ᠰᠠᠢ᠌ᠬᠠᠨ ᠮᠤᠩᠭ᠋ᠤᠯ ᠡᠷ᠎ᠡ ᠭᠦᠮᠤᠨ

ᠡᠳᠦᠭᠡ ᠴᠠᠭ ᠲᠤ ᠮᠤᠩᠭ᠋ᠤᠯ ᠡᠷ᠎ᠡ ᠭᠦᠮᠤᠨ ᠤ ᠶᠠᠰᠤ ᠴᠢᠨᠠᠷ ᠨᠢ ᠮᠥᠭᠡᠷᠡᠰᠤ᠂ ᠴᠢᠰᠤ᠂ ᠰᠦᠰᠦ ᠨᠢ ᠣᠰᠤ ᠪᠣᠯᠵᠤ ᠪᠠᠢ᠌ᠭ᠎ᠠ ᠴᠢᠭ᠂ ᠰᠠᠢ᠌ᠬᠠᠨ᠂ ᠮᠤᠩᠭ᠋ᠤᠯ ᠡᠷ᠎ᠡ ᠭᠦᠮᠤᠨ ᠤ ᠮᠦᠰᠤ ᠵᠤᠳᠠᠭ᠂ ᠶᠠᠰᠤ ᠴᠢᠨᠠᠷ ᠶᠠᠷᠤ ᠨᠢ ᠳᠡᠭ᠍ᠷᠢ ᠵᠠᠶᠠᠭᠠᠳᠤ ᠮᠤᠩᠭ᠋ᠤᠯ ᠡᠷ᠎ᠡ ᠭᠦᠮᠤᠨ ᠤ ᠳᠤᠬᠠᠢ ᠪᠣᠳᠤᠵᠤ ᠶᠠᠪᠣᠨ᠎ᠠ᠃ ᠶᠠᠷᠤ ᠡᠴᠡ ᠮᠤᠩᠭ᠋ᠤᠯᠴᠤᠳ ᠳᠤᠭᠤᠨᠤ ᠪᠠᠨ ᠡᠷᠭᠢᠭ᠍ᠰᠡᠨ ᠥᠷᠭᠦᠭᠡ ᠭᠡᠷ ᠤᠨ ᠶᠢᠡᠨ ᠬᠣᠢ᠌ᠮᠤᠷ ᠲᠤ ᠵᠠᠪᠢᠯᠠᠭᠰᠠᠨ ᠮᠤᠩᠭ᠋ᠤᠯ ᠡᠷ᠎ᠡ ᠭᠦᠮᠤᠨ ᠢ ᠠᠰᠤᠷᠤ ᠡᠷᠭᠦᠮᠵᠢᠯᠡᠨ ᠳᠡᠭᠡᠳᠦᠯᠡᠳᠡᠭ᠌᠃ ᠭᠡᠷ ᠤᠨ ᠡᠵᠡᠨ᠂ ᠠᠢ᠌ᠯ ᠤᠨ ᠨᠤᠶᠠᠨ ᠨᠢᠷᠤᠭᠤ ᠭᠡᠮᠡᠨ ᠬᠠᠢ᠌ᠷᠠᠯᠠᠨ ᠭᠦᠡᠳᠦᠳᠭᠡᠳᠡᠭ᠌ ᠳᠤᠩᠭ᠋ᠠᠯᠠᠭ ᠰᠠᠢ᠌ᠬᠠᠨ ᠣᠯᠠᠮᠵᠢᠯᠠᠯᠳᠤ ᠶᠤᠰᠤ ᠵᠦᠢ᠌ ᠲᠡᠶ ᠪᠢᠯᠠ᠃ ᠳᠠᠢ᠌ᠮᠤ ᠡᠴᠡ ᠴᠤ ᠠᠢ᠌ᠯ ᠳᠤ ᠭᠦᠤ ᠲᠦᠷᠦᠪᠠᠯ ᠭᠠᠯ ᠭᠤᠯᠤᠮᠳᠠ ᠶᠢᠨ ᠡᠵᠡᠨ᠂ ᠪᠦᠰᠡᠭᠦᠢ ᠭᠦᠮᠤᠨ ᠭᠤᠷᠪᠠᠨ ᠭᠦᠤ ᠳᠦᠷᠦᠭᠦᠯᠪᠠᠯ ᠳᠠᠷᠬᠠᠨ ᠪᠠᠷᠢ ᠭᠡᠮᠡᠨ ᠮᠠᠩᠨᠠᠢ ᠬᠠᠭᠠᠷᠠᠳᠠᠯ᠎ᠠ᠂ ᠰᠠᠤᠠᠭᠢᠯ ᠬᠠᠠᠳᠠᠯ᠎ᠠ ᠪᠠᠶᠠᠷᠯᠠᠳᠠᠭ ᠠᠷᠠᠤᠨ ᠲᠦᠮᠡᠨ᠃ ᠮᠤᠩᠭ᠋ᠤᠯ ᠡᠷ᠎ᠡ ᠭᠦᠮᠤᠨ ᠪᠦᠷ ᠭᠦᠮᠤᠨ ᠤ ᠶᠤᠰᠤ ᠵᠤᠳᠠᠭ᠂ ᠴᠢᠨᠠᠷ ᠨᠥᠡᠵᠢᠭ᠌᠂ ᠠᠷᠢᠭᠤᠨ ᠴᠠᠭᠠᠨ ᠰᠠᠤᠠᠭᠢᠯ᠂ ᠳᠤᠯᠬᠤ ᠨᠤᠶᠠᠨ ᠨᠢᠷᠤᠭᠤ᠂ ᠴᠠᠯᠭᠢ ᠴᠢᠳᠠᠪᠭᠢ᠂ ᠡᠷᠳᠡᠮ ᠣᠬᠠᠭᠠᠨ᠂ ᠳᠡᠭ᠍ᠷᠢᠯᠢᠭ᠌ ᠬᠤᠪᠢ ᠳᠠᠪᠢᠯᠠᠩ ᠲᠡᠶ ᠪᠠᠢ᠌ᠬᠤ ᠶᠢ ᠭᠦᠰᠡᠵᠤ ᠳᠡᠮᠤᠯᠡᠳᠡᠭ᠌᠃ ᠳᠡᠭ᠍ᠷᠢᠯᠢᠭ᠌ ᠵᠠᠶᠠᠭᠠᠳᠤ ᠰᠠᠢ᠌ᠬᠠᠨ ᠮᠤᠩᠭ᠋ᠤᠯ ᠡᠷᠡᠴᠦᠦᠯ ᠦᠶ᠎ᠡ ᠶᠢᠨ ᠦᠶ᠎ᠡ ᠳᠤ ᠮᠤᠩᠭ᠋ᠤᠯ ᠡᠭᠡ ᠣᠷᠤᠨ᠂ ᠳᠤᠰᠠᠭᠠᠷ ᠳᠤᠭᠳᠠᠨᠢᠯ᠂ ᠭᠠᠵᠠᠷ ᠰᠢᠷᠤᠢ᠂ ᠭᠦᠮᠤᠨ ᠠᠷᠠᠤᠨ ᠤᠨ ᠶᠢᠡᠨ ᠠᠮᠤᠷ ᠠᠮᠤᠭᠤᠯᠠᠩ ᠠᠵᠠ ᠵᠢᠷᠭᠠᠯᠳᠠᠢ ᠠᠮᠢᠳᠤᠷᠠᠯ ᠤᠨ ᠳᠦᠯᠦᠭᠡ ᠯᠠ ᠳᠠᠮᠠᠴᠠᠵᠤ᠂ ᠰᠠᠤᠠᠭᠢᠯ ᠵᠢᠷᠦᠭᠡ᠂ ᠠᠯᠳᠠᠨ ᠠᠮᠢ᠂ ᠡᠷᠳᠡᠨᠢᠳᠤ ᠪᠠᠶ᠎ᠠ ᠪᠠᠨ ᠵᠤᠷᠢᠭᠤᠯᠵᠤ ᠶᠠᠪᠣᠭᠰᠠᠨ ᠢ ᠪᠢᠳᠠ ᠮᠠᠷᠳᠠᠵᠤ ᠭᠡᠵᠢᠶ᠎ᠡ ᠴᠤ ᠦᠯᠦ ᠪᠣᠯᠤᠨ᠎ᠠ᠃ ᠠᠷᠠᠤᠨ ᠠᠶᠤᠰᠢ ᠶᠠᠭᠠᠭᠢᠬᠤ ᠭᠡᠵᠤ 11 ᠣᠳᠠᠭ᠎ᠠ ᠰᠢᠷᠬᠠᠳᠠᠴᠢᠬᠠᠭᠠᠤᠨ ᠶ‍ᠢᠰᠤᠨ ᠡᠷᠡᠭᠦᠤ ᠰᠢᠭᠦᠯᠳᠡ ᠶᠢ ᠳᠠᠪᠠᠨ ᠳᠤᠭᠤᠯᠵᠤ ᠪᠠᠢ᠌ᠭᠰᠠᠨ ᠶᠤᠮ ᠪᠣᠢ︖ ᠁ ᠴᠠᠯ ᠵᠠᠯᠠᠭᠤ ᠨᠠᠰᠤᠨ ᠤ ᠭᠠᠯ ᠲᠦᠯᠦ ᠪᠠᠷ ᠪᠠᠳᠠᠷᠠᠭᠠᠵᠤ᠂ ᠰᠠᠳᠭᠢᠯ ᠵᠢᠷᠦᠭᠡ ᠬᠤᠶᠠᠷ ᠲᠠᠭᠠᠨ ᠰᠢᠳᠠᠵᠤ ᠶᠠᠪᠣᠬᠤ ᠦᠶ᠎ᠡ ᠳᠡᠭᠡᠨ ᠴᠢᠩ ᠵᠢᠷᠦᠭᠡᠨ ᠤ ᠠᠮᠠᠷᠠᠭ ᠲᠠᠭᠠᠨ ᠭᠡᠯᠡᠵᠤ ᠥᠵᠡᠭᠡ ᠦᠭᠡᠶ ᠮᠦᠷᠳᠠᠯ᠎ᠠ ᠴᠢᠨᠤᠭᠢ ᠪᠠᠨ ᠳᠦᠯᠦᠭᠡ ᠥᠭᠦᠶ᠎ᠡ ᠭᠡᠵᠤ ᠡᠭᠡ ᠣᠷᠤᠨ ᠳᠠᠭᠠᠨ ᠭᠡᠯᠡᠳᠡᠭ᠌᠁ ᠡᠷᠡᠴᠦᠦᠯ ᠪᠣᠯ ᠵᠢᠩᠭᠢᠨᠢ ᠮᠤᠩᠭ᠋ᠤᠯ ᠰᠠᠢ᠌ᠬᠠᠨ ᠭᠦᠭᠡ ᠬᠠᠷᠠᠴᠤᠤᠯ ᠪᠠᠢ᠌ᠭᠰᠠᠨ᠃ ᠬᠤᠯᠤᠭᠠᠨ᠎ᠠ ᠳᠠᠤᠯᠠᠢ ᠰᠢᠭ᠌ ᠬᠤᠯᠴᠢᠭᠠᠷ᠂ ᠥᠭᠡᠷ ᠰᠢᠭ᠌ ᠳᠡᠨᠡᠭ᠌᠂ ᠨᠤᠶᠠᠨ ᠰᠢᠭ ᠣᠷᠪᠠᠭᠠᠴᠢ᠂ ᠱᠠᠭᠠᠵᠠᠭᠠᠢ ᠰᠢᠭ ᠥᠭᠡᠯᠡᠭᠡ᠂ ᠪᠣᠬ᠎ᠠ ᠰᠢᠭ ᠮᠤᠨᠤᠭ᠂ ᠰᠠᠯᠭᠢ ᠰᠢᠭ ᠭᠦᠩᠭᠡᠨ᠂ ᠪᠠᠯᠭᠠᠨᠰᠠᠩ ᠰᠢᠭ᠌ ᠬᠤᠳᠠᠯᠴᠢ᠂ ᠡᠯᠵᠢᠭᠡ ᠰᠢᠭ᠌ ᠭᠡᠢ᠌ᠮᠦᠷᠢ ᠦᠭᠡᠶ ᠥᠯᠪᠠᠭᠡᠷ ᠮᠠᠭᠤᠬᠠᠢ ᠠᠷᠠᠠᠰᠢᠨ᠂ ᠵᠠᠩ ᠴᠢᠨᠠᠷ ᠢ ᠨᠥᠡᠵᠢᠭ᠌ ᠲᠡᠶ ᠰᠠᠢ᠌ᠬᠠᠨ ᠮᠤᠩᠭ᠋ᠤᠯ ᠡᠷ᠎ᠡ ᠭᠦᠮᠤᠨ ᠦᠵᠡᠨ ᠶᠠᠳᠠᠳᠠᠭ᠂ ᠦᠯᠦ ᠳᠡᠪᠴᠢᠳᠡᠭ᠌ ᠪᠦᠯᠦᠭᠡ᠃ ᠰᠠᠢ᠌ᠬᠠᠨ ᠮᠤᠩᠭ᠋ᠤᠯ ᠡᠷ᠎ᠡ ᠭᠦᠮᠤᠨ ᠤ ᠶ‍ᠢᠰᠤᠨ ᠰᠠᠢ᠌ᠨ ᠴᠢᠨᠠᠷ ᠲᠤ ᠡᠢ᠌ᠨ ᠥᠭᠦᠯᠡᠭ᠍ᠰᠡᠨ ᠪᠠᠢ᠌ᠳᠠᠭ᠃

1᠂ ᠠᠯᠤᠰ ᠤᠨ ᠬᠠᠷᠠᠭ᠎ᠠ

2᠂ ᠬᠤᠯᠠᠴᠢ ᠣᠬᠠᠭᠠᠨ

3᠂ ᠥᠷᠦᠰᠢᠶᠡᠩᠭᠦᠢ ᠰᠠᠳᠭᠢᠯ

4᠂ ᠡᠪ ᠡᠶ᠎ᠡ᠂ ᠬᠠᠢ᠌ᠷ᠎ᠠ ᠳᠤᠷᠠᠯᠠᠯ

5᠂ ᠡᠷᠭᠢᠮ ᠳᠡᠭᠦᠯᠳᠡᠷ ᠨᠤᠶᠠᠨ ᠨᠢᠷᠤᠭᠤ

6᠂ ᠥᠮᠦᠭ᠌ ᠳᠦᠰᠢᠭ᠌ ᠳᠤᠯᠭᠠᠭᠤᠷᠢ ᠪᠣᠯᠬᠤ ᠴᠢᠨᠠᠷ

7᠂ ᠬᠠᠳᠠᠨ ᠵᠤᠷᠢᠭᠳᠤ ᠳᠠᠪᠴᠢᠶᠠᠷᠢ ᠬᠠᠳᠠᠭᠤᠵᠢᠯ

8᠂ ᠬᠠᠨᠢᠯᠠᠬᠤ ᠠᠷᠭ᠎ᠠ ᠣᠬᠠᠭᠠᠨ

9᠂ ᠭᠦᠮᠤᠨ ᠤ ᠮᠦᠰᠤ ᠴᠢᠨᠠᠷ᠂ ᠶᠤᠰᠤ ᠵᠤᠳᠠᠭ᠂ ᠨᠥᠡᠵᠢᠭ᠌

ᠬᠠᠷᠢᠨ ᠮᠠᠭᠤ ᠡᠷ᠎ᠡ ᠶᠢᠨ ᠶ‍ᠢᠰᠤᠨ ᠰᠢᠠᠵᠢ ᠭᠡᠪᠠᠯ᠄

1᠂ ᠪᠣᠷᠤ ᠳᠠᠷᠠᠰᠤᠨ ᠳᠤ ᠰᠢᠨᠤᠭᠴᠢ

2᠂ ᠪᠣᠯᠴᠢᠮ ᠦᠭᠡᠶ ᠥᠭᠡᠨ ᠳᠤ ᠠᠪᠳᠠᠭᠴᠢ

3᠂ ᠪᠣᠭᠳᠠ ᠴᠢᠩᠭᠢᠰ ᠤᠨ ᠰᠤᠷᠭᠠᠯ ᠳᠤ ᠳᠡᠷᠰᠯᠡᠭ᠍ᠴᠢ

4᠂ ᠣᠢ᠌ᠳᠠᠩ ᠬᠤᠸᠠᠷ ᠤᠨ ᠥᠩᠭᠡᠨ ᠳᠤ ᠠᠪᠳᠠᠭᠴᠢ

5᠂ ᠣᠢ᠌ᠯᠠ ᠶᠢᠨ ᠭᠡᠴᠡᠭᠦᠤ ᠡᠴᠡ ᠰᠢᠠᠳᠠᠷᠠᠭᠴᠢ

6᠂ ᠦᠷ᠎ᠡ ᠭᠡᠦᠭᠡᠤᠨ ᠶᠢᠡᠨ ᠠᠳᠠ ᠥᠵᠡᠭ᠍ᠴᠢ

7᠂ ᠦᠨᠡᠠᠴᠢ ᠬᠠᠨᠢ ᠪᠠᠨ ᠭᠤᠮᠤᠳᠠᠭᠠᠭᠴᠢ

8᠂ ᠪᠣᠯᠬᠤ᠂ ᠪᠣᠯᠬᠤ ᠦᠭᠡᠶ ᠭᠡᠷᠡᠭ᠌ ᠢ ᠰᠡᠳᠦᠭ᠍ᠴᠢ

9᠂ ᠮᠤᠩᠬᠠᠭ ᠮᠤᠨᠤᠭ ᠲᠤ ᠠᠪᠳᠠᠭᠴᠢ ᠭᠡᠵᠡᠢ᠃

ᠠᠷᠪᠠᠨ ᠭᠤᠷᠪᠠᠳᠤᠭᠠᠷ ᠳᠠᠯᠠᠢ ᠯᠠᠮᠠ ᠮᠤᠩᠭ᠋ᠤᠯ ᠣᠷᠤᠨ ᠳᠤ ᠮᠤᠷᠢᠯᠠᠬᠤ ᠳᠤ ᠴᠢᠩ ᠸᠠᠩ ᠬᠠᠠᠳᠠᠳᠤᠷᠵᠢ 16 ᠨᠠᠰᠤᠳᠠᠢ ᠭᠦᠤ ᠪᠠᠨ ᠳᠡᠭᠦᠨ ᠳᠤ ᠪᠠᠷ᠎ᠠ ᠪᠣᠯᠭᠠᠨ ᠡᠷᠳᠡᠮ ᠨᠤᠮ ᠰᠤᠷᠭᠠᠬᠤ ᠪᠠᠷ ᠡᠮᠦᠨᠡᠳᠤ ᠭᠦᠷᠰᠢ ᠣᠷᠤᠭᠤ ᠶᠠᠪᠣᠭᠤᠯᠤᠭᠰᠠᠨ ᠪᠠᠢ᠌ᠳᠠᠭ᠃ ᠳᠠᠯᠠᠢ ᠯᠠᠮᠠ ᠭᠦᠤ ᠶᠢ ᠪᠠᠷ᠎ᠠ ᠪᠣᠯᠤᠭᠰᠠᠤᠨ ᠤᠨ ᠶᠢᠡᠨ ᠳᠤᠭᠠᠨ ᠳᠤ ᠣᠷᠤᠭᠤᠯᠤᠨ ᠮᠠᠠᠵᠤ ᠶᠢᠨ ᠡᠵᠡᠨ ᠬᠠᠭᠠᠨ ᠳᠤ ᠪᠠᠷᠠᠭᠠᠯᠠᠭᠤᠯᠬᠤ ᠭᠡᠳᠡᠯ᠎ᠡ 《ᠶᠤᠰᠤ ᠠᠯᠳᠠᠭᠰᠠᠨ》 ᠭᠡᠳᠡᠭ᠌ ᠰᠢᠯᠳᠠᠭ ᠶᠢᠡᠷ ᠦᠨᠡᠨ ᠳᠡᠭᠡᠨ ᠮᠤᠩᠭ᠋ᠤᠯ ᠠᠮᠢ ᠲᠡᠶ ᠳᠡᠷᠰᠯᠡᠭᠦᠤ ᠡᠴᠢᠭᠡ ᠳ᠋ᠤᠨᠢ ᠭᠡᠰᠭᠡᠯ ᠥᠵᠡᠭᠦᠯᠭᠦ ᠵᠤᠷᠢᠯᠭ᠎ᠠ ᠪᠠᠷ ᠭᠦᠭᠡᠷᠦᠭᠦᠢ ᠭᠦᠤ ᠶᠢ ᠬᠤᠷᠤᠭᠠᠭᠰᠠᠨ ᠪᠢᠯᠠ᠃ ᠴᠢᠩ ᠸᠠᠩ ᠬᠠᠠᠳᠠᠳᠤᠷᠵᠢ ᠶᠠᠭᠠᠷᠠᠨ ᠳᠤᠪᠳᠤᠯᠭᠠᠭᠰᠠᠭᠠᠷ ᠪᠠᠭᠡᠵᠢᠩ ᠳᠤ ᠣᠴᠢᠬᠤ ᠳᠤ ᠬᠠᠢ᠌ᠷᠠᠳᠤ ᠭᠦᠤ ᠶᠢᠨ ᠭᠢᠨᠢ ᠳᠤᠯᠤᠭᠠᠢ ᠶᠢ ᠴᠠᠷ᠎ᠠ ᠳ᠋ᠤ ᠲ᠋ᠠᠯᠪᠢᠨ ᠪᠦᠳᠡᠭᠡᠭᠡᠤᠨ ᠥᠭᠦᠴᠡ ᠪᠠᠷ ᠵᠤᠴᠢᠯᠠᠵᠤ ᠪᠣᠢ ᠳᠦᠷᠢ ᠡᠰᠭᠡᠨ ᠳᠠᠭᠠᠵᠢᠩᠨᠠᠭᠰᠠᠨ ᠠᠵᠠᠢ᠃ ᠳᠠᠷᠠ ᠭᠦ ᠊ᠭ᠍ᠱᠡᠨ ᠳᠤ ᠸᠠᠩ ᠤᠨ ᠴᠡᠭᠡᠵᠢ ᠳᠠᠪᠴᠢᠳᠠᠨ ᠵᠢᠷᠦᠭᠡ ᠨᠢ ᠣᠢ᠌ᠮᠤᠷᠠᠵᠤ ᠣᠷᠠᠭᠳᠠᠵᠤ ᠪᠠᠢ᠌ᠭᠰᠠᠨ ᠴᠤ 《ᠥ᠂ ᠡᠨᠡ ᠴᠢᠨᠢ ᠳᠠ ᠨᠡᠷ ᠤᠨ ᠥᠭᠦᠴᠡ ᠪᠠᠢ᠌ᠨ᠎ᠠ᠃ ᠪᠢ ᠠᠠᠳᠠᠭᠤᠷᠠᠵᠤ》 ᠭᠡᠤᠨ ᠮᠤᠩᠬᠤᠷ ᠦᠷ᠎ᠡ ᠡᠴᠡ ᠪᠠᠨ ᠬᠠᠭᠠᠴᠠᠬᠤ ᠭᠡᠴᠢᠨᠡᠨ ᠭᠡᠴᠡᠭᠦᠤ ᠴᠤ ᠮᠤᠩᠭ᠋ᠤᠯ ᠶᠢᠡᠨ ᠠᠯᠳᠠᠭ᠎ᠠ ᠦᠭᠡᠶ ᠴᠠᠭ ᠲᠤ ᠪᠣᠯᠤᠨ᠎ᠠ 《ᠡ ᠭᠦᠶ‍ᠢ》 ᠭᠡᠵᠤ ᠰᠢᠪᠠᠨᠡᠭᠡᠤᠨ ᠣᠷᠳᠤᠨ ᠤ ᠡᠭᠦᠳᠡ ᠶᠢ ᠰᠠᠪᠠᠨ ᠭᠠᠷᠤᠭᠰᠠᠨ ᠭᠡᠳᠡᠭ᠌᠃ ᠴᠢᠩ ᠸᠠᠩ ᠬᠠᠠᠳᠠᠳᠤᠷᠵᠢ ᠶᠢᠨ ᠡᠨᠡ ᠡᠷᠡᠯᠭᠡᠭ᠌ ᠨᠠᠮᠪᠠ ᠳᠦᠷᠭᠦ᠂ ᠰᠠᠤᠠᠭᠢᠯ ᠤᠨ ᠬᠠᠳᠠᠨ ᠭᠦᠯᠢᠴᠡ ᠲ᠋ᠡᠪᠴᠢᠶᠡᠷᠢ᠂ ᠲᠦᠷᠦ ᠶᠢᠨ ᠭᠦᠮᠤᠨ ᠤ ᠭᠦᠶ‍ᠦᠯᠭᠡ ᠣᠬᠠᠭᠠᠨ᠂ ᠵᠤᠷᠢᠭ ᠵᠢᠷᠦᠭᠡ᠂ ᠬᠤᠭᠤᠷᠠᠰᠢ ᠦᠭᠡᠶ ᠨᠤᠶᠠᠨ ᠨᠢᠷᠤᠭᠤ᠂ ᠨᠤᠮᠤᠬᠠᠷᠠᠰᠢ ᠦᠭᠡᠶ ᠴᠥᠯᠡᠭᠦ ᠬᠠᠳᠠᠭᠤᠵᠢᠯ 《ᠰᠠᠢ᠌ᠬᠠᠨ ᠮᠤᠩᠭ᠋ᠤᠯ ᠡᠷ᠎ᠡ ᠭᠦᠮᠤᠨ》 ᠊ᠤ ᠴᠢᠰᠤᠨ ᠳᠤ ᠪᠠᠢ᠌ᠳᠠᠭ᠃ ᠮᠤᠩᠭ᠋ᠤᠯ ᠴᠢᠨᠠᠷ ᠰᠦᠰᠦᠨ ᠳᠤ ᠨᠢᠭᠤᠭᠳᠠᠳᠠᠭ 《ᠮᠤᠩᠭ᠋ᠤᠯ ᠠᠷᠠᠠᠰᠢᠨ》 ᠠᠵᠤᠭᠤ᠃ ᠴᠤᠬᠤᠮ ᠦᠨᠡᠨ ᠢ ᠦᠨᠡᠨ ᠥᠭᠡ ᠪᠠᠷ ᠭᠡᠯᠡᠳᠡᠭ᠌ ᠴᠢᠯᠠᠭᠤ ᠰᠢᠭ ᠬᠠᠳᠠᠭᠤ ᠴᠤ ᠣᠶᠠᠬᠠᠨ ᠰᠠᠤᠠᠭᠢᠯ ᠲᠡᠶ ᠴᠢᠩ ᠭᠦᠤ ᠬᠠᠢ᠌ᠷ᠎ᠠ ᠶᠢᠨ ᠡᠭᠡ ᠡᠴᠢᠭᠡ ᠶᠢᠨ ᠠᠯᠢᠨ ᠳᠤ ᠴᠤ ᠴᠢᠩᠭ᠋ᠠᠯᠠᠭᠰᠠᠨ ᠰᠠᠤᠠᠭᠢᠯ ᠤᠨ ᠬᠠᠢ᠌ᠷ᠎ᠠ ᠳᠤ ᠣᠶᠠᠷᠠᠳᠠᠭ ᠡᠨᠡᠷᠢᠯ ᠬᠠᠢ᠌ᠷ᠎ᠠ ᠰᠤᠳᠠᠰᠤᠨ ᠳ᠋ᠤᠨᠢ ᠯᠤᠭᠰᠢᠳᠠᠭ ᠡᠷᠭᠢᠭᠦ ᠳᠡᠯᠡᠭᠡᠢ ᠣᠬᠠᠭᠠᠨ ᠳ᠋ᠤᠨᠢ ᠪᠠᠭᠳᠠᠳᠠᠭ ᠠᠮᠢ᠂ ᠠᠮᠢᠳᠤᠷᠠᠯ ᠤᠨ ᠠᠯᠳᠠᠨ ᠪᠠᠭᠠᠨ᠎ᠠ ᠡᠷ᠎ᠡ ᠭᠦᠮᠤᠨ ᠪᠠᠢ᠌ᠨ᠎ᠠ᠂ ᠠᠵᠠ ᠵᠢᠷᠭᠠᠯ ᠤᠨ ᠠᠳᠠᠪᠠᠰᠢ ᠳᠦᠰᠢᠭ᠌ ᠡᠷ᠎ᠡ ᠭᠦᠮᠤᠨ ᠪᠠᠢ᠌ᠨ᠎ᠠ᠂ ᠠᠭᠤᠯᠠ ᠶᠢ ᠡᠷᠭᠦᠭᠦ ᠭᠦᠴᠦᠳᠡᠢ ᠮᠦᠷᠳᠠᠯ᠎ᠠ ᠥᠯᠦᠭᠡᠢ ᠲᠡᠶ ᠭᠡᠦᠭᠡᠤᠨ ᠲᠡᠭᠡᠨ ᠬᠠᠢ᠌ᠷ᠎ᠠ ᠪᠠᠷ ᠰᠥᠭᠦᠳᠳᠡᠭ᠌᠂ ᠦᠪᠡᠷ ᠡᠴᠡ ᠪᠠᠨ ᠨᠠᠮᠬᠠᠨ ᠡᠵᠢ ᠳᠡᠭᠡᠨ ᠥᠨᠦᠰᠦᠭᠦᠯᠭᠦ ᠳᠡᠭᠡᠨ ᠬᠠᠢ᠌ᠷ᠎ᠠ ᠶᠢᠨ ᠳᠠᠨᠢ ᠭᠦᠡᠳᠤ ᠳᠤ ᠪᠦᠭᠦᠢᠯ᠎ᠡ ᠳ᠋ᠠ ᠭᠡᠵᠤ ᠪᠣᠳᠤᠳᠠᠭ᠂ ᠡᠨᠡᠷᠢᠯ ᠬᠠᠢ᠌ᠷ᠎ᠠ ᠰᠤᠳᠠᠰᠤᠨ ᠳ᠋ᠤᠨᠢ ᠯᠤᠭᠰᠢᠳᠠᠭ ᠡᠷᠭᠢᠭᠦ ᠳᠡᠯᠡᠭᠡᠢ ᠣᠬᠠᠭᠠᠨ ᠳ᠋ᠤᠨᠢ ᠪᠠᠭᠳᠠᠳᠠᠭ ᠠᠮᠢ᠂ ᠠᠮᠢᠳᠤᠷᠠᠯ ᠤᠨ ᠠᠯᠳᠠᠨ ᠪᠠᠭᠠᠨ᠎ᠠ ᠡᠷ᠎ᠡ ᠭᠦᠮᠤᠨ ᠪᠠᠢ᠌ᠨ᠎ᠠ᠂ ᠠᠵᠠ ᠵᠢᠷᠭᠠᠯ ᠤᠨ ᠠᠳᠠᠪᠠᠰᠢ ᠳᠦᠰᠢᠭ᠌ ᠡᠷ᠎ᠡ ᠭᠦᠮᠤᠨ ᠪᠠᠢ᠌ᠨ᠎ᠠ᠂ ᠡᠩᠭᠡᠷ ᠢ ᠨᠢ ᠳᠦᠰᠢᠭᠦ ᠳᠤ ᠳᠤᠯᠠᠭᠠᠬᠠᠨ ᠬᠠᠨ ᠊᠊᠊᠊᠊᠊᠊᠊᠊᠊᠊᠊᠊᠊᠊ ᠠᠭᠤᠯᠠ ᠶᠠᠷᠢᠬᠤ ᠶᠢ ᠨᠢ ᠰᠤᠨᠤᠰᠬᠤ ᠳᠤ ᠬᠤᠭᠤᠷ ᠤᠨ ᠡᠭᠡᠰᠢᠭ᠌ ᠲᠡᠶ ᠡᠭᠡᠯᠭᠡᠨ ᠨᠢᠭᠡ ᠨᠢ ᠣᠳᠤ ᠬᠠᠷᠪᠤᠯ᠎ ᠡᠭᠡᠭᠦ ᠳᠤ ᠡᠯᠢᠭᠡ ᠡᠮᠳᠡᠷᠡᠮ᠎ᠡ ᠬᠠᠷᠠᠭᠠᠰᠤᠨ ᠣᠭᠢᠯᠠᠳᠠᠭ ᠡᠨᠡᠷᠢᠯ ᠬᠠᠢ᠌ᠷ᠎ᠠ ᠰᠤᠳᠠᠰᠤᠨ ᠳᠤᠨᠢ ᠯᠤᠭᠰᠢᠳᠠᠭ ᠡᠷᠭᠢᠭᠦ ᠳᠡᠯᠡᠭᠡᠢ ᠣᠬᠠᠭᠠᠨ ᠳ᠋ᠤᠨᠢ ᠪᠠᠭᠳᠠᠳᠠᠭ ᠠᠮᠢ᠂ ᠠᠮᠢᠳᠤᠷᠠᠯ ᠤᠨ ᠠᠯᠳᠠᠨ ᠪᠠᠭᠠᠨ᠎ᠠ ᠡᠷ᠎ᠡ ᠭᠦᠮᠤᠨ ᠪᠠᠢ᠌ᠨ᠎ᠠ᠂ ᠠᠵᠠ ᠵᠢᠷᠭᠠᠯ ᠤᠨ ᠠᠳᠠᠪᠠᠰᠢ ᠳᠦᠰᠢᠭ᠌ ᠡᠷ᠎ᠡ ᠭᠦᠮᠤᠨ ᠪᠠᠢ᠌ᠨ᠎ᠠ ᠭᠡᠵᠤ ᠪᠢᠳᠠ ᠰᠠᠢ᠌ᠬᠠᠨ ᠮᠤᠩᠭ᠋ᠤᠯ ᠡᠷ᠎ᠡ ᠭᠦᠮᠤᠨ ᠢ ᠡᠷᠭᠦᠮᠵᠢᠯᠡᠨ ᠳᠠᠭᠤᠯᠠᠳᠠᠭ᠃ ᠳᠡᠭ᠍ᠷᠢᠯᠢᠭ᠌ ᠠᠳᠠᠪᠠᠰᠢᠯᠢᠭ ᠳᠠᠪᠢᠯᠠᠩ ᠲᠡᠶ᠂ ᠮᠦᠰᠤ ᠵᠤᠳᠠᠭ᠂ ᠨᠥᠡᠵᠢᠭ᠌᠂ ᠶᠠᠰᠤ ᠴᠢᠨᠠᠷ ᠰᠠᠢ᠌ᠬᠠᠨ ᠮᠤᠩᠭ᠋ᠤᠯ ᠡᠷ᠎ᠡ ᠭᠦᠮᠤᠨ ᠣᠯᠠᠮ ᠣᠯᠠᠨ ᠪᠣᠯᠳᠤᠭᠠᠢ᠃


ᠬᠠᠯᠬ᠎ᠠ ᠶᠢᠨ ᠨᠠᠢ᠌ᠵᠠ ᠶᠢᠨ ᠪᠠᠯᠡᠭᠯᠡᠭ᠍ᠰᠡᠨ ᠨᠤᠮ ᠡᠴᠡ ᠪᠠᠭᠤᠯᠭᠠᠪᠠ

ᠢᠷᠡᠯᠲᠡ᠄ ᠮᠢ᠊·ᠨᠠᠷᠠᠨ ᠬᠠᠩᠭ᠋ᠠᠪᠠ
ᠬᠠᠷᠢᠶ᠎ᠠ᠄ ᠰᠤᠶᠤᠯ ᠣᠷᠠᠯᠢᠭ
ᠳᠠᠷᠤᠮ᠄ 6975
ᠴᠠᠭ᠄ 2008 ᠤᠨ ᠤ 12 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ