ᠨᠡᠭᠦᠳᠡᠯ

ᠬᠤᠨ ᠤ ᠴᠭᠠᠨ ᠨᠡᠭᠦᠳᠡᠯ

ᠨᠤᠳᠤᠭ ᠤᠨ ᠡᠯᠢᠭᠡᠨ ᠳᠤ ᠬᠤᠷᠤᠭᠳᠠᠨ

ᠮᠤᠩᠭ᠋ᠤᠯ ᠤᠨ ᠳᠠᠯ᠎ᠠ ᠳᠤ ᠵᠤᠰᠠᠪᠠ᠃

ᠨᠡᠭᠦᠳᠡᠯ ᠤᠨ ᠴᠡᠩᠭᠡᠷ ᠠᠶᠠᠨ

ᠳᠡᠭᠷᠢ ᠶᠢᠨ ᠬᠠᠶᠠᠭᠠᠨ ᠡᠴᠡ ᠥᠷᠭᠦᠯᠵᠢᠯᠡᠵᠤ

ᠳᠡᠷᠳᠡᠭᠡ ᠭᠢᠵᠠᠭᠠᠷ ᠢ ᠳᠤᠭᠤᠯᠪᠠ᠃

ᠨᠠᠭᠤᠷ ᠲᠤ ᠬᠤᠷᠤᠭᠳᠠᠭᠰᠠᠨ

ᠰᠢᠪᠠᠭᠤᠳ ᠨᠢ

ᠭᠦᠮᠦᠡᠴᠢ ᠬᠠᠢ᠌ᠷ᠎ᠠ ᠪᠠᠷ ᠳᠦᠯᠵᠢᠪᠠ᠃

ᠮᠤᠩᠭ᠋ᠤᠯ ᠮᠠᠯᠵᠢᠯ ᠤᠨ ᠠᠮᠢᠳᠤᠷᠠᠯ ᠨᠢ

ᠬᠠᠰᠠᠭ ᠳᠡᠷᠭᠡ ᠪᠠᠨ ᠴᠥᠷᠭᠦᠯᠡᠩᠰᠡᠭᠡᠷ

ᠬᠠᠭᠠᠨ ᠳᠠᠯ᠎ᠠ ᠶᠢ ᠦᠪᠴᠢ ᠪᠦᠷᠭᠦᠪᠡ᠃

ᠨᠡᠭᠦᠳᠡᠯ ᠣᠯᠠᠷᠢᠨ ᠣᠯᠠᠷᠢᠭᠰᠠᠭᠠᠷ

ᠰᠢᠨ᠎ᠡ ᠵᠠᠭᠤᠨ ᠢ ᠣᠭᠳᠤᠪᠠ᠃

ᠨᠡᠭᠦᠳᠡᠯ ᠤᠨ ᠳᠡᠦᠭᠡ ᠰᠢᠨ᠎ᠡ ᠬᠠᠭᠤᠳᠠᠰᠤ ᠪᠣᠯᠪᠠ᠃

ᠰᠠᠠᠰᠠᠷ ᠤᠨ ᠨᠢᠰᠦᠭ᠍ᠴᠢᠳ

ᠡᠭᠦᠯᠡ ᠰᠢᠯᠢᠨ ᠨᠡᠭᠦᠳᠡᠯᠡᠭ᠍ᠰᠡᠭᠡᠷ

ᠬᠠᠨ ᠳᠡᠯᠡᠭᠡᠢ ᠶᠢ ᠬᠠᠢ᠌ᠪᠠ᠃

ᠨᠡᠭᠦᠳᠡᠯ ᠤᠨ ᠰᠢᠡᠵᠢᠯᠡᠭᠡ ᠥᠷᠭᠦᠯᠵᠢᠯᠡᠭ᠍ᠰᠡᠭᠡᠷ

ᠵᠠᠭᠤᠨ ᠤ ᠭᠦᠷᠳᠤ ᠶᠢ ᠰᠢᠨᠡᠦᠭᠡᠭᠦ ᠳ᠋ᠤ

ᠭᠦᠤ ᠶᠢᠨ ᠪᠣᠳᠤᠯ ᠨᠡᠭᠦᠳᠡᠯᠡᠪᠡ᠃


ᠵᠤᠬᠢᠶᠠᠭᠴᠢ ᠶᠢᠨ ᠬᠠᠶ‍ᠢᠭ ᠄ ᠠᠷᠤ ᠬᠤᠷᠴᠢᠨ

ᠵᠤᠬᠢᠶᠠᠭᠴᠢ᠄ ᠷᠠ᠊·ᠥᠯᠵᠡᠢ᠌ᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1300
ᠴᠠᠭ᠄ 2009 ᠤᠨ ᠤ 12 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁