《ᠭᠡᠰᠡᠷ ᠤᠨ ᠳᠤᠭᠤᠵᠢ》 ᠡᠴᠡ ᠳᠤᠯᠢᠬᠠᠨ ᠳᠠᠨᠢᠯᠴᠠᠭᠤᠯᠬᠤ ᠨᠢ

《ᠭᠡᠰᠡᠷ ᠤᠨ ᠳᠤᠭᠤᠵᠢ》 ᠳᠤ ᠭᠡᠰᠡᠷ ᠪᠠᠭᠠᠳᠤᠷ ᠤᠨ ᠠᠮᠢᠳᠤᠷᠠᠯ ᠳᠠᠮᠠᠴᠠᠯ ᠢ ᠪᠢᠴᠢᠭᠦ ᠪᠠᠷ ᠳᠠᠮᠵᠢᠭᠤᠯᠵᠤ ᠡᠷᠳᠡᠨ ᠤ ᠦᠶ᠎ᠡ ᠶᠢᠨ ᠭᠦᠳᠡᠯᠮᠦᠷᠢᠴᠢᠨ ᠠᠷᠠᠤᠨ ᠲᠦᠮᠡᠨ ᠤ ᠪᠠᠢ᠌ᠭᠠᠯᠢ ᠶ‍ᠢᠷᠳᠢᠠᠴᠤ ᠪᠠ ᠣᠢ᠌ᠯᠠᠳᠪᠣᠷᠢᠯᠠᠯ ᠤᠨ ᠳᠠᠮᠠᠴᠠᠯ ᠳ᠋ᠠᠭᠢ ᠪᠠᠭᠠᠳᠤᠷᠯᠢᠭ ᠵᠠᠩ ᠴᠢᠨᠠᠷ ᠪᠣᠯᠤᠨ ᠪᠠᠶᠠᠰᠤᠩᠭ᠋ᠤᠢ ᠵᠤᠷᠢᠭ ᠰᠠᠨᠠᠭ᠎ᠠ ᠶᠢ ᠬᠠᠷᠠᠭᠤᠯᠤᠭᠰᠠᠨ ᠪᠠᠢ᠌ᠨ᠎ᠠ᠃ ᠵᠤᠬᠢᠶᠠᠯ ᠳᠤ ᠭᠠᠷᠴᠤ ᠪᠠᠢ᠌ᠭ᠎ᠠ ᠪᠠᠭᠠᠳᠤᠷ ᠭᠦᠮᠦᠰ ᠪᠣᠯᠤᠨ ᠥᠷᠭᠡᠨ ᠣᠯᠠᠨ ᠠᠷᠠᠤᠨ ᠲᠦᠮᠡᠨ ᠨᠢ ᠬᠤᠪᠢ ᠵᠠᠶᠠᠭ᠎ᠠ ᠪᠣᠯᠤᠨ ᠪᠠᠢ᠌ᠭᠠᠯᠢ ᠶᠢᠨ ᠭᠦᠴᠤᠨ ᠤ ᠡᠮᠦᠨ᠎ᠡ ᠡᠪᠦᠳᠦᠭ᠌ ᠨᠤᠭᠤᠷᠠᠳᠠᠭ ᠪᠣᠭᠤᠯ ᠪᠢᠰᠢ᠂ ᠬᠠᠷᠢᠨ ᠡᠭᠦᠳᠤᠨ ᠪᠦᠳᠦᠭᠡᠭᠦ ᠵᠤᠷᠢᠭ ᠰᠠᠨᠠᠭ᠎ᠠ ᠳᠡᠭᠦᠯᠳᠡᠷ ᠪᠣᠳᠠᠰᠴᠢ ᠶ‍ᠢᠷᠳᠢᠠᠴᠤ ᠶᠢᠨ ᠡᠵᠡᠨ ᠪᠣᠯᠤᠨ᠎ᠠ᠃ ᠪᠠᠭᠡᠵᠢᠩ ᠪᠠᠷ ᠤᠨ ᠭᠡᠰᠡᠷ ᠤᠨ ᠳᠤᠭᠤᠵᠢ ᠶᠢᠨ ᠳᠡᠷᠢᠭᠦᠨ ᠪᠦᠯᠦᠭ᠌ ᠲᠤ᠂ ᠭᠡᠰᠡᠷ ᠤᠨ ᠭᠤᠷᠪᠠᠬᠠᠨ ᠨᠠᠰᠤᠳᠠᠢ ᠳᠠᠭᠠᠨ ᠬᠤᠯᠤᠭᠠᠨ᠎ᠠ ᠶᠢᠨ ᠭᠢᠵᠢᠭ᠌ ᠢ ᠠᠯᠠᠵᠤ ᠠᠷᠠᠤᠨ ᠲᠦᠮᠡᠨ ᠤ ᠮᠠᠯᠵᠢᠬᠤ ᠪᠠᠯᠴᠢᠭᠡᠷ ᠢ ᠬᠠᠮᠠᠭᠠᠯᠠᠭᠰᠠᠨ ᠢ ᠪᠢᠴᠢᠵᠤ᠂ ᠳᠠᠪᠤᠨ ᠨᠠᠰᠤᠳᠠᠢ ᠳᠠᠭᠠᠨ ᠴᠤᠲᠤᠩ ᠤᠨ ᠭᠢᠬᠠᠯᠳᠠ ᠬᠠᠪᠴᠢᠯᠳᠠ ᠶᠢ ᠬᠠᠢ᠌ᠬᠤᠷᠤᠯ ᠦᠭᠡᠶ ᠡᠩᠭᠡᠯᠢᠭ᠌ ᠤᠨ ᠡᠯᠡᠰᠤᠨ ᠳᠡᠭᠡᠷ᠎ᠡ ᠥᠵᠡᠰᠭᠦᠯᠡᠩᠳᠤ ᠣᠷᠳᠤᠨ ᠢ ᠪᠠᠢ᠌ᠭᠤᠯᠵᠤ᠂ ᠨᠤᠮᠢᠨ ᠨᠤᠭᠤᠭᠠᠨ ᠳᠠᠯᠠᠢ ᠶᠢ ᠳᠠᠳᠠᠨ ᠣᠷᠤᠭᠤᠯᠵᠤ᠂ ᠵᠤᠯ ᠵᠢᠷᠭᠠᠯ ᠲᠡᠶ ᠪᠠᠶᠠᠰᠬᠤᠯᠠᠩᠳᠤ ᠭᠦᠷᠢᠶᠡᠯᠡᠩ ᠪᠣᠯᠭᠠᠭᠰᠠᠨ ᠪᠠᠢ᠌ᠨ᠎ᠠ᠃ ᠮᠤᠩᠭ᠋ᠤᠯ ᠤᠨ ᠯᠢᠩ ᠭᠡᠰᠡᠷ ᠲᠤ᠂ ᠠᠷᠠᠤᠨ ᠲᠦᠮᠡᠨ ᠭᠡᠰᠡᠷ ᠢ ᠦᠪᠡᠷᠰᠠᠤᠨ ᠤᠨ ᠶᠢᠡᠨ ᠡᠷᠭᠡ ᠠᠰᠢᠭ ᠤᠨ ᠳᠦᠯᠦᠭᠡ ᠳᠡᠮᠡᠴᠡᠭ᠍ᠴᠢ ᠪᠠᠷ ᠥᠵᠡᠳᠡᠭ᠌᠃ ᠭᠡᠰᠡᠷ ᠲᠡᠶ ᠲᠤᠬᠢᠶᠠᠯᠳᠤᠭᠰᠠᠨ ᠨᠢᠭᠡᠨ ᠡᠪᠦᠭᠡᠨ ᠡᠴᠡ᠄ 《ᠦᠨᠳᠦᠷ ᠣᠮᠤᠭᠳᠠᠨ ᠤ ᠰᠢᠯᠢ ᠶᠢ ᠳᠠᠷᠤᠵᠤ᠂ ᠥᠴᠦᠭᠡᠨ ᠳᠤᠤᠷᠠᠳᠤᠰ ᠢ ᠳᠡᠩᠭᠡᠷᠡᠭᠦᠯᠭᠦ ᠳᠦᠰᠢᠭ᠌ ᠪᠤᠯᠤᠨ᠂ ᠠᠯᠪᠠᠳᠤ ᠬᠠᠷᠠᠯᠢᠭ ᠤᠨ ᠰᠠᠨᠠᠭ᠎ᠠ ᠶᠢ ᠣᠯᠵᠤ᠂ ᠣᠯᠠᠨ ᠬᠠᠷ᠎ᠠ ᠳᠤᠯᠤᠭᠠᠢ᠌ᠳᠠᠨ ᠤ ᠬᠠᠭᠠᠨ ᠪᠣᠯᠤᠨ ᠰᠤᠶᠤᠷᠬ᠎ᠠ》 ᠭᠡᠵᠤ ᠭᠦᠰᠡᠵᠤ ᠪᠢᠯᠠ᠃ ᠭᠡᠰᠡᠷ ᠮᠦᠨ ᠦᠪᠡᠷ ᠢ ᠪᠠᠨ᠄ 《ᠪᠢ ᠢᠨᠤ ᠬᠠᠷ᠎ᠠ ᠳᠤᠯᠤᠭᠠᠢ᠌ᠳᠤ ᠭᠦᠮᠤᠨ ᠤ ᠬᠠᠭᠠᠨ᠂ ᠬᠠᠮᠤᠭ ᠳᠦᠷᠢᠮᠡᠭᠡᠢ᠌ᠳᠡᠨ ᠤ ᠰᠢᠯᠢ ᠶᠢ ᠳᠠᠷᠤᠭᠴᠢ ᠮᠦᠨ》 ᠭᠡᠵᠤ ᠭᠡᠯᠡᠳᠡᠭ᠌᠃ ᠭᠡᠰᠡᠷ ᠪᠠᠭᠠᠳᠤᠷ ᠬᠠᠷᠬᠠᠨ ᠪᠠᠭ᠎ᠠ ᠡᠴᠡ ᠪᠠᠨ ᠠᠪᠣᠭᠠᠤᠨ ᠡᠯ᠎ᠡ ᠵᠣᠢ᠌ᠯ ᠤᠨ ᠳᠠᠢ᠌ᠰᠤᠨ ᠲᠡᠶ ᠡᠷᠭᠢᠯᠳᠦᠨ ᠪᠠᠢ᠌ᠯᠳᠤᠵᠤ᠂ ᠶᠠᠷᠤ ᠡᠴᠡ ᠶᠠᠳᠠᠷᠠᠵᠤ ᠵᠥᠳᠡᠷᠡᠭᠦ ᠶᠢ ᠮᠡᠳᠡᠳᠡᠭ᠌ ᠦᠭᠡᠶ ᠬᠠᠳᠠᠭᠤ ᠵᠤᠷᠢᠭ ᠲᠡᠶ ᠪᠠᠢ᠌ᠳᠠᠭ ᠰᠠᠨ᠃ ᠳᠠᠷᠠ ᠳᠤᠭᠰᠢᠨ ᠳᠠᠢ᠌ᠰᠤᠨ ᠲᠡᠶ ᠬᠤᠤᠠᠬᠤᠯᠳᠤᠨ ᠪᠠᠢ᠌ᠯᠳᠤᠬᠤ ᠳᠠᠭᠠᠨ ᠭᠡᠵᠢᠶ᠎ᠡ ᠴᠤ ᠠᠶᠤᠨ ᠳᠦᠭ᠍ᠰᠢᠵᠤ ᠬᠣᠢ᠌ᠰᠢ ᠣᠬᠤᠷᠢᠬᠤ ᠦᠭᠡᠶ ᠣᠷᠤᠭᠰᠢᠯᠠᠨ ᠳᠠᠭᠠᠷᠢᠵᠤ ᠯᠠ ᠪᠠᠢ᠌ᠳᠠᠭ᠃

ᠭᠡᠰᠡᠷ ᠬᠠᠭᠠᠨ ᠪᠣᠯ ᠠᠷᠠᠤᠨ ᠲᠦᠮᠡᠨ ᠤ ᠭᠦᠰᠡᠯᠡᠩ ᠪᠠ ᠭᠦᠰᠡᠯ ᠰᠡᠳᠭᠢᠯ ᠤᠨ ᠪᠦᠷᠢᠯᠸ᠎ᠡ ᠶᠤᠮ᠂ ᠠᠷᠠᠤᠨ ᠲᠦᠮᠡᠨ ᠭᠦᠡᠳᠦᠳᠭᠡᠨ ᠪᠢᠰᠢᠷᠡᠭᠦ ᠰᠡᠳᠬᠢᠯᠭᠡ ᠪᠠᠷ ᠳᠡᠭᠦᠨ ᠢ ᠮᠠᠭᠳᠠᠨ ᠳᠠᠭᠤᠯᠠᠳᠠᠭ ᠪᠠᠢ᠌ᠨ᠎ᠠ᠃ ᠡᠭᠦᠨ ᠤ ᠡᠰᠡᠷᠭᠦ ᠳᠠᠯ᠎ᠠ ᠶᠢᠨ ᠪᠠᠭᠠᠳᠤᠷ ᠊᠊᠊᠊᠊᠊᠊᠊᠊᠊᠊᠊᠊᠊᠊ ᠴᠤᠲᠤᠩ ᠨᠤᠶᠠᠨ ᠢ ᠵᠤᠬᠢᠶᠠᠯ ᠳᠤ ᠠᠯᠢ ᠣᠯᠠᠨ ᠪᠣᠳᠠᠳᠤ ᠭᠡᠷᠡᠭ᠌ ᠶᠢᠡᠷ ᠳᠡᠭᠦᠨ ᠤ ᠪᠣᠵᠠᠷ ᠮᠠᠭᠤᠬᠠᠢ ᠣᠶᠤᠨ ᠰᠠᠨᠠᠭ᠎ᠠ ᠶᠢ ᠢᠯᠠᠴᠢᠯᠠᠵᠤ ᠬᠠᠢ᠌ᠷ᠎ᠠ ᠨᠠᠢ᠌ᠷ ᠦᠭᠡᠶ ᠳᠠᠰᠢᠭᠤᠷᠳᠠᠵᠤ ᠶᠦᠭᠡᠳᠡᠨ ᠬᠤᠱᠤᠩᠨᠠᠭᠰᠠᠨ ᠪᠠᠢ᠌ᠨ᠎ᠠ᠃ ᠵᠤᠬᠢᠶᠠᠯ ᠳᠤ ᠭᠠᠷᠴᠤ ᠪᠠᠢ᠌ᠭ᠎ᠠ ᠮᠠᠩᠭ᠋ᠤᠰ ᠪᠣᠯᠤᠨ ᠳᠠᠢ᠌ᠰᠤᠨ ᠡᠳᠡᠭᠡᠳ ᠨᠢ ᠨᠢᠭᠤᠷ ᠵᠢᠰᠤ ᠪᠣᠯᠤᠨ ᠳᠤᠳᠤᠭᠠᠳᠤ ᠰᠡᠳᠬᠢᠯᠭᠡ ᠪᠠᠷ ᠶᠢᠡᠨ ᠡᠭᠡᠭᠡ ᠠᠳᠠᠯᠢ ᠴᠦᠮ ᠭᠡᠷᠴᠡᠭᠡᠢ ᠮᠠᠭᠤᠬᠠᠢ ᠪᠦᠭᠡᠳ ᠠᠶᠤᠮᠰᠢᠭ ᠲᠡᠶ ᠪᠠᠢ᠌ᠳᠠᠭ᠃ ᠵᠦᠪ ᠳᠠᠯ᠎ᠠ ᠶᠢᠨ ᠪᠠᠭᠠᠳᠤᠷ ᠪᠣᠯ ᠨᠢᠭᠡ ᠨᠢᠭᠡ ᠪᠠᠷ ᠶᠢᠡᠨ ᠠᠰᠪᠣᠷᠢ ᠴᠠᠭᠠᠪᠣᠷ᠂ ᠡᠷᠡᠰ ᠬᠠᠳᠠᠭᠤ ᠵᠠᠩ ᠠᠭᠠᠯᠢ ᠲᠡᠶ ᠡᠷᠡᠴᠦᠳ ᠪᠣᠯᠤᠨ᠎ᠠ᠃ ᠶᠡᠷᠦᠩᠭᠡᠢ ᠳ᠋ᠤᠨᠢ ᠭᠡᠯᠪᠠᠯ 《ᠭᠡᠰᠡᠷ ᠤᠨ ᠳᠤᠭᠤᠵᠢ》 ᠶᠢᠨ ᠦᠵᠡᠯ ᠰᠠᠨᠠᠭᠠᠨ ᠤ ᠴᠢᠭᠯᠡᠯ ᠨᠢ ᠳᠤᠳᠤᠷᠬᠠᠢ᠂ ᠠᠷᠠᠤᠨ ᠲᠦᠮᠡᠨ ᠤ ᠵᠤᠭᠰᠤᠯᠳᠠ ᠳᠡᠭᠡᠷ᠎ᠡ ᠵᠤᠭᠰᠤᠵᠤ᠂ ᠦᠷᠦᠰᠢᠶᠠᠯ ᠵᠢᠷᠤᠮ ᠪᠣᠯᠤᠨ ᠬᠠᠷᠭᠢᠰ ᠭᠡᠷᠴᠡᠭᠡᠢ᠂ ᠭᠤᠸ᠎ᠠ ᠰᠠᠢ᠌ᠬᠠᠨ ᠪᠣᠯᠤᠨ ᠪᠣᠵᠠᠷ ᠮᠠᠭᠤᠬᠠᠢ ᠶᠢ ᠴᠢᠩᠭ᠋᠎ᠠ ᠢᠯᠭᠠᠨ ᠰᠠᠯᠭᠠᠭᠰᠠᠨ ᠪᠠᠢ᠌ᠨ᠎ᠠ᠃

《ᠭᠡᠰᠡᠷ ᠤᠨ ᠳᠤᠭᠤᠵᠢ》 ᠪᠣᠯ ᠮᠠᠨ ᠤ ᠦᠨᠳᠦᠰᠦᠳᠠᠨ ᠤ ᠦᠨ᠎ᠡ ᠴᠠᠨ᠎ᠠ ᠲᠡᠶ ᠣᠤᠠᠬ᠎ᠠ ᠵᠤᠬᠢᠶᠠᠯ ᠤᠨ ᠦᠪ ᠭᠦᠷᠦᠩᠭᠡ ᠮᠦᠨ᠃ ᠮᠤᠩᠭ᠋ᠤᠯ ᠤᠨ ᠠᠷᠠᠤᠨ ᠲᠦᠮᠡᠨ ᠤ ᠳᠤᠷ᠎ᠠ ᠪᠠᠬ᠎ᠠ ᠲᠡᠶ ᠭᠡᠯᠡᠳᠡᠭ᠌ ᠣᠯᠠᠮᠵᠢᠯᠠᠯᠳᠤ ᠥᠯᠢᠭᠡᠷ ᠤᠨ ᠨᠢᠭᠡ ᠶᠤᠮ᠃ ᠭᠣᠢ᠌ᠳᠠ ᠰᠠᠢ᠌ᠬᠠᠨ᠂ ᠰᠡᠳᠭᠢᠯ ᠭᠦᠳᠡᠯᠭᠡᠮ᠎ᠡ ᠥᠯᠢᠭᠡᠷ ᠨᠢ ᠭᠦᠮᠦᠰ ᠢ ᠰᠤᠷᠭᠠᠨ ᠭᠦᠮᠦᠵᠢᠭᠦᠯᠤᠨ᠂ ᠳᠡᠮᠡᠴᠡᠭᠦ ᠵᠤᠷᠢᠭ ᠢ ᠨᠢ ᠡᠷᠴᠢᠯᠡᠵᠤ᠂ ᠠᠮᠢᠳᠤᠷᠠᠯ ᠤᠨ ᠣᠷᠮ᠎ᠠ ᠵᠤᠷᠢᠭ ᠢ ᠨᠡᠮᠡᠭ᠍ᠳᠡᠭᠦᠯᠳᠡᠭ᠌ ᠪᠠᠢ᠌ᠨ᠎ᠠ᠃

《ᠭᠡᠰᠡᠷ ᠤᠨ ᠳᠤᠭᠤᠵᠢ》 ᠪᠣᠯ ᠠᠩᠬᠠᠨ ᠤ ᠠᠮᠠᠨ ᠵᠤᠬᠢᠶᠠᠯ ᠪᠢᠰᠢ ᠶᠤᠮ᠃ ᠳᠡᠭᠦᠨ ᠤ ᠵᠤᠬᠢᠶᠠᠭᠴᠢ ᠨᠢ ᠰᠢᠯᠦᠭ᠍ᠴᠢ ᠴᠣᠢ᠌ᠪᠠᠪᠠ ᠭᠡᠳᠡᠭ᠌ ᠪᠦᠭᠡᠳ ᠳᠠᠷᠠ ᠨᠢ ᠭᠡᠰᠡᠷ ᠬᠠᠭᠠᠨ ᠤ ᠦᠶ᠎ᠡ ᠳᠤ ᠪᠠᠢ᠌ᠭᠰᠠᠨ ᠰᠢᠯᠦᠭ᠍ᠴᠢ ᠪᠣᠯᠬᠤ ᠶᠢ ᠠᠯᠢ ᠣᠯᠠᠨ ᠪᠢᠴᠢᠭ᠌ ᠮᠠᠲ᠋ᠸᠷᠢᠶᠠᠯ ᠳᠤ ᠳᠤᠷᠡᠳᠴᠤ ᠪᠠᠢ᠌ᠨ᠎ᠠ᠃ ᠮᠠᠨ ᠤ ᠮᠤᠩᠭ᠋ᠤᠯ ᠤᠨ ᠠᠷᠠᠤᠨ ᠲᠦᠮᠡᠨ 《ᠭᠡᠰᠡᠷ ᠤᠨ ᠳᠤᠭᠤᠵᠢ》 ᠪᠠᠨ ᠡᠷᠳᠡᠨᠢᠨ ᠦᠵᠡᠵᠤ᠂ ᠣᠯᠠᠮᠵᠢᠯᠠᠨ ᠬᠠᠳᠠᠭᠠᠯᠠᠭᠰᠠᠭᠷ ᠢᠷᠡᠭ᠍ᠰᠡᠨ ᠶᠤᠮ᠃ ᠮᠦᠨ ᠴᠤ ᠲᠦᠪ ᠠᠽᠢᠶ᠎ᠠ ᠶᠢᠨ ᠠᠷᠠᠤᠨ ᠲᠦᠮᠡᠨ ᠤ ᠰᠤᠶᠤᠯ ᠤᠨ ᠦᠪ ᠭᠡᠮᠡᠭ᠍ᠳᠡᠭ᠍ᠰᠡᠨ ᠪᠠ ᠮᠤᠩᠭ᠋ᠤᠯ ᠤᠨ ᠡᠷᠳᠡᠨ ᠤ ᠣᠷᠠᠨ ᠵᠤᠬᠢᠶᠠᠯ ᠤᠨ ᠭᠤᠷᠪᠠᠨ ᠣᠷᠭᠢᠯ ᠤᠨ ᠨᠢᠭᠡ ᠨᠢ ᠪᠣᠯᠬᠤ 《ᠭᠡᠰᠡᠷ ᠤᠨ ᠳᠤᠭᠤᠵᠢ》 ᠪᠠᠨ ᠪᠢᠳᠠ ᠪᠦᠭᠦᠨ ᠣᠩᠰᠢᠵᠤ᠂ ᠰᠤᠳᠤᠯᠤᠨ᠂ ᠥᠩᠭᠡ ᠭᠡᠷᠡᠯ ᠢ ᠨᠢ ᠣᠯᠠᠮ ᠪᠠᠳᠠᠷᠠᠭᠤᠯᠠᠬᠤ ᠭᠡᠷᠡᠭ᠍ᠳᠡᠢ᠃


(ᠣᠷᠠᠨ ᠵᠤᠬᠢᠶᠠᠯ ᠤᠨ ᠳᠡᠦᠭᠡ ᠡᠴᠡ ᠱᠥᠭᠦᠪᠡ)

ᠢᠷᠡᠯᠲᠡ᠄ ᠮᠢ᠊·ᠨᠠᠷᠠᠨ ᠬᠠᠩᠭ᠋ᠠᠪᠠ
ᠬᠠᠷᠢᠶ᠎ᠠ᠄ ᠰᠤᠶᠤᠯ ᠣᠷᠠᠯᠢᠭ
ᠳᠠᠷᠤᠮ᠄ 6977
ᠴᠠᠭ᠄ 2009 ᠤᠨ ᠤ 01 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ