ᠡᠭᠡ ᠭᠡᠯᠡᠨ ᠤ ᠮᠢᠨᠢ ᠮᠥᠩᠭᠡ ᠶᠢᠨ ᠨᠠᠷᠠᠨ

ᠡᠭᠡᠰᠢᠭ᠍ᠳᠤ ᠢᠷᠠᠭᠤᠬᠠᠨ ᠭᠡᠯᠡᠨ ᠤ ᠮᠢᠨᠢ

ᠡᠩᠭᠡ ᠶᠢᠨ ᠨᠠᠷᠠ ᠨᠢ ᠠᠷᠠᠤᠨ ᠲᠦᠮᠡᠨ ᠪᠢᠯᠠ

ᠡᠷᠳᠡᠨᠢᠳᠤ ᠢᠯᠠᠭᠤᠮ ᠭᠡᠯᠡᠨ ᠤ ᠮᠢᠨᠢ

ᠡᠷᠭᠡ ᠵᠢᠷᠭᠠᠯ ᠨᠢ ᠠᠷᠠᠤᠨ ᠲᠦᠮᠡᠨ ᠪᠢᠯᠠ


ᠳᠦᠷᠤᠯᠭᠢ ᠮᠤᠩᠭ᠋ᠤᠯ ᠭᠡᠯᠡᠨ ᠤ ᠮᠢᠨᠢ

ᠲᠦᠪᠰᠢᠨ ᠵᠢᠷᠭᠠᠯ ᠨᠢ ᠠᠷᠠᠤᠨ ᠲᠦᠮᠡᠨ ᠪᠢᠯᠠ

ᠮᠥᠩᠭᠡ ᠶᠢᠨ ᠡᠭᠡ ᠭᠡᠯᠡᠨ ᠤ ᠮᠢᠨᠢ

ᠮᠤᠬᠤᠰᠢ ᠦᠭᠡᠶ ᠭᠢᠯᠢ ᠨᠢ ᠠᠷᠠᠤᠨ ᠲᠦᠮᠡᠨ ᠪᠢᠯᠠ


ᠪᠣᠭᠤᠷᠤᠯ ᠰᠢᠳᠦᠭᠡᠡᠳᠤ ᠭᠡᠯᠡᠨ ᠤ ᠮᠢᠨᠢ

ᠪᠣᠰᠤᠭ᠎ᠠ ᠢᠷᠦᠭᠡᠯ ᠨᠢ ᠰᠦ᠋ ᠲᠡᠶ ᠪᠢᠯᠠ

ᠢᠳᠠᠷᠰᠢᠵᠤ ᠣᠷᠭᠤᠭᠰᠠ ᠠᠭᠤᠯᠠᠨ ᠤ ᠮᠢᠨᠢ

ᠢᠳᠡᠭᠡᠯ ᠬᠠᠢ᠌ᠷ᠎ᠠ ᠨᠢ ᠴᠢᠯᠠᠭᠤ ᠲᠡᠶ ᠪᠢᠯᠠ


ᠮᠠᠠᠳᠠᠯ ᠤᠨ ᠮᠦᠩᠭᠦᠨ ᠰᠠᠷᠠᠨ ᠤ ᠮᠢᠨᠢ

ᠮᠦᠷᠦᠭᠡᠳᠦᠯ ᠨᠢ ᠭᠤᠤᠯ ᠳᠤ ᠪᠠᠨ ᠳᠤᠶ‍ᠢᠬᠠᠨ ᠰᠡᠭᠦᠳᠡᠷ ᠲᠡᠶ ᠪᠢᠯᠠ

ᠮᠤᠷᠢᠳᠠᠨ ᠦᠨᠳᠤᠰᠠᠳᠠᠨ ᠤ ᠭᠡᠯᠡᠨ ᠤ ᠮᠢᠨᠢ

ᠮᠤᠷᠠᠯ ᠨᠢ ᠲᠦᠮᠡᠨ ᠳᠤ ᠪᠠᠨ ᠠᠮᠢᠯᠠᠨ ᠰᠢᠩᠭᠡᠭᠡᠰᠦᠳᠡᠢ ᠪᠢᠯᠠ


ᠭᠦᠭ᠍ᠵᠢᠯᠳᠤ ᠭᠦᠭᠡ ᠭᠡᠯᠡᠨ ᠤ ᠮᠢᠨᠢ

ᠭᠦᠰᠡᠯ ᠨᠢ ᠠᠷᠠᠤᠨ ᠤᠨ ᠨᠢᠳᠤ ᠲᠡᠶ ᠪᠢᠯᠠ

ᠭᠦᠳᠡᠯᠮᠦᠷᠢᠴᠢ ᠲᠦᠮᠡᠨ ᠤ ᠭᠡᠯᠡᠨ ᠤ ᠮᠢᠨᠢ

ᠭᠦᠳᠡᠯᠭᠡᠭᠡᠨ ᠳ᠋ᠤᠨᠢ ᠣᠷᠠᠨ ᠡᠪ ᠲᠡᠶ ᠪᠢᠯᠠ


ᠨᠠᠷᠠᠯᠠᠭ ᠰᠦᠰᠦ ᠲᠡᠶ ᠮᠤᠩᠭ᠋ᠤᠯ ᠭᠡᠯᠡ ᠮᠢᠨᠢ

ᠳᠦᠭᠡᠷᠡᠭ᠌ ᠵᠠᠶᠠᠭᠠᠨ ᠤ ᠮᠢᠨᠢ ᠭᠦᠭᠡ ᠲᠦᠯᠤ ᠪᠢᠯᠠ

ᠨᠠᠢ᠌ᠷᠰᠭ ᠴᠠᠢ᠌ᠳᠠᠢ ᠮᠤᠩᠭ᠋ᠤᠯ ᠭᠡᠯᠡ ᠮᠢᠨᠢ

ᠳᠦᠭᠦᠭᠡ ᠣᠬᠠᠭᠠᠨ ᠤ ᠮᠢᠨᠢ ᠰᠦᠷ ᠰᠦᠨᠠᠰᠤ ᠪᠢᠯᠠ


ᠭᠠᠩᠭ᠋ᠠᠩ ᠮᠤᠩᠭ᠋ᠤᠯ ᠭᠡᠯᠡ ᠮᠢᠨᠢ

ᠭᠠᠵᠠᠷ ᠣᠰᠤᠨ ᠳᠤ ᠪᠠᠨ ᠰᠡᠳᠭᠢᠯ ᠤᠨ ᠬᠠᠯᠠᠭᠤᠨ ᠳᠠᠮᠠᠭ᠎ᠠ ᠲᠡᠶ ᠪᠢᠯᠠ

ᠭᠠᠢ᠌ᠬᠠᠯᠳᠠᠢ ᠮᠤᠩᠭ᠋ᠤᠯ ᠭᠡᠯᠡ ᠮᠢᠨᠢ

ᠭᠠᠢ᠌ᠬᠠᠮᠰᠢᠭᠳᠤ ᠵᠠᠰᠠᠭ ᠲᠤ ᠪᠠᠨ ᠠᠮᠢᠨ ᠤ ᠬᠠᠢ᠌ᠷ᠎ᠠ ᠶᠢᠨ ᠡᠶᠡᠷ ᠲᠡᠶ ᠪᠢᠯᠠ


ᠳᠡᠭ᠍ᠷᠢᠯᠢᠭ᠌ ᠮᠤᠩᠭ᠋ᠤᠯ ᠭᠡᠯᠡ ᠮᠢᠨᠢ

ᠠᠮᠤᠭᠤᠯᠠᠩ ᠬᠠᠢ᠌ᠷ᠎ᠠ ᠶᠢᠨ ᠤᠶᠠᠩ‍ᠭ᠎ᠠ ᠶᠢᠨ ᠨᠤᠭᠤᠭᠠᠨ ᠰᠥ᠋ ᠪᠢᠯᠠ

ᠳᠡᠩᠭᠡᠭᠡᠳᠤ ᠮᠤᠩᠭ᠋ᠤᠯ ᠭᠡᠯᠡ ᠮᠢᠨᠢ

ᠡᠷᠴᠢᠳᠤ ᠲᠦᠮᠡᠨ ᠤ ᠵᠣᠢ᠌ᠳᠠᠢ ᠣᠷᠤᠰᠢᠯ ᠤᠨ ᠳᠡᠷᠭᠡᠯ ᠨᠠᠷᠠᠨ ᠪᠢᠯᠠ ᠁   


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2509
ᠴᠠᠭ᠄ 2012 ᠤᠨ ᠤ 05 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ