ᠳᠦᠭᠡᠷᠢᠯ

ᠵᠥᠭ᠌ ᠪᠦᠷᠢ ᠶᠢᠨ ᠰᠠᠯᠭᠢ

ᠵᠣᠢ᠌ᠯ ᠤᠨ ᠶᠠᠩᠵᠤ ᠪᠠᠷ ᠰᠠᠯᠭᠢᠯᠠᠨ᠎ᠠ

ᠵᠥᠭ᠌ ᠴᠢᠭ᠌ ᠶᠢᠠᠨ ᠣᠯᠬᠤ ᠥᠭᠡᠢ

ᠵᠡᠭᠦᠳᠤᠨ ᠲ᠋ᠦᠮᠳᠡ ᠪᠠᠨ ᠪᠢ ᠳᠦᠭᠡᠷᠢᠪᠡ᠁

ᠠᠭᠤᠷ ᠠᠮᠢᠰᠬᠤᠯ ᠵᠢᠭ᠍ᠳᠡᠢ ᠵᠢᠭᠡᠭᠦᠨ

ᠠᠯᠪᠢᠨ ᠭᠠᠯ ᠬᠠᠶᠠ ᠬᠠᠶᠠ ᠦᠰᠤᠷᠭᠢᠯᠠᠨ᠎ᠡ

ᠡᠯᠡᠰᠤ ᠬᠤᠮᠠᠭ ᠵᠠᠳᠠᠭᠠᠢ ᠰᠢᠭᠤᠷᠠᠨ᠎ᠠ

ᠠᠭᠤᠯᠠ ᠳᠠᠯ᠎ᠠ ᠪᠢᠳᠡᠭᠦᠤ ᠬᠠᠷᠡᠩᠭ᠋ᠥᠢᠯᠡᠨ᠎ᠡ

ᠠᠵᠢᠨ ᠳᠦᠵᠢᠨ ᠶᠠᠪᠣᠬᠤᠢ ᠵᠠᠮ ᠤᠨ ᠰᠡᠵᠢᠭᠦᠷ ᠪᠠᠯᠠᠷᠠᠬᠠᠢ

ᠠᠰ ᠴᠢᠭᠡ ᠬᠠᠷᠠᠬᠤᠢ ᠶᠠᠭᠤ ᠴᠤ ᠦᠯᠦ ᠬᠠᠷᠠᠭᠳᠠᠨ᠎ᠠ


ᠠᠯᠤᠰ ᠴᠢᠨᠠᠳᠤ ᠳᠠᠯ᠎ᠠ ᠡᠴᠠ ᠭᠡᠨᠡᠳᠲᠡ

ᠠᠭᠳᠠ ᠮᠤᠷᠢᠨ ᠤ ᠳᠦᠪᠠᠷᠭᠡᠨ ᠰᠤᠨᠤᠰᠳᠠᠪᠠ

ᠠᠵᠢᠷᠭᠠᠨ ᠴᠢᠨ᠋ᠸ᠎ᠠ ᠶᠢᠨ ᠣᠯᠢᠯᠳᠠ ᠳᠤᠭᠤᠯᠳᠠᠪᠠ

ᠠᠢ ᠭᠦ ᠮᠢᠨᠤ ᠭᠡᠷ ᠳᠠᠷᠠ ᠵᠥᠭ᠌ ᠪᠠᠢ᠌ᠭ᠎ᠠ ᠭᠡᠵᠤ

ᠢᠳᠠ ᠢᠠᠯᠭᠠᠵᠤ ᠪᠢ ᠬᠤᠷᠳᠤᠯᠠᠪᠠ

ᠠᠷᠠᠢ ᠭᠡᠳᠦᠭᠡᠨ ᠠᠯᠬᠤᠮ ᠶᠠᠪᠣᠭ᠎ᠠ ᠦᠭᠡᠶ ᠪᠠᠷ

ᠠᠭᠠᠯᠵᠢ ᠶᠢᠨ ᠰᠢᠯᠤᠰᠤ ᠰᠢᠭ᠌ ᠳᠠᠮᠤᠷ ᠰᠠᠷᠠᠯᠵᠢ ᠳᠤ ᠪᠦᠳᠦᠴᠢᠪᠡ

ᠣᠨᠠᠭᠰᠠᠨ ᠣᠷᠤᠨ ᠡᠴᠠ ᠪᠠᠨ ᠳᠠᠮᠳᠠᠴᠢᠨ ᠪᠣᠰᠬᠤ ᠳ᠋ᠤ

ᠡᠯᠡᠷ ᠪᠠᠯᠠᠷ ᠤᠨ ᠳᠤᠮᠳᠠ ᠭᠡᠳᠤᠨ ᠭᠦᠮᠤᠨ

ᠥᠮᠨᠦᠭᠡ ᠶᠢᠨ ᠡᠭᠦᠳᠤᠨ ᠳᠤ ᠱᠠᠯ ᠰᠤᠭᠳᠤᠴᠢᠬᠠᠭᠠᠤᠨ

ᠣᠷᠠᠩᠬᠠᠢ ᠬᠤᠭᠤᠯᠠᠢ ᠪᠠᠷ 《ᠭᠠᠳᠠ ᠮᠠᠢ᠌ᠷᠠᠨ》 ᠣᠷᠳᠤᠯᠠᠭᠤᠯᠤᠨ᠎ᠠ

ᠡᠨᠡᠭᠦ ᠳᠠᠭᠤᠯᠠᠬᠤ ᠶᠢ ᠰᠤᠨᠤᠰᠤᠭᠠᠤᠨ ᠪᠢ

ᠢᠨᠢᠶᠠᠵᠤ ᠣᠭᠢᠯᠠᠬᠤ ᠶᠢᠨ ᠬᠤᠭᠤᠷᠤᠠᠳᠤ ᠪᠣᠯᠪᠠ

ᠣᠷᠪᠠᠭᠠᠤᠨ ᠭᠠᠷᠤᠭᠰᠠᠨ ᠭᠠᠳᠠ ᠶᠢᠨ ᠬᠣᠢ᠌ᠴᠢᠰ

ᠣᠳᠤ ᠢᠩᠭᠢᠵᠤ ᠯᠠ ᠶᠠᠪᠣᠨ᠎ᠠ ᠳ᠋ᠠ ᠭᠡᠭᠦ ᠡᠴᠠ

ᠤᠢ᠌ᠳᠬᠠᠷ ᠡᠪᠠᠷᠰᠢᠶᠡᠯ ᠨᠠᠮ᠎ᠠ ᠶᠢ ᠳᠠᠰᠤ ᠣᠷᠢᠶᠠᠪᠠ

ᠡᠪᠠᠷᠰᠢᠶᠡᠯ ᠢ ᠳᠠᠰᠤᠴᠢᠨ ᠦᠨᠳᠠᠢ᠌ᠨ ᠪᠣᠰᠤᠭᠠᠤᠨ

ᠦᠣᠷ ᠮᠠᠩᠬᠠᠢ᠌ᠬᠤ ᠶᠢ ᠪᠢ ᠣᠳᠠᠳᠠᠯ᠎ᠠ ᠭᠦᠯᠢᠶᠡᠪᠡ


ᠵᠤᠬᠢᠶᠠᠭᠴᠢ ᠶᠢᠨ ᠬᠠ‍‌ᠶᠢᠭ ᠄ ᠪᠠᠶᠠᠠᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠭᠢᠶᠠᠨ ᠠᠵᠢᠨᠠᠢ
ᠬᠠᠷᠢᠶ᠎ᠠ᠄ ᠰᠢᠯᠦᠭ
ᠳᠠᠷᠤᠮ᠄ 1801
ᠴᠠᠭ᠄ 2012 ᠤᠨ ᠤ 06 ᠰᠠᠷ᠎ᠠ ᠶᠢᠨ 17