷᠢᠮ》 ᠨᠡᠢ᠌ᠳᠡᠯᠡᠭ᠍ᠳᠡᠵᠤ ᠭᠡᠷᠡᠭ᠍ᠵᠢᠭᠦᠯᠦᠭ᠍ᠳᠡᠭ᠍ᠰᠡᠨ ᠡᠴᠠ ᠨᠠᠰᠢ᠂ ᠰᠤᠷᠭᠠᠭᠤᠯᠢ ᠶᠢᠨ ᠭᠦᠷᠢᠶᠡᠨ ᠳᠤ ᠬᠤᠪᠢᠷᠠᠭᠰᠠᠨ ᠭᠡᠮᠡᠷ ᠪᠣᠳᠠᠳᠠᠢ ᠶᠠᠭᠤᠮ᠎ᠠ ᠠᠯᠠᠭ᠎ᠠ᠃ ᠵᠥᠪᠭᠡᠨ ᠡᠯ᠎ᠡ ᠵᠠᠭᠤᠴᠢᠯᠠᠭᠤᠷ ᠤᠨ ᠭᠢᠨᠢ ᠭᠡᠢ ᠬᠤᠭᠤᠰᠤᠨ ᠣᠬᠠᠭᠤᠯᠭ᠎ᠠ ᠯᠠ ᠦᠨᠡᠨ ᠪᠣᠳᠠᠳᠠᠢ ᠡᠴᠠ ᠭᠡᠳᠤ ᠳᠠᠪᠠᠭᠰᠠᠨ ᠬᠠᠷᠠᠭᠳᠠᠨ᠎ᠠ᠃ ᠮᠠᠨ ᠤ ᠭᠢᠨᠢ 《ᠬᠠᠷᠢᠯᠴᠠᠨ ᠬᠠᠭᠤᠷᠴᠤ ᠬᠠᠷᠢᠯᠴᠠᠨ ᠥᠯᠢᠶᠡᠭᠦ》 ᠶ᠋ᠢ ᠮᠡᠳᠡᠭᠦ ᠦᠭᠡᠶ ᠪᠢᠰᠢ ᠳ᠋ᠠ ︕ ᠭᠡᠭᠦ ᠳᠤ ᠡᠢ᠌ᠡᠭᠦ ᠦᠨᠳᠦᠰᠦᠳᠠᠨ ᠤ ᠭᠦᠭ᠍ᠵᠢᠯ ᠪᠠᠭᠤᠷᠠᠯ ᠥᠭᠡ ᠭᠡᠯᠡᠨ ᠤ ᠮᠠᠠᠳᠤᠯ ᠮᠥᠭᠦᠯ ᠲᠡᠶ ᠬᠤᠯᠪᠣᠭᠳᠠᠭᠰᠠᠨ ᠭᠦᠡᠳᠤ ᠠᠰᠠᠭᠤᠳᠠᠯ ᠳᠤ ᠶᠠᠮᠠᠷ ᠦᠷ᠎ᠡ ᠳ᠋ᠦ᠋ᠩ ᠠᠪᠴᠢᠷᠠᠬᠤ ᠶᠢ ᠪᠣᠳᠤᠯᠭᠢᠯᠠᠭᠰᠠᠨ ᠪᠣᠯ ᠦᠦ ︖

ᠮᠠᠨ ᠤ ᠪᠠᠭᠰᠢ ᠨᠡᠷ ᠮᠤᠩᠭ᠋ᠤᠯ ᠶᠢᠡᠷ ᠶᠠᠷᠢᠵᠤ ᠪᠢᠴᠢᠵᠤ ᠯᠠ ᠪᠠᠢ᠌ᠨ᠎ᠠ᠂ ᠥᠭᠡᠷ᠎ᠡ ᠬᠠᠮᠢᠭ᠎ᠠ ᠶᠠᠭᠠᠭᠢᠵᠤ ᠭᠡᠷᠡᠭᠯᠡᠵᠤ ᠪᠠᠢ᠌ᠭ᠎ᠠ ᠶᠢ ᠮᠡᠳᠡᠭᠦ ᠦᠭᠡᠶ ᠳ᠋ᠠ ︕

ᠣᠳᠤᠬᠠᠨ ᠳᠤ ᠮᠤᠩᠭ᠋ᠤᠯ ᠰᠤᠷᠤᠭᠴᠢᠳ ᠤᠨ ᠣᠩᠰᠢᠬᠤ ᠨᠤᠮ ᠰᠡᠳᠭᠦᠯ ᠪᠠᠰᠠ ᠯᠠ ᠬᠤᠮᠰᠠ᠂ ᠪᠣᠯᠪᠠᠰᠤᠷᠠᠯ ᠳᠠᠳᠤᠯᠭ᠎ᠠ ᠶᠢᠨ ᠰᠠᠳᠤᠪ ᠮᠦᠨ ᠬᠤᠪᠣᠷ᠂ ᠺᠤᠮᠫᠢᠦ᠋ᠲ᠋ᠧᠷ ᠰᠦᠯᠵᠢᠶᠠᠨ ᠳᠤ ᠴᠤ ᠮᠤᠩᠭ᠋ᠤᠯ ᠦᠰᠦᠭ᠌ ᠪᠢᠴᠢᠭ᠌ ᠤᠨ ᠭᠡᠷᠡᠭᠯᠡᠭᠡ ᠢᠪᠴᠤᠤ᠁ ᠮᠤᠩᠭ᠋ᠤᠯ ᠰᠢᠯᠦᠭ᠌ ᠳᠠᠭᠤᠤ ᠶᠠᠷᠢᠶ᠎ᠠ ᠢᠯᠡᠳᠭᠡᠯ ᠤᠨ ᠣᠷᠤᠯᠳᠤᠭᠠᠨ ᠭᠢᠵᠤ ᠪᠠᠢ᠌ᠨ᠎ᠠ᠂ ᠭᠡᠳᠡᠯ᠎ᠡ ᠡᠨᠡ ᠪᠦᠭᠦᠨ ᠨᠢ ᠮᠤᠩᠭ᠋ᠤᠯ ᠥᠭᠡ ᠭᠡᠯᠡ ᠦᠰᠦᠭ᠌ ᠪᠢᠴᠢᠭ᠌ ᠶᠢᠡᠨ ᠰᠠᠢ᠌ᠨ ᠰᠤᠷᠴᠤ ᠭᠡᠷᠡᠭᠯᠡᠵᠤ ᠪᠠᠢ᠌ᠭ᠎ᠠ ᠶᠠᠪᠣᠳᠠᠯ ᠦᠦ ︖ ᠪᠣᠤ ᠮᠠᠳᠠ ︕

ᠪᠢᠳᠠ ᠡᠭᠡ ᠭᠡᠯᠡᠨ ᠤ ᠪᠠᠨ ᠥᠭᠡᠳᠡᠯ ᠭᠦᠭ᠍ᠵᠢᠯ ᠢ ᠣᠯᠵᠤ ᠬᠠᠷᠠᠬᠤ ᠪᠠᠷ ᠪᠠᠷᠠᠬᠤ ᠦᠭᠡᠶ᠂ ᠳᠤᠯᠢᠮᠠᠭ ᠳᠤᠷᠭᠤᠨ ᠢ ᠴᠤ ᠳᠠᠨᠢᠵᠤ ᠮᠡᠳᠡᠭᠦ ᠴᠢᠬᠤᠯᠠ ᠲᠡᠶ᠃ ᠢᠩᠭᠢᠪᠠᠯ ᠰᠠ‍‌ᠶᠢ ᠬᠠᠷᠢᠭᠤᠴᠠᠯᠭᠠᠳᠤ ᠣᠪᠣᠷ ᠶᠢᠡᠷ ᠬᠤᠵᠢᠮ ᠢᠷᠡᠭᠡᠳᠦᠢ ᠳᠡᠭᠡᠨ ᠵᠦᠪ ᠬᠠᠠᠳᠤᠵᠤ ᠴᠢᠳᠠᠬᠤ ᠶᠤᠮ᠃

ᠡᠢ (ᠮᠠᠯᠴᠢᠨ)᠄ 《ᠳᠦᠷᠢᠮ》 ᠨᠡᠢ᠌ᠳᠡᠯᠡᠭ᠍ᠳᠡᠭᠦ ᠨᠢ ᠨᠡᠢ᠌ᠳᠡᠯᠡᠭ᠍ᠳᠡᠭ᠍ᠰᠡᠨ ᠪᠠᠢ᠌ᠨ᠎ᠠ᠂ ᠭᠡᠷᠡᠭ᠍ᠵᠢᠭᠦᠯᠵᠤ ᠪᠠᠢ᠌ᠭ᠎ᠠ ᠡᠰᠡᠭᠦ ᠶᠢ ᠭᠡᠨ ᠮᠡᠳᠡᠭᠦ ᠪᠢᠯᠠ ︖ ᠳᠡᠭᠡᠷ᠎ᠡ ᠡᠴᠠ ᠪᠠᠭᠤᠭᠰᠠᠨ ᠪᠢᠴᠢᠭ᠌ ᠵᠢᠭᠠᠪᠣᠷᠢ ᠴᠢᠨᠢ ᠪᠠᠰᠠ ᠯᠠ ᠭᠢᠳᠠᠤᠨ ᠭᠡᠪ ᠪᠠᠷ ᠶᠢᠡᠨ᠂ ᠮᠤᠩᠭ᠋ᠤᠯ ᠭᠡᠳᠤᠨ ᠳᠠᠷᠤᠭ᠎ᠠ ᠴᠢᠨᠢ ᠮᠦᠨ ᠯᠠ ᠭᠡᠯᠡ ᠪᠠᠨ ᠬᠤᠭᠤᠯᠵᠤ ᠭᠢᠳᠠᠤᠨ ᠪᠠᠷ ᠱᠤᠯᠤᠭᠤᠨᠠᠵᠤ ᠪᠠᠢ᠌ᠨ᠎ᠠ᠁ ᠴᠤᠬᠤᠮ ᠭᠡᠨ ᠨᠢ ᠭᠡᠨ ᠢ ᠪᠠᠨ ᠬᠠᠭᠤᠷᠴᠤ ᠪᠠᠢ᠌ᠭ᠎ᠠ ᠪᠣᠯ ᠡ ︖ ᠪᠣᠷᠠᠭᠨ ᠮᠢᠨᠢ ︕

ᠪᠢ ᠬᠡᠦᠬᠡᠳ ᠶᠢᠡᠨ ᠪᠦᠷ ᠮᠤᠩᠭ᠋ᠤᠯ ᠰᠤᠷᠭᠠᠭᠤᠯᠢ ᠳᠤ ᠰᠠᠭᠤᠯᠭᠠᠭᠰᠠᠨ᠃ ᠶᠡᠭᠡ ᠰᠤᠷᠭᠠᠭᠤᠯᠢ ᠳᠡᠭᠦᠰᠴᠢᠭᠡᠳ ᠠᠵᠢᠯ ᠠᠯᠪᠠ ᠭᠡᠵᠤ ᠣᠯᠳᠠᠬᠤ ᠦᠭᠡᠶ ᠭᠡᠷ ᠤᠨ ᠮᠤᠬᠤᠷ ᠰᠠᠭᠢᠵᠤ 《ᠮᠤᠩᠭ᠋ᠤᠯ ᠶᠢᠡᠷ ᠰᠤᠷᠤᠭᠰᠠᠤᠨ ᠢ ᠠᠪᠬᠤ ᠭᠠᠵᠠᠷ ᠲᠤᠢ᠌ᠯ ᠤᠨ ᠴᠥᠭᠡᠨ》 ᠭᠡᠵᠤ ᠠᠷᠭ᠎ᠠ ᠪᠠᠷᠠᠭᠳᠠᠨ ᠣᠴᠠᠭᠠᠷᠯᠠᠵᠤ ᠰᠠᠭᠤᠨ᠎ᠠ᠃ ᠵᠠᠷᠢᠮ ᠨᠢ ᠰᠢᠯᠭᠠᠭᠤᠯᠢ ᠪᠠᠷ ᠳᠠᠮᠵᠢᠨ ᠠᠵᠢᠯ ᠣᠯᠴᠢᠬᠠᠯ᠎ᠠ ᠭᠡᠭᠦ ᠶᠤᠮ᠂ ᠭᠡᠳᠡᠯ᠎ᠡ ᠭᠡᠳᠤ ᠨᠢ ᠳᠠᠢ᠌ᠮᠤ ᠳᠡᠭ᠍ᠷᠢ ᠶᠢᠨ ᠪᠣᠶᠠᠨ ᠲᠡᠶ ᠶᠤᠮ ᠪᠣᠢ᠂ ᠣᠯᠠᠩᠭᠢ ᠨᠢ ᠪᠠᠰᠠ ᠯᠠ ᠣᠷᠤᠬᠤ ᠭᠠᠵᠠᠷ ᠦᠭᠡᠶ ᠣᠷᠤᠩᠨᠠᠵᠤ ᠪᠠᠢ᠌ᠬᠤ ᠦᠭᠡᠶ ᠦᠦ ᠳ᠋ᠠ ︕ ᠰᠤᠷᠭᠠᠭᠤᠯᠢ ᠳᠤ ᠰᠠᠭᠤᠭ᠎ᠠ ᠬᠡᠦᠬᠡᠳ ᠲᠤ ᠡᠨᠡ ᠳᠠᠷᠠ ᠲᠡᠳᠬᠦᠮᠵᠢ ᠮᠦᠩᠭᠦ ᠭᠡᠵᠤ ᠥᠭ᠍ᠴᠤ ᠯᠠ ᠪᠣᠢ᠂ ᠡᠭᠦᠨ ᠤ ᠣᠷᠤᠨ ᠳᠤ ᠠᠵᠢᠯ ᠣᠯᠭᠤᠭᠠᠤᠨ ᠥᠭ᠍ᠴᠢᠭᠡᠪᠠᠯ ᠦᠨᠡᠩᠬᠦ ᠥᠭᠯᠢᠭᠡ ᠪᠣᠶᠠᠨ ᠤ ᠣᠢ᠌ᠯᠠᠰ ᠪᠣᠯᠬᠤ ᠨᠢ ᠡ ︕

ᠠᠢ᠂ ᠪᠢᠳᠠ ᠴᠢᠨᠢ ᠭᠡᠨ ᠳᠤ ᠭᠡᠯᠡᠭᠦ ᠶᠤᠮ ᠪᠣᠢ ︕ ᠮᠠᠨ ᠤ ᠮᠠᠯᠴᠢᠳ ᠭᠦᠭᠡᠷᠦᠭᠦᠢ ︕ ᠥᠭᠡ ᠭᠡᠯᠡ ᠦᠰᠦᠭ᠌ ᠪᠢᠴᠢᠭ᠌ ᠤᠨ ᠭᠢᠮᠤᠷᠠᠯ ᠡᠴᠠ ᠨᠤᠳᠤᠭ ᠪᠠᠯᠴᠢᠭᠡᠷ ᠤᠨ ᠡᠯᠡᠰᠦᠷᠭᠡᠭ᠍ᠵᠢᠯ ᠭᠡᠴᠡᠭᠦᠳᠡᠵᠤ ᠪᠠᠢ᠌ᠨ᠎ᠠ᠃ 《ᠵᠢᠯ ᠡᠴᠠ ᠵᠢᠯ ᠭᠠᠩ ᠵᠤᠳ᠂ ᠣᠨ ᠡᠴᠠ ᠣᠨ ᠡᠯᠡᠰᠤ ᠰᠢᠭᠤᠷᠭ᠎ᠠ》 ᠰᠢᠤ᠂ ᠳᠦᠷᠤᠯᠭᠢ ᠭᠡᠯᠡ ᠮᠢᠨᠢ ᠬᠠᠷ᠎ᠠ ᠰᠠᠯᠭᠢᠨ ᠳᠤ ᠬᠠᠮᠠᠬᠤᠤᠯ ᠰᠢᠭ ᠭᠡᠢ᠌ᠰᠤᠨ᠂ ᠬᠠᠭᠢᠷ ᠡᠯᠡᠰᠤᠨ ᠳᠤ ᠪᠣᠯᠠᠰᠢᠯᠠᠭᠳᠠᠵᠤ ᠪᠠᠢ᠌ᠭ᠎ᠠ ᠰᠢᠭ ᠪᠣᠳᠤᠭᠳᠠᠬᠤ ᠶᠤᠮ᠃ ᠪᠠᠢ᠌ᠭᠠᠯᠢ ᠣᠷᠴᠢᠨ ᠤ ᠭᠠᠢ ᠭᠠᠮᠰᠢᠭ ᠲᠤ ᠨᠤᠭᠤᠴᠠᠭᠳᠠᠭᠰᠠᠨ ᠳᠠᠯ᠎ᠠ ᠨᠤᠳᠤᠭ ᠬᠤᠯᠤᠭᠠᠨ᠎ᠠ ᠵᠤᠷᠠᠮ᠎ᠠ ᠰᠥᠢᠳᠭᠡᠭᠡᠳ ᠭᠦᠷᠳᠡᠯ᠎ᠡ ᠳᠠᠭᠠᠭᠠᠬᠤ ᠦᠭᠡᠶ ᠬᠤᠪᠠᠬᠠᠢ᠌ᠷᠠᠳᠠᠭ ᠡᠮᠵᠡᠭ᠌ ᠬᠣᠢ᠌ᠨ᠎ᠠ ᠡᠨᠡ ᠣᠯᠠᠨ ᠵᠡᠷᠯᠢᠭ᠌ ᠠᠮᠢᠳᠠᠤᠨ ᠤᠨ ᠳᠠᠮᠤᠷ ᠰᠠᠪᠠᠷ ᠲᠤ ᠶᠠᠭᠠᠭᠢᠵᠤ ᠳᠡᠰᠭᠦ ᠶᠤᠮ ᠳ᠋ᠠ ︖ ᠨᠤᠳᠤᠭ ᠪᠠᠯᠴᠢᠭᠡᠷ ᠳᠠᠴᠢᠷᠳᠠᠵᠤ ᠡᠯᠡᠰᠦᠷᠭᠡᠭ᠍ᠵᠢᠭᠦ ᠨᠢ ᠮᠠᠯ ᠰᠦᠷᠦᠭ᠌ ᠤᠨ ᠣᠷᠰᠢᠭ ᠭᠡᠳ ᠮᠢᠩᠭ᠋ᠠᠨ ᠣᠨ ᠨᠡᠭᠦᠳᠡᠯᠯᠡᠵᠤ ᠢᠷᠡᠭ᠍ᠰᠡᠨ ᠰᠦᠷᠦᠭ᠌ ᠢ ᠮᠢᠨᠢ ᠬᠠᠰᠢᠶᠠᠯᠠᠨ ᠮᠠᠯᠵᠢᠭᠤᠯᠤᠯ᠎ᠠ᠂ ᠳᠠᠭᠠᠴᠠ ᠨᠢ ᠭᠡᠳᠦᠷᠡᠭ᠍ᠰᠡᠨ ᠭᠡᠮᠡᠨ ᠳᠤᠭ᠎ᠠ ᠶᠢ ᠨᠢ ᠬᠠᠰᠤᠯ᠎ᠠ᠂ ᠣᠳᠤ ᠪᠢᠳᠡᠭᠦᠮᠵᠢᠯᠡᠨ ᠰᠢᠯᠵᠢᠭᠦᠯᠦᠯ᠎ᠡ᠁ ᠳᠡᠭᠡᠭᠦᠨ ᠳᠠᠷᠠ ᠣᠯᠠᠨ ᠠᠭᠤᠷᠬᠠᠢ ᠮᠠᠯᠳᠠᠵᠤ ᠪᠠᠢ᠌ᠭ᠎ᠠ ᠨᠢ ᠨᠤᠳᠤᠭ ᠣᠰᠤ ᠶᠢ ᠮᠢᠨᠢ ᠣᠤᠯ ᠭᠡᠪ ᠳᠤᠨᠢ ᠣᠷᠤᠭᠤᠯᠵᠤ ᠦᠭ‍ᠭᠦ ᠪᠠᠢ᠌ᠯᠭᠦᠢ ︕ ᠪᠢᠳᠠ ᠴᠤ ᠶᠠᠭᠠᠭᠢᠬᠤᠪ ᠳ᠋ᠠ᠂ ᠭᠦᠭᠡᠷᠦᠭᠦᠢ ᠦᠷ᠎ᠡ ᠬᠡᠦᠬᠡᠳ ᠮᠢᠨᠢ ᠬᠤᠵᠢᠮ ᠨᠤᠳᠤᠭ ᠭᠡᠵᠤ ᠪᠠᠢ᠌ᠬᠤ ᠦᠭᠡᠶ᠂ ᠡᠳ᠋ ᠠᠭᠤᠷᠰᠤᠨ ᠭᠡᠵᠤ ᠪᠠᠢ᠌ᠬᠤ ᠦᠭᠡᠶ ᠬᠠᠮᠢᠭ᠎ᠠ ᠣᠴᠢᠵᠤ ᠬᠠᠷ᠎ᠠ ᠳᠤᠯᠤᠭᠠᠢ ᠪᠠᠨ ᠬᠠᠪᠴᠢᠭᠤᠯᠬᠤ ᠪᠣᠯ ︖

ᠪᠢ ᠶᠠᠷᠢᠯᠴᠠᠨ ᠰᠤᠷᠪᠣᠯᠵᠢᠯᠠᠬᠤ ᠳᠤᠮᠳᠠ ᠮᠤᠩᠭ᠋ᠤᠯ ᠬᠡᠦᠬᠡᠳ ᠤᠨ ᠴᠡᠴᠡᠷᠯᠢᠭ᠌ ᠤᠨ ᠬᠡᠦᠬᠡᠳ ᠣᠯᠠᠨ ᠪᠣᠯᠵᠤ ᠪᠠᠢ᠌ᠭ᠎ᠠ ᠵᠢᠴᠢ ᠮᠤᠩᠭ᠋ᠤᠯ ᠪᠠᠭ᠎ᠠ ᠰᠤᠷᠭᠠᠭᠤᠯᠢ ᠳᠤ ᠭᠢᠳᠠᠤᠨ ᠴᠡᠴᠡᠷᠯᠢᠭ᠌ ᠡᠴᠠ ᠳᠡᠭᠦᠰᠦᠭ᠍ᠰᠡᠨ ᠠᠷᠪᠠᠭᠠᠤᠨ ᠬᠡᠦᠬᠡᠳ ᠢᠷᠡᠭ᠍ᠰᠡᠨ ᠰᠠᠢ᠌ᠬᠠᠨ ᠰᠤᠷᠠᠭ ᠳᠤᠭᠤᠯᠠᠭᠠᠤᠨ ᠰᠡᠳᠭᠢᠯ ᠤᠨ ᠭᠦᠨ᠎ᠡ ᠠᠯᠭᠠᠰᠠᠨ ᠪᠠᠶᠠᠷᠯᠠᠵᠤ᠂ ᠰᠤᠷᠤᠭᠴᠢ ᠴᠥᠭᠡᠷᠡᠵᠤ ᠪᠦᠭᠦᠢ ᠮᠤᠩᠭ᠋ᠤᠯ ᠰᠤᠷᠭᠠᠭᠤᠯᠢ ᠶᠢᠨ ᠮᠠᠷᠭᠠᠰᠢ ᠶᠢᠨ ᠨᠠᠷᠠᠨ ᠮᠠᠠᠳᠤᠬᠤ ᠪᠣᠯᠬᠤ ᠨᠢ ᠡ ᠭᠡᠵᠤ ᠵᠠᠯᠪᠢᠷᠠᠨ ᠳᠠᠭᠠᠳᠬᠠᠪᠠ᠃

《ᠳᠦᠷᠢᠮ》 ᠊ᠤᠨ ᠨᠥᠯᠦᠭᠡ ᠳᠤᠰᠬᠠᠯ ᠥᠭᠡᠷ᠎ᠡ ᠪᠠᠰᠠ ᠶᠠᠭᠤ ᠪᠠᠢ᠌ᠭ᠎ᠠ ᠪᠣᠯ ︖ ᠪᠣᠳᠠᠳᠤ ᠠᠬᠤᠢ ᠳᠤ ᠮᠤᠩᠭ᠋ᠤᠯ ᠰᠤᠷᠭᠠᠭᠤᠯᠢ᠂ ᠮᠤᠩᠭ᠋ᠤᠯ ᠰᠤᠨᠢᠨ ᠰᠡᠳᠭᠦᠯ᠂ ᠮᠤᠩᠭ᠋ᠤᠯ ᠷᠠᠳᠢᠤ᠋ ᠳᠸᠯᠸᠢᠰ ᠡᠴᠠ ᠭᠠᠳᠠᠨ᠎ᠠ ᠠᠯᠢ ᠪᠠᠢ᠌ᠭᠤᠯᠤᠯᠭ᠎ᠠ ᠨᠢᠭᠡᠴᠡ ᠨᠢ ᠮᠤᠩᠭ᠋ᠤᠯ ᠦᠰᠦᠭ᠌ ᠪᠢᠴᠢᠭ᠌ ᠢ ᠦᠨᠡᠩᠬᠦ ᠭᠡᠷᠡᠭ᠍ᠵᠢᠭᠦᠯᠵᠤ ᠪᠠᠢ᠌ᠭ᠎ᠠ ᠪᠣᠯ ︖ ᠮᠤᠩᠭ᠋ᠤᠯ ᠰᠤᠶᠤᠯ ᠮᠤᠩᠭ᠋ᠤᠯ ᠥᠭᠡ ᠭᠡᠯᠡ ᠦᠰᠦᠭ᠌ ᠪᠢᠴᠢᠭ᠌ ᠭᠡᠵᠤ ᠵᠢᠳᠭᠦᠵᠤ ᠪᠠᠢ᠌ᠭ᠎ᠠ ᠨᠢ ᠵᠥᠪᠭᠡᠨ ᠡᠳ᠋ ᠮᠦᠩᠭᠦ ᠦᠭᠡᠶ᠂ ᠡᠷᠭᠡ ᠵᠡᠷᠭᠡ ᠦᠭᠡᠶ ᠡᠭᠡᠯ ᠵᠢᠷ ᠤᠨ 《ᠶᠠᠳᠠᠭᠤᠴᠤᠳ》 ᠯᠠ ᠪᠢᠰᠢᠤ ︖

ᠵᠡᠭᠡᠯᠢ ᠵᠠᠬ᠎ᠠ ᠶᠢᠨ ᠫᠠᠢ᠌ᠰᠠ ᠢᠯᠡᠷᠭᠡᠢ᠌ᠯᠡᠯ ᠳᠤ ᠮᠤᠩᠭ᠋ᠤᠯ ᠦᠰᠦᠭ᠌ ᠮᠢᠨᠢ ᠬᠠᠤᠯᠢ ᠶᠤᠰᠤᠨ ᠤ ᠣᠷᠤᠨ ᠵᠠᠢ ᠪᠠᠨ ᠣᠯᠤᠭᠰᠠᠨ ᠪᠣᠯᠪᠠᠴᠤ ᠣᠷᠴᠢᠭᠤᠯᠭ᠎ᠠ ᠪᠣᠷᠤᠭᠤ᠂ ᠪᠢᠴᠢᠯᠭᠡ ᠳᠠᠰᠢᠶ᠎ᠠ᠂ ᠪᠠᠢ᠌ᠷᠢ ᠰᠤᠯᠢᠭᠤ᠂ ᠭᠡᠮ ᠳᠤᠩᠭ᠋ᠤᠷᠤᠤ ᠥᠵᠡᠭ᠍ᠳᠡᠯ ᠵᠥᠩᠳᠡᠭᠡᠨ ᠬᠠᠷᠠᠭᠳᠠᠨ᠎ᠠ᠃ ᠠᠯᠪᠠ ᠵᠠᠰᠠᠭ ᠤᠨ ᠬᠤᠷᠠᠯ ᠬᠤᠢ ᠳᠤ ᠮᠤᠩᠭ᠋ᠤᠯ ᠦᠰᠦᠭ᠌ ᠪᠢᠴᠢᠭ᠌ ᠬᠠᠷᠠᠭᠳᠠᠵᠤ ᠮᠤᠩᠭ᠋ᠤᠯ ᠶᠠᠷᠢᠶ᠎ᠠ ᠢᠯᠡᠳᠭᠡᠯ ᠰᠤᠨᠤᠰᠳᠠᠬᠤ ᠨᠢ ᠪᠠᠰᠠ ᠯᠠ 《ᠡᠳᠦᠷ ᠤᠨ ᠣᠳᠤ》 ᠰᠢᠭ᠌ ᠪᠠᠢ᠌ᠭᠰᠠᠭᠠᠷ᠁

ᠠᠯᠪᠠᠨ ᠳᠠᠮᠠᠭ᠎ᠠ ᠲᠡᠶ 《ᠳᠦᠷᠢᠮ》 ᠭᠡᠵᠤ ᠨᠡᠢ᠌ᠳᠡᠯᠡᠭ᠍ᠳᠡᠭ᠍ᠰᠡᠨ ᠬᠣᠢ᠌ᠨ᠎ᠠ᠂ ᠡᠯ᠎ᠡ ᠱᠠᠳᠤᠨ ᠤ ᠨᠠᠮ ᠵᠠᠰᠠᠭ ᠡᠷᠡᠰ ᠨᠠᠢ᠌ᠳᠠᠪᠣᠷᠢᠵᠢᠭᠤᠯᠤᠨ ᠭᠡᠷᠡᠭ᠍ᠵᠢᠭᠦᠯᠪᠠᠯ ᠳᠠᠭᠠᠷᠠᠨ᠎ᠠ᠂ ᠣᠠᠴᠠᠭᠠᠢ᠌ᠯᠠᠨ ᠮᠤᠩᠭ᠋ᠤᠯ ᠣᠳᠤᠷᠢᠳᠤᠯᠭ᠎ᠠ ᠨᠡᠷ ᠦᠪᠡᠷ ᠤᠨ ᠬᠠᠷᠢᠭᠤᠴᠠᠯᠭᠠᠳᠤ ᠰᠡᠳᠬᠢᠯᠭᠡ ᠣᠬᠠᠮᠰᠠᠷᠳᠤ ᠣᠪᠣᠷ ᠶᠢᠡᠷ ᠦᠨᠳᠦᠰᠦᠳᠠᠨ ᠶᠠᠰᠤᠳᠠᠨ ᠤ ᠦᠷᠨᠢᠯ ᠭᠦᠭ᠍ᠵᠢᠯ ᠥᠭᠡᠳᠡᠯ ᠮᠠᠠᠳᠤᠯ ᠤᠨ ᠲᠦᠯᠦᠭᠡ᠂ ᠣᠯᠠᠨ ᠲᠦᠮᠡᠨ ᠳᠤ ᠭᠡᠪ ᠳᠠᠭᠤᠷᠢᠶᠠᠯ ᠪᠣᠯᠬᠤ ᠴᠢᠬᠤᠯᠠ ᠲᠡᠶ ᠪᠦᠭᠡᠳ ᠵᠤᠷᠢᠭ ᠲᠡᠶ ᠪᠠᠷ ᠳᠠᠮᠵᠢᠨ ᠳᠤᠰᠠᠯᠠᠪᠠᠯ ᠵᠤᠭᠢᠨ᠎ᠠ᠃

ᠭᠦᠮᠤᠨ ᠨᠡᠢ᠌ᠭᠡᠮ ᠭᠡᠭ᠍ᠴᠢ ᠭᠦᠰᠡᠭᠦᠢᠴᠢ ᠰᠠᠳᠭᠢᠨ ᠠᠬᠤᠢ᠌ᠴᠢ ᠣᠷᠤᠰᠢᠬᠤ ᠶᠢᠨ ᠣᠴᠢᠷ᠂ ᠪᠢᠳᠠ ᠮᠤᠩᠭ᠋ᠤᠯ ᠥᠭᠡ ᠭᠡᠯᠡ ᠦᠰᠦᠭ᠌ ᠪᠢᠴᠢᠭ᠌ ᠤᠨ ᠦᠴᠦᠭᠡᠳᠦᠷ ᠦᠨᠦᠳᠤᠷ ᠮᠠᠷᠭᠠᠰᠢ ᠶᠢᠨ ᠰᠠᠢ᠌ᠨ ᠰᠠᠢ᠌ᠬᠠᠨ ᠳᠤ ᠢᠳᠡᠭᠡᠯ ᠭᠦᠰᠡᠯ ᠲᠡᠶ ᠪᠠᠢ᠌ᠬᠤ ᠶᠢᠨ ᠬᠠᠮᠳᠤ ᠣᠷᠤᠰᠢᠵᠤ ᠪᠦᠭᠦᠢ ᠡᠮᠵᠡᠭ᠌ ᠨᠠᠵᠠᠭᠠᠢ ᠶᠢ ᠴᠤ ᠵᠤᠷᠢᠭᠳᠠᠢ ᠣᠯᠵᠤ ᠬᠠᠷᠠᠬᠤ ᠭᠡᠷᠡᠭ᠍ᠳᠡᠢ ᠠᠵᠢ᠃ ᠡᠰᠡᠪᠠᠯ ᠪᠣᠳᠠᠳᠠᠢ ᠡᠴᠠ ᠰᠠᠯᠤᠭᠰᠠᠨ ᠦᠷᠦᠭᠡᠰᠦᠯ 《ᠭᠦᠭᠡᠷᠭᠡᠳᠡᠯ》 ᠪᠣᠯᠬᠤ ᠶᠤᠮ᠃

《ᠳᠦᠷᠢᠮ》 ᠮᠢᠨᠢ ᠮᠥᠩᠭᠡ ᠪᠣᠰᠤᠭ᠎ᠠ ᠭᠡᠯᠡᠨ ᠳᠤ ᠦᠨᠡᠩᠬᠦ ᠳᠦᠰᠢᠭ᠌ ᠳᠤᠯᠭᠠᠭᠤᠷᠢ ᠪᠣᠯᠵᠤ᠂ ᠡᠰᠨᠢᠯ ᠪᠠᠳᠠᠷᠠᠯ ᠤᠨ ᠠᠤᠭ᠎ᠠ ᠣᠢ᠌ᠯᠠᠰ ᠲᠤ ᠳᠤᠯᠭ᠎ᠠ ᠶᠢᠨ ᠭᠠᠯ ᠪᠣᠯᠤᠨ ᠳᠦᠷᠡᠯᠵᠢᠳᠦᠭᠡᠢ ︕


ᠵᠤᠬᠢᠶᠠᠭᠴᠢ ᠶᠢᠨ ᠬᠠ‍‌ᠶᠢᠭ ᠄ ᠠᠪᠠᠭ᠎ᠠ ᠬᠤᠰᠢᠭᠤᠨ ᠤ ᠦᠨᠳᠦᠰᠦᠳᠠᠨ ᠤ ᠶᠡᠷᠦᠩᠭᠡᠢ᠌ᠯᠡᠭ᠍ᠰᠡᠨ ᠳᠡᠭᠡᠳᠤ ᠳᠤᠮᠳᠠᠳᠤ

ᠵᠤᠬᠢᠶᠠᠭᠴᠢ᠄ ᠪᠠᠶᠠᠭᠤᠳ ᠬᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 50636
ᠴᠠᠭ᠄ 2012 ᠤᠨ ᠤ 05 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ