ᠬᠠᠩᠭ᠋ᠠᠢ ᠳᠡᠷᠭᠡ
᠊᠊᠊᠊᠊᠊᠊᠊᠊᠊᠊᠊᠊᠊᠊ (ᠭᠦᠳᠦᠯᠦᠭᠡ ᠳᠦᠷᠪᠠ)


ᠬᠤᠯᠠ ᠶᠢᠨ ᠬᠤᠯᠠ ᠵᠠᠭᠤᠨ ᠡᠴᠡ

ᠳᠠᠮᠠᠤᠯᠠᠵᠤ ᠢᠷᠡᠭ᠍ᠰᠡᠨ ᠵᠤᠷᠢᠭ

ᠭᠦᠭ᠍ᠵᠢᠨ ᠪᠠᠳᠠᠷᠠᠭᠰᠠᠨ ᠡᠷᠡᠨ ᠳᠤ

ᠬᠤᠴᠤᠷᠴᠤ ᠣᠨᠠᠭᠰᠠᠨ ᠳᠤᠮᠤᠭ


ᠴᠤᠪᠣᠵᠤ ᠶᠠᠪᠣᠭᠰᠠᠨ ᠠᠶᠠᠨ ᠳᠤ

ᠴᠤᠪᠬᠤᠴᠠᠵᠤ ᠪᠠᠢ᠌ᠭᠰᠠᠨ ᠣᠮᠤᠭ

ᠭᠢᠰᠠ ᠵᠤᠤᠬ᠎ᠠ ᠶᠢᠨ ᠳᠤᠳᠤᠷ᠎ᠠ

ᠨᠤᠴᠤᠵᠤ ᠳᠠᠭᠤᠰᠤᠭᠰᠠᠨ ᠳᠣᠢ᠌ᠮᠠᠷ


ᠵᠠᠮ ᠵᠠᠮ ᠤᠨ ᠥᠵᠦᠭᠦᠷ ᠡᠴᠡ

ᠵᠠᠮᠬᠠᠷᠠᠵᠤ ᠪᠠᠯᠠᠷᠠᠭᠰᠠᠨ ᠳᠡᠦᠭᠡ

ᠵᠠᠩ ᠵᠠᠩ ᠤᠨ ᠰᠤᠯᠢᠭᠳᠠᠯ ᠶᠢᠡᠷ

ᠵᠠᠩᠭᠢᠷᠠᠵᠤ ᠵᠠᠢ᠌ᠳᠠᠭᠰᠠᠨ ᠭᠤᠨᠢᠭ


        ᠵᠠᠯᠠᠭᠤ ᠨᠠᠰᠤ


ᠣᠨᠠᠭᠠᠨ ᠨᠠᠰᠤ ᠶᠢ ᠨᠥᠭ᠍ᠴᠢᠭᠡᠵᠤ

ᠵᠠᠯᠠᠭᠤ ᠨᠠᠰᠤ ᠵᠢᠷᠤᠭᠠᠯᠠᠵᠤ ᠢᠷᠠᠨ᠎ᠠ

ᠵᠠᠵᠢᠨ ᠤ ᠦᠰᠦ ᠶᠢ ᠭᠢᠷᠭᠠᠵᠤ

ᠵᠠᠯᠠᠭᠤ ᠨᠠᠰᠤ ᠵᠢᠷᠤᠭᠠᠯᠠᠵᠤ ᠬᠤᠯᠠᠳᠠᠨ᠎ᠠ


ᠭᠦᠮᠤᠨ ᠮᠦᠰᠤ ᠶᠢᠨ ᠳᠡᠩᠨᠡᠭᠦᠷ ᠲᠤ

ᠵᠠᠯᠠᠭᠤ ᠨᠠᠰᠤ ᠵᠦᠪ ᠵᠤᠭᠰᠤᠪᠠᠯ

ᠭᠦᠴᠤ ᠳᠠᠮᠢᠷ ᠤᠨ ᠣᠬᠠᠭ᠎ᠠ ᠪᠠᠷ

ᠡᠭᠡ ᠣᠷᠤᠨ ᠮᠢᠨᠢ ᠳᠠᠢ᠌ᠪᠣᠩ ᠵᠤᠰᠠᠳᠠᠭ


ᠬᠠᠤᠯᠢ ᠳᠦᠷᠢᠮ ᠤᠨ ᠵᠠᠭᠠᠭ ᠶᠢᠡᠷ

ᠵᠠᠯᠠᠭᠤ ᠨᠠᠰᠤ ᠵᠠᠯᠢᠳᠠᠢ᠌ᠬᠠᠨ ᠡᠷᠭᠢᠯᠳᠦᠪᠠᠯ

ᠠᠵᠢᠯ ᠣᠢ᠌ᠯᠠᠰ ᠠᠯᠢᠪᠠ ᠪᠦᠭᠦᠨ ᠴᠢᠨᠢ

ᠴᠢᠨᠠᠷ ᠶᠢᠡᠷ ᠳᠤᠳᠠᠵᠤ ᠭᠠᠩᠳᠠᠨ᠎ᠠ


        ᠮᠤᠩᠭ᠋ᠤᠯ ᠰᠤᠷᠭᠠᠭᠤᠯᠢ


ᠭᠦᠨᠦᠭ᠌ ᠭᠦᠨᠦᠭ᠌ ᠶᠢᠡᠷ ᠪᠢᠯᠬᠠᠷᠠᠳᠠᠭ

ᠰᠠᠭᠠᠯᠢ ᠰᠦ᠋ ᠶᠢᠨ ᠭᠡᠰᠢᠭ᠌

ᠭᠦᠰᠡᠯ ᠭᠦᠰᠡᠯ ᠶᠢᠡᠷ ᠣᠴᠢᠯᠠᠳᠠᠭ

ᠭᠦᠭᠡᠷᠦᠭᠦᠢ ᠮᠢᠨᠤ ᠮᠤᠩᠭ᠋ᠤᠯ ᠰᠤᠷᠭᠠᠭᠤᠯᠢ


ᠲ᠋ᠤᠭ᠎ᠠ ᠲᠡᠶ ᠭᠡᠳᠦᠭᠡᠨ ᠮᠤᠩᠭ᠋ᠤᠯ ᠬᠡᠦᠬᠡᠳ ᠶᠢᠡᠨ

ᠳᠤᠭᠳᠠᠭᠠᠵᠤ ᠪᠦᠷᠢᠨ ᠴᠢᠳᠠᠭᠰᠠᠨ ᠦᠭᠡᠶ ᠴᠤ

ᠳᠤᠮᠤᠭ ᠲᠡᠶ ᠳᠤᠤᠯᠢ ᠲᠡᠶ ᠮᠤᠩᠭ᠋ᠤᠯ ᠤᠨ ᠬᠣᠢ᠌ᠴᠢᠰ ᠶᠢᠡᠨ

ᠳᠤᠮᠤᠵᠢᠭᠤᠯᠵᠤ ᠰᠤᠶᠤᠯᠵᠢᠭᠤᠯᠬᠤ ᠪᠠᠨ ᠣᠭᠤᠷᠠᠭ᠎ᠠ ᠦᠭᠡᠶ


ᠡᠷᠭᠡ ᠵᠤᠭᠤᠰ ᠲᠡᠶ ᠭᠡᠳᠤᠨ ᠪᠠᠭᠰᠢ ᠨᠢ

ᠬᠤᠳᠠ ᠶᠢᠨ ᠰᠤᠷᠭᠠᠭᠤᠯᠢ ᠳᠤ ᠰᠢᠯᠵᠢᠭᠡᠳ ᠶᠠᠪᠣᠭᠰᠠᠨ ᠴᠤ

ᠡᠷᠡᠭᠦᠯ ᠰᠠᠳᠭᠢᠴᠠ ᠲᠡᠶ ᠣᠯᠠᠨ ᠪᠠᠭᠰᠢ ᠨᠢ

ᠬᠤᠯᠠ ᠶᠢ ᠬᠠᠷᠠᠭᠠᠤᠨ ᠬᠤᠴᠤᠷᠴᠤ ᠥᠯᠡᠳᠡᠳᠡᠭ᠌


ᠡ᠊ᠨᠳᠡ ᠳᠠᠠᠳᠠ ᠡᠴᠡ ᠬᠤᠮᠪᠢᠨ ᠳᠠᠭᠤᠭᠰᠠᠭᠠᠷ

ᠳᠦᠪᠯᠡᠷᠡᠭᠦᠯᠵᠤ ᠨᠡᠢ᠌ᠯᠡᠭᠦᠯᠦᠭᠡᠳ ᠰᠤᠷᠭᠠᠭᠤᠯᠢ ᠪᠠᠭᠠᠰᠤᠨ᠎ᠠ

ᠡ᠊ᠨᠳᠡᠭᠦᠤ ᠪᠣᠷᠤᠭᠤ ᠪᠠᠨ ᠭᠢᠨᠠᠨ ᠰᠡᠯᠪᠢᠭ᠍ᠰᠡᠭᠡᠷ

ᠳᠦᠷᠤᠯᠭᠢ ᠰᠤᠶᠤᠯ ᠶᠢᠡᠨ ᠳᠡᠯᠡᠭᠡᠢ ᠳᠤ ᠳᠠᠨᠢᠭᠤᠯᠤᠨ᠎ᠠ


ᠰᠠᠨᠠᠭ᠎ᠠ ᠵᠤᠷᠢᠭ ᠶᠢᠡᠨ ᠨᠢᠭᠡᠳᠭᠡᠭᠡᠳ  

ᠰᠠᠢ᠌ᠬᠠᠨ ᠮᠤᠩᠭ᠋ᠤᠯ ᠰᠤᠷᠭᠠᠭᠤᠯᠢ ᠪᠠᠨ ᠭᠦᠭ᠍ᠵᠢᠭᠦᠯᠦᠶ᠎ᠡ

ᠰᠠᠮᠪᠠᠢ ᠴᠠᠭᠠᠨ ᠬᠠᠳᠠᠭ ᠶᠢᠡᠨ ᠳᠡᠯᠭᠡᠭᠡᠳ

ᠰᠠᠴᠤᠯᠢ ᠶᠢᠨ ᠳᠡᠭᠡᠵᠢ ᠲᠡᠶ ᠬᠤᠷᠣᠢ᠌ᠯᠠᠶ᠎ᠠ ᠴᠢᠮ᠎ᠠ ᠪᠠᠨ︕


          ᠵᠡᠭᠦᠳᠤ ᠪᠢᠰᠢ ᠵᠡᠭᠦᠳᠤ


ᠡᠳᠦᠷ ᠶᠢᠡᠷ ᠪᠢ ᠬᠠᠷ᠎ᠠ ᠳᠠᠷᠤᠨ᠎ᠠ

《ᠠᠯᠳᠠᠨ ᠵᠢᠭᠠᠰᠤᠨ ᠤ ᠥᠯᠢᠭᠡᠷ》 ᠢᠷᠠᠨ᠎ᠠ

ᠬᠠᠢ᠌ᠷᠠᠯᠠᠵᠤ ᠱᠠᠩᠨᠠᠭᠰᠠᠨ ᠶᠠᠭᠤᠮ᠎ᠠ ᠪᠦᠭᠦᠨ ᠶᠢᠡᠨ

ᠡᠷᠭᠢᠭᠦᠯᠵᠤ ᠠᠪᠬᠤ ᠭᠡᠵᠤ ᠠᠭᠤᠷᠯᠠᠵᠤ ᠢᠷᠠᠨ᠎ᠠ

ᠠᠯᠤᠰ ᠴᠠᠭᠠᠨ᠎ᠠ ᠡᠴᠡ ᠠᠭᠳᠠ ᠶᠢᠨ ᠳᠦᠪᠠᠷᠭᠡᠨ

ᠳᠠᠴᠢᠭᠢᠨᠠᠵᠤ ᠢᠷᠠᠨ᠎ᠠ

ᠠᠳᠤᠭᠤ ᠮᠠᠯ ᠢ ᠮᠢᠨᠢ ᠶᠠᠭᠠᠭᠢᠯ᠎ᠠ ᠭᠡᠵᠤ

ᠳᠡᠭ᠍ᠷᠢᠯᠢᠭ᠌ ᠡᠵᠡᠨ ᠴᠢᠩᠭᠢᠰ ᠳᠡᠭᠡᠳᠤ ᠮᠢᠨᠢ

ᠵᠠᠩᠨᠠᠵᠤ ᠢᠷᠠᠨ᠎ᠠ

ᠭᠠᠳᠠᠨ᠎ᠠ ᠭᠡᠷ ᠡᠴᠡ 《ᠭᠠᠳᠠ ᠮᠠᠢ᠌ᠷᠠᠨ》

ᠣᠷᠤᠭᠠᠤᠨ ᠢᠷᠠᠨ᠎ᠠ

ᠨᠤᠳᠤᠭ ᠪᠠᠯᠴᠢᠭᠡᠷ ᠢ ᠮᠢᠨᠢ ᠶᠠᠭᠠᠭᠢᠯ᠎ᠠ ᠭᠡᠵᠤ

ᠬᠠᠰᠭᠢᠷᠴᠤ ᠢᠷᠠᠨ᠎ᠠ

ᠵᠡᠭᠦᠳᠤ ᠪᠢᠰᠢ ᠵᠡᠭᠦᠳᠤ ᠬᠣᠢ᠌ᠨ᠎ᠠ

ᠭᠡᠵᠢᠶ᠎ᠡ ᠴᠤ ᠭᠡᠰᠡᠨ ᠰᠤᠪᠢᠬᠤ ᠣᠴᠢᠷᠳᠠᠢ

ᠵᠠᠮ ᠶᠠᠷᠤᠨᠢ ᠮᠠᠨᠠᠢ᠌ᠭᠢ ᠬᠣᠢ᠌ᠨ᠎ᠠ

ᠶᠠᠪᠣᠬᠤ ᠦᠭᠡᠶ ᠪᠠᠢ᠌ᠵᠤ ᠴᠢᠳᠠᠬᠤ ᠦᠭᠡᠶ


         ᠦᠨᠡᠨ ᠥᠭᠡ


ᠴᠡᠴᠡᠭ᠌ ᠤᠨ ᠦᠨᠦᠷ ᠡᠪᠠᠰᠤᠨ ᠨᠠᠮᠠᠭᠠᠨ ᠳᠤ ᠦᠷᠭᠡᠯᠡᠵᠤ

ᠨᠤᠳᠤᠭ ᠶᠢᠡᠨ ᠣᠯᠬᠤ ᠦᠭᠡᠶ ᠵᠡᠭᠦᠳᠦᠯᠡᠨ᠎ᠡ

ᠴᠡᠯᠡᠭᠡᠷ ᠳᠠᠯ᠎ᠠ ᠰᠢᠵᠢᠷᠳᠤᠨ ᠰᠢᠷᠭᠠᠯᠳᠤᠭᠠᠤᠨ

ᠰᠡᠳᠭᠢᠯ ᠳ᠋ᠤ  ᠨᠢᠭᠡᠯᠡ ᠭᠠᠰᠢᠭᠤᠨ

ᠭᠤᠷᠪᠠᠨ ᠰᠠᠷ᠎ᠠ ᠳᠤ ᠳᠡᠯᠭᠡᠳᠡᠭ᠌ ᠭᠤᠯᠭᠤᠢ ᠴᠡᠴᠡᠭ᠌

ᠮᠠᠩᠬᠠᠨ ᠳᠤᠤᠷ᠎ᠠ ᠭᠢᠯᠢᠰᠳᠡᠭᠡᠳ

ᠭᠦᠮᠤᠨ ᠤ ᠦᠢᠯᠡᠳᠦᠭ᠍ᠰᠡᠨ ᠶᠠᠯ᠎ᠠ ᠨᠢᠭᠦᠯ

ᠢᠮᠠᠭᠠᠨ ᠤ ᠨᠢᠷᠤᠭᠤᠨ ᠳᠤ ᠳᠤᠬᠤᠭᠳᠠᠨ᠎ᠠ

ᠨᠤᠳᠤᠭ ᠶᠢᠡᠨ ᠭᠡᠰᠡᠨ 《ᠨᠣᠢ᠌ᠳᠠᠨ ᠬᠠᠮᠠᠭᠤ》

ᠳᠡᠨᠡᠭ᠌ ᠭᠡᠵᠤ ᠬᠤᠴᠢᠯᠠᠭᠳᠠᠨ᠎ᠠ

ᠨᠠᠢ᠌ᠷᠠᠭ ᠭᠡᠮᠡᠷ ᠭᠡᠳᠤᠨ ᠶᠠᠭᠤᠮ᠎ᠠ ᠡᠷᠢᠶᠡᠴᠢᠭᠦᠯᠡᠷ

ᠭᠡᠳᠦᠢ ᠵᠤᠭᠤᠰ ᠣᠯᠪᠠ ᠭᠡᠵᠤ ᠱᠤᠤᠯᠠᠨ᠎ᠠ

ᠥᠰᠭᠦ ᠡᠴᠡ ᠰᠤᠷᠤᠭᠰᠠᠨ ᠦᠨᠳᠦᠰᠦᠨ ᠭᠡᠯᠡ ᠪᠠᠨ

ᠵᠠᠷᠢᠮ ᠨᠢ

ᠨᠠᠰᠤᠳᠠᠤᠨ ᠶᠢᠡᠨ ᠰᠢᠭ ᠢᠯᠡᠭᠦᠴᠢᠯᠡᠵᠤ

ᠡᠷᠭᠡ ᠮᠥᠩᠭᠦ ᠶᠢ ᠭᠡᠳᠦᠷᠭᠡᠢ ᠳᠠᠮᠠᠴᠠᠵᠤ

ᠵᠠᠷᠢᠮ ᠨᠢ

ᠦᠷ᠎ᠡ ᠪᠠᠨ ᠰᠢᠭ᠌ ᠨᠠᠠᠳᠢᠩᠨᠠᠨ᠎ᠠ

ᠠᠵᠢᠯᠴᠢ ᠪᠣᠷᠤᠭᠵᠢᠭᠤᠨ ᠠᠮᠢᠳᠤᠷᠠᠨ᠎ᠠ ᠭᠡᠵᠤ

ᠨᠤᠶᠠᠤᠨ

ᠠᠢ᠌ᠯ ᠤᠨ ᠠᠷᠠᠤᠨ ᠲᠤ ᠰᠤᠷᠳᠠᠯᠴᠢᠯᠠᠨ᠎ᠠ

ᠣᠯᠤᠰ ᠭᠦᠷᠤᠨ ᠳᠤ ᠳᠤᠰᠠ ᠲᠡᠶ ᠭᠡᠵᠤ

ᠭᠦᠮᠦᠰ

ᠠᠮᠢ ᠵᠥᠭ᠌ ᠶᠢᠡᠨ ᠳᠠᠳᠠᠨ᠎ᠠ

ᠬᠠᠢ᠌ᠷ᠎ᠠ ᠬᠠᠢ᠌ᠷ᠎ᠠ ᠶᠢᠨ ᠦᠷᠳᠡᠭ᠌

ᠬᠠᠰᠢᠶᠠᠨ ᠤ ᠬᠤᠨᠢ ᠰᠢᠭ ᠭᠢᠮᠳᠠᠷᠠᠵᠤ

ᠬᠠᠯᠠ ᠲᠡᠶ ᠭᠠᠭᠴᠠᠬᠠᠨ ᠦᠨᠡᠨ ᠥᠭᠡ

ᠭᠦᠯ ᠭᠠᠷ ᠲᠡᠶ ᠣᠷᠢᠶᠠᠯᠳᠤᠨ᠎ᠠ ᠡ ᠁


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠬᠠᠷᠢᠶ᠎ᠠ᠄ ᠰᠢᠯᠦᠭ
ᠳᠠᠷᠤᠮ᠄ 1911
ᠴᠠᠭ᠄ 2011 ᠤᠨ ᠤ 04 ᠰᠠᠷ᠎ᠠ ᠶᠢᠨ 26