ᠲᠦᠰᠢᠶᠠᠳᠤ ᠮᠢᠨᠢ

ᠬᠤᠷᠢᠨ ᠭᠤᠷᠪᠠᠨ ᠤ ᠭᠠᠯ ᠳᠠᠭᠢᠬᠤ ᠠᠷᠢᠭᠤᠨ ᠰᠥᠵᠢᠭ᠌ ᠳᠠᠢ

ᠬᠤᠶᠠᠷ ᠶ‍ᠢᠰᠤ ᠶᠢᠨ ᠳᠡᠭ᠍ᠷᠢ ᠳᠠᠭᠢᠬᠤ ᠣᠩᠭ᠋ᠤᠳ ᠰᠢᠳᠦᠯᠭᠡ ᠲᠡᠶ

ᠬᠤᠤᠯᠢᠨ ᠤ ᠪᠠᠨ ᠣᠰᠤᠨ ᠳᠤ ᠬᠤᠨᠢ ᠮᠠᠯ ᠶᠢᠡᠨ ᠥᠷᠨᠢᠭᠦᠨ ᠥᠰᠭᠡᠭ᠍ᠰᠡᠨ

ᠬᠤᠭᠤᠷ ᠤᠨ ᠶᠢᠡᠨ ᠣᠳᠠᠰᠤᠨ ᠳᠤ ᠬᠤᠪᠳᠤᠯ ᠤᠨ ᠴᠤᠭᠢᠯᠭ᠎ᠠ ᠪᠠᠨ ᠣᠶᠠᠷᠠᠭᠤᠨ ᠡᠭᠡᠰᠢᠭ᠍ᠯᠡᠭᠦᠯᠦᠭ᠍ᠰᠡᠨ

ᠵᠠᠭᠠᠯ ᠤᠨ ᠥᠤᠷᠰᠡᠭᠡᠨ ᠳᠡᠭᠡᠨ ᠠᠮᠢᠯᠠᠭᠰᠠᠨ ᠬᠠᠨᠠᠳᠤ ᠭᠡᠷ ᠤᠨ ᠣᠳᠤᠮ

ᠵᠠᠪᠠ ᠶᠢᠨ ᠢᠰᠭᠡᠷᠭᠡᠨ ᠳᠡᠭᠡᠨ ᠢᠯᠭᠤᠭᠰᠠᠨ ᠬᠠᠪᠣᠳᠤ ᠬᠠᠰᠠᠷ ᠤᠨ ᠬᠣᠢ᠌ᠴᠢᠰ᠂

ᠵᠢᠷᠢᠮ ᠤᠨ ᠠᠭᠤᠯᠠᠨ ᠳᠠᠭᠠᠨ ᠴᠢᠭᠤᠯᠭᠠᠯᠠᠭᠰᠠᠨ ᠬᠤᠷᠴᠢᠨ ᠠᠢ᠌ᠮᠠᠭ ᠤᠨ ᠨᠤᠳᠤᠭ

ᠵᠠᠭᠤᠨ ᠤ ᠡᠯᠢᠭᠡᠨ ᠳᠡᠭᠡᠨ ᠴᠥᠯᠵᠢᠭ᠍ᠰᠡᠨ ᠳᠦᠰᠢᠶᠡᠳᠤ ᠶᠢᠨ ᠬᠠᠯᠠᠭᠤᠨ ᠰᠢᠷᠤᠢ᠃

ᠵᠢᠭᠤᠷᠠᠯᠳᠤᠨ ᠭᠢᠮᠤᠷᠠᠯᠳᠤᠭᠰᠠᠨ ᠭᠡᠳᠤᠨ ᠵᠠᠭᠤᠨ ᠤ ᠳᠡᠦᠭᠡ ᠵᠢ ᠣᠢ᠌ᠯᠠᠵᠤ

ᠵᠦᠷᠴᠢᠨ ᠤ ᠭᠡᠷᠡᠮ ᠤᠨ ᠪᠠᠭᠤᠷᠢ ᠶᠢᠨ ᠭᠦᠷᠡᠯ ᠳᠤᠯᠢ ᠭᠡᠪᠳᠡᠨ᠎ᠡ᠂

ᠵᠥᠯᠭᠡᠨ ᠤ ᠨᠠᠪᠴᠢᠰ ᠡᠴᠡ ᠪᠠᠭᠠᠳᠤᠷ ᠤᠳ ᠤᠨ ᠴᠢᠰᠤᠨ ᠦᠨᠦᠷ ᠬᠠᠩᠬᠤᠯᠠᠬᠤ

ᠵᠤᠷᠪᠣᠰᠯᠠᠨ ᠮᠤᠷᠣᠢ᠌ᠯᠵᠠᠬᠤ ᠭᠡᠷᠡᠮ ᠮᠢᠨᠢ ᠮᠤᠩᠭ᠋ᠤᠯ ᠨᠤᠳᠤᠭ ᠤᠨ ᠰᠤᠳᠠᠰᠤ᠃

ᠪᠣᠮᠪᠣᠳᠠᠢ ᠶᠢᠨ ᠰᠠᠴᠤᠭᠰᠠᠨ ᠪᠠᠳᠤᠴᠠᠭᠠᠨ ᠤ ᠦᠷ᠎ᠡ ᠨᠢ ᠨᠤᠳᠤᠭ ᠲᠠᠭᠠᠨ ᠰᠤᠶᠤᠭᠠᠯᠠᠵᠤ

ᠪᠠᠤᠠᠮᠠᠷᠠᠭ᠎ᠠ ᠣᠯᠠᠭᠠᠨ ᠮᠠᠠᠵᠢᠯᠠᠭ᠎ᠠ ᠰᠢᠭ ᠳᠠᠴᠢ ᠶᠢᠨ ᠳᠠᠯ᠎ᠠ ᠳᠠᠭᠠᠨ ᠰᠠᠭᠯᠠᠢ᠌ᠨ᠎ᠠ᠂

ᠰᠢᠪᠠᠭ᠍ᠴᠢᠨ ᠠᠷᠪᠢᠨ ᠳᠤᠭᠰᠢᠨ ᠸᠠᠩ ᠤᠨ ᠣᠷᠳᠤᠨ ᠤ ᠪᠠᠭᠤᠷᠢᠨ ᠡᠴᠡ

ᠰᠢᠷᠤᠢ ᠬᠤᠷᠮᠣᠢ᠌ᠯᠠᠭᠰᠠᠨ ᠭᠡᠦᠭᠡᠤᠨ ᠤᠨ ᠰᠦᠨᠠᠰᠤ ᠣᠭᠢᠯᠠᠬᠤ ᠰᠤᠨᠤᠰᠳᠠᠨ᠎ᠠ᠃

ᠲᠦᠪ ᠠᠽᠢ ᠢ ᠭᠦᠷᠢᠶᠡᠯᠡᠭ᠍ᠰᠡᠨ ᠬᠡᠰᠡᠷ ᠤᠨ ᠨᠤᠮᠤ ᠡ᠊ᠨᠳᠡ ᠪᠣᠢ

ᠳᠦᠪᠠᠭ᠍ᠳᠡᠭ᠍ᠰᠡᠨ ᠯᠢᠭ᠍ᠳᠡᠨ ᠢ ᠣᠨᠤᠭᠠᠭᠰᠠᠨ ᠬᠤᠷᠴᠢᠨ ᠤ ᠰᠤᠮᠤ ᠡ᠊ᠨᠳᠡ ᠪᠣᠢ

ᠳᠦᠡᠭᠯᠢᠩ ᠨᠤᠶᠠᠨ ᠢ ᠴᠢᠴᠢᠭᠠᠯᠠᠭᠤᠯᠤᠭᠰᠠᠨ ᠭᠠᠳᠠ ᠶᠢᠨ ᠪᠢᠯᠠᠭᠤ ᠡ᠊ᠨᠳᠡ ᠪᠣᠢ

ᠲᠦᠩ ᠢᠤᠢ᠂ ᠳᠦᠴᠤᠸᠠᠨ ᠭᠡᠵᠤ ᠳᠠᠰᠤᠳᠠᠭᠤᠯᠤᠭᠰᠠᠨ ᠮᠤᠩᠭ᠋ᠤᠯ ᠤᠨ ᠨᠢᠯᠪᠣᠰᠤ ᠡ᠊ᠨᠳᠡ ᠪᠣᠢ᠃

ᠬᠤᠷᠢᠨ ᠲᠦᠮᠡ ᠪᠠᠷ ᠬᠤᠷᠠᠭᠰᠠᠨ ᠭᠦᠭᠡ ᠳᠤᠯᠪᠣᠳᠠᠨ ᠡ᠊ᠨᠳᠡ ᠪᠣᠢ

ᠭᠡᠳᠤᠨ ᠵᠠᠭᠤᠨ ᠶᠢᠡᠷ ᠰᠤᠭᠤᠪᠴᠢᠯᠠᠭᠰᠠᠨ ᠬᠤᠰᠤᠨ ᠣᠷᠭ᠎ᠠ ᠡ᠊ᠨᠳᠡ ᠪᠣᠢ

ᠭᠦᠭᠡ ᠳᠤᠭ ᠶᠢᠡᠨ ᠨᠠᠮᠢᠷᠠᠭᠤᠯᠬᠤ ᠥᠡᠳᠦᠷᠯᠢᠭ᠌ ᠤᠨ ᠰᠠᠯᠭᠢ ᠡ᠊ᠨᠳᠡ ᠪᠣᠢ

ᠭᠦᠴᠢᠷ ᠴᠠᠭ ᠶᠢᠡᠨ ᠳᠠᠭᠤᠯᠬᠤ ᠮᠤᠩᠭ᠋ᠤᠯ ᠤᠨ ᠳᠠᠮᠢᠷ ᠡ᠊ᠨᠳᠡ ᠪᠣᠢ᠃


2008/11/3 ᠪᠣᠭᠤᠳᠤ

ᠵᠤᠬᠢᠶᠠᠭᠴᠢ᠄ ᠠᠮᠤᠷ
ᠢᠷᠡᠯᠲᠡ᠄ (ᠡᠭᠡ ᠪᠢᠴᠢᠭ᠌ ᠤᠨ ᠰᠢᠰᠲ᠋ᠸᠮ ᠶᠢᠡᠷ ᠢᠷᠡᠭᠦᠯᠦᠭ᠍ᠰᠡᠨ)
ᠬᠠᠷᠢᠶ᠎ᠠ᠄ ᠰᠢᠯᠦᠭ
ᠳᠠᠷᠤᠮ᠄ 2227
ᠴᠠᠭ᠄ 2008 ᠤᠨ ᠤ 12 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ