ᠠᠳᠤᠭᠤ ᠦᠣᠷᠰᠠᠨ᠎ᠡ

ᠳᠠᠭ᠎ᠠ ᠪᠠᠷ ᠶᠢᠡᠨ ᠳᠠᠪᠭᠢᠳᠠᠭ ᠳᠠᠯ᠎ᠠ ᠮᠢᠨᠢ

       ᠬᠠᠮᠢᠭ᠎ᠠ ᠪᠠᠢ᠌ᠨ᠎ᠠ᠂ ᠡᠵᠡᠨ ᠮᠢᠨᠢ ᠭᠡᠵᠤ

ᠳᠠᠷᠬᠠᠨ ᠪᠠᠯᠴᠢᠳᠡᠭ᠌ ᠰᠦᠷᠦᠭ᠌ ᠮᠢᠨᠢ

       ᠬᠠᠮᠢᠭ᠎ᠠ ᠪᠠᠢ᠌ᠨ᠎ᠠ᠂ ᠭᠦᠮᠤᠨ ᠮᠢᠨᠢ ᠭᠡᠵᠤ

ᠠᠽᠢ ᠧᠦ᠋ᠷᠦᠫᠠ ᠶᠢ ᠳᠤᠭᠤᠷᠠᠢ ᠪᠠᠷ ᠶᠢᠡᠨ ᠭᠡᠮᠵᠢᠭ᠍ᠰᠡᠨ ᠨᠢ

       ᠳᠡᠦᠭᠡ ᠪᠠᠢ᠌ᠨ᠎ᠠ᠂ ᠮᠤᠩᠭ᠋ᠤᠯ ᠮᠢᠨᠢ ᠭᠡᠵᠤ

ᠠᠶᠠᠨ ᠳᠠᠢ᠌ᠨ ᠳᠤ ᠬᠠᠨᠢ ᠪᠣᠯᠤᠭᠰᠠᠨ

       ᠭᠦᠯᠦᠭ᠌ ᠴᠢᠨᠢ ᠪᠠᠢ᠌ᠨ᠎ᠠ᠂ ᠡᠵᠡᠨ ᠮᠢᠨᠢ ᠭᠡᠵᠤ

ᠳᠤᠤᠷ ᠲᠤ ᠬᠠᠰᠢᠭᠳᠠᠭᠰᠠᠨ ᠠᠳᠤᠭᠤ ᠦᠣᠷᠰᠠᠨ᠎ᠡ

ᠳᠤᠭᠤᠬᠤ ᠴᠤ ᠦᠭᠡᠶ ᠳᠡᠭ᠍ᠷᠢ ᠳᠤᠪ ᠳᠤᠭᠤᠢ


ᠪᠠᠯᠴᠢᠭᠡᠷ ᠣᠰᠤ ᠮᠢᠨᠢ ᠣᠷᠠᠩ ᠰᠠᠷᠠᠩ

       ᠵᠡᠮᠳᠡᠭ᠍ᠷᠡᠵᠤ ᠪᠠᠢ᠌ᠨ᠎ᠠ᠂ ᠨᠤᠳᠤᠭ ᠮᠢᠨᠢ ᠭᠡᠵᠤ

ᠪᠠᠶ᠎ᠠ ᠮᠢᠨᠢ ᠬᠠᠰᠢᠭᠳᠠᠭᠠᠤᠨ ᠳᠠᠪᠭᠢᠵᠤ ᠴᠢᠳᠠᠬᠤ ᠥᠭᠡᠢ

       ᠰᠤᠯᠠᠷᠠᠵᠤ ᠪᠠᠢ᠌ᠨ᠎ᠠ᠂ ᠡᠵᠡᠨ ᠮᠢᠨᠢ ᠭᠡᠵᠤ

ᠪᠠᠢ᠌ᠭᠠᠯᠢ ᠭᠢᠯᠢᠩᠨᠡᠭᠡᠳ ᠡᠯᠡᠰᠤᠨ ᠳᠠᠰᠢᠭᠤᠷ ᠶᠢᠡᠷ ᠵᠢᠠᠨ

       ᠭᠤᠶᠠᠳᠠᠵᠤ ᠪᠠᠢ᠌ᠨ᠎ᠠ᠂ ᠬᠠᠷ᠎ᠠ ᠳᠡᠷᠢᠭᠦᠳᠡᠨ ᠮᠢᠨᠢ ᠭᠡᠵᠤ

ᠪᠠᠶᠠᠨ ᠰᠦᠷᠦᠭ᠌ ᠮᠢᠨᠢ ᠣᠨ ᠵᠠᠭᠤᠨ ᠤ ᠵᠤᠯᠠᠢ ᠪᠠᠷ

       ᠶᠦᠷᠭᠦᠨ ᠬᠠᠳᠠᠷᠢᠭᠰᠠᠨ ᠮᠦᠷ ᠨᠢ ᠬᠠᠯᠠᠭᠤᠬᠠᠨ ᠪᠠᠢ᠌ᠨ᠎ᠠ ᠭᠡᠵᠤ

ᠪᠣᠭᠤᠷᠤᠯ ᠠᠳᠤᠭᠤ ᠦᠣᠷᠰᠠᠨ᠎ᠡ

ᠪᠣᠷᠬᠠᠨ ᠳᠤᠮᠪᠣᠢ᠌ᠭᠠᠤᠨ ᠳᠠᠭᠤᠨ ᠥᠭᠡᠢ


ᠠᠳᠤᠭᠤ ᠦᠣᠷᠰᠠᠨ᠎ᠡ

ᠠᠯᠳᠠᠨ ᠳᠠᠯ᠎ᠠ ᠪᠠᠨ ᠭᠡᠵᠤ ᠦᠣᠷᠰᠠᠨ᠎ᠡ

ᠠᠶᠠᠨ ᠨᠡᠭᠦᠳᠡᠯ ᠶᠢᠡᠨ ᠭᠡᠵᠤ ᠦᠣᠷᠰᠠᠨ᠎ᠡ

ᠠᠯᠳᠠᠨ ᠳᠤᠪᠴᠢᠶᠠᠨ ᠡᠴᠠ ᠦᠣᠷᠰᠠᠨ᠎ᠡ


ᠠᠳᠤᠭᠤ ᠦᠣᠷᠰᠠᠨ᠎ᠡ

ᠨᠤᠳᠤᠭ ᠤᠨ ᠨᠠᠷ᠎ᠠ ᠪᠠᠷ ᠦᠣᠷᠰᠠᠨ᠎ᠡ

ᠨᠤᠮ ᠤᠨ ᠴᠠᠳᠢᠭ ᠶᠢᠡᠷ ᠦᠣᠷᠰᠠᠨ᠎ᠡ

ᠨᠢᠭᠤᠴᠠ ᠳᠤᠪᠴᠢᠶᠠᠨ ᠡᠴᠠ ᠦᠣᠷᠰᠠᠨ᠎ᠡ


ᠠᠳᠤᠭᠤ ᠦᠣᠷᠰᠠᠨ᠎ᠡ

ᠡᠪᠠᠰᠤ ᠪᠠᠯᠴᠢᠭᠡᠷ ᠶᠢᠡᠨ ᠭᠡᠵᠤ ᠦᠣᠷᠰᠠᠨ᠎ᠡ

ᠡᠭᠡ ᠪᠠᠢ᠌ᠭᠠᠯᠢ ᠪᠠᠨ ᠭᠡᠵᠤ ᠦᠣᠷᠰᠠᠨ᠎ᠡ

ᠡᠷᠳᠡᠨᠢ ᠶᠢᠨ ᠳᠤᠪᠴᠢᠶᠠᠨ ᠡᠴᠠ ᠦᠣᠷᠰᠠᠨ᠎ᠡ


ᠠᠳᠤᠭᠤ ᠦᠣᠷᠰᠠᠨ᠎ᠡ

ᠳᠤᠤᠯᠢ ᠬᠠᠢ᠌ᠯᠤᠭᠰᠠᠨ ᠴᠤᠭᠤᠷ ᠤᠨ ᠡᠭᠡᠰᠢᠭ᠌ ᠲᠤ ᠠᠳᠤᠭᠤ ᠦᠣᠷᠰᠠᠨ᠎ᠡ

ᠳᠤᠮᠤᠭ ᠶᠠᠷᠢᠭᠳᠠᠭᠰᠠᠨ ᠨᠤᠳᠤᠭ ᠤᠨ ᠳᠡᠭ᠍ᠷᠢ ᠳᠤ ᠠᠳᠤᠭᠤ ᠦᠣᠷᠰᠠᠨ᠎ᠡ

ᠳᠤᠮᠳᠠ ᠨᠠᠮᠤᠷ ᠤᠨ ᠰᠠᠷᠠᠨ ᠪᠠᠭᠤᠷᠢ ᠳᠤ ᠠᠳᠤᠭᠤ ᠦᠣᠷᠰᠠᠨ᠎ᠡ


ᠠᠳᠤᠭᠤ ᠦᠣᠷᠰᠠᠨ᠎ᠡ ᠁


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1643
ᠴᠠᠭ᠄ 2012 ᠤᠨ ᠤ 10 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ