ᠳᠠᠪᠢᠯᠠᠩ

ᠠᠰᠠᠷ ᠳᠠᠭᠳᠤ ᠳᠤ ᠵᠢᠷᠭᠠᠬᠤ ᠪᠠᠷ

ᠠᠪᠣ ᠡᠵᠢ ᠪᠠᠨ ᠳᠤᠷᠠᠰᠤᠨ᠎ᠠ

ᠠᠮᠠᠷᠠᠭ ᠬᠤᠶᠠᠷ ᠡᠶᠡᠰᠭᠦ ᠪᠠᠷ

ᠠᠩᠭ᠎ᠠ ᠳᠡᠭᠦᠤ ᠳᠤ ᠪᠠᠨ ᠵᠤᠪᠠᠨ᠎ᠠ

ᠡᠷᠪᠠᠢ ᠦᠷ᠎ᠡ ᠪᠠᠨ ᠪᠣᠳᠤᠬᠤ ᠪᠠᠷ

ᠢᠷᠡᠭᠡᠳᠦᠢ ᠶᠢᠨ ᠵᠠᠮ ᠵᠤᠷᠠᠢ᠌ᠨ᠎ᠠ

ᠠᠵᠢᠯ ᠣᠢ᠌ᠯᠠᠰ ᠶᠢᠡᠨ ᠡᠷᠭᠢᠴᠡᠭᠦᠯᠭᠦ ᠪᠠᠷ

ᠠᠰᠢᠳᠠ ᠶᠢᠨ ᠵᠠᠶᠠᠭ᠎ᠠ ᠳᠠᠢ᠌ᠪᠣᠰᠢᠷᠠᠨ᠎ᠠ

ᠠᠯᠳᠠᠨ ᠬᠤᠷᠸ᠎ᠠ ᠳᠤ ᠠᠮᠢᠳᠤ ᠭᠦᠮᠤᠨ

ᠠᠮᠤᠷ ᠳᠠᠢ᠌ᠪᠣᠩ ᠡᠳ᠋ᠯᠡᠬᠦ ᠦᠭᠡᠶ

ᠠᠯᠳᠠᠭ ᠣᠨᠤᠭ ᠮᠦᠴᠡ ᠳᠤᠰᠤᠮ

ᠠᠰ ᠤᠨ ᠪᠠᠶ᠎ᠠ ᠡᠴᠠ ᠡᠭᠦᠰᠤᠨ᠎ᠡ

ᠡᠵᠡᠨ ᠭᠢᠴᠢᠶᠠᠪᠠᠯ ᠵᠠᠶᠠᠭ᠎ᠠ ᠭᠢᠴᠢᠶᠡᠭᠡᠳ

ᠡᠨᠡ ᠪᠠᠶ᠎ᠠ ᠵᠢᠷᠭᠠᠨ᠎ᠠ

ᠡᠯᠳᠡᠪ ᠵᠣᠢ᠌ᠯ ᠤᠨ ᠣᠴᠠᠷᠠᠯ ᠲᠤᠬᠢᠶᠠᠯ

ᠡᠩ ᠶᠡᠷᠦᠮᠳᠡᠭ᠌ ᠳᠠᠢ᠌ᠯᠤᠭᠳᠠᠨ᠎ᠠ

ᠡ᠊ᠨᠳᠡᠭᠦᠤ ᠣᠰᠤᠯ ᠪᠠᠬᠠᠨ ᠵᠦᠷᠢᠪᠠᠯ

ᠦᠰᠤᠳ ᠥᠭᠡᠷ᠎ᠡ ᠪᠠᠷ ᠬᠤᠪᠢᠷᠠᠨ᠎ᠠ

ᠡᠭᠡᠯ ᠪᠠᠶ᠎ᠠ ᠶᠢᠨ ᠨᠢᠭᠡ ᠨᠠᠰᠤ

ᠡᠷᠡᠮᠳᠡᠭ᠌ ᠵᠡᠷᠡᠮᠳᠡᠭ᠌ ᠳᠠᠭᠤᠰᠤᠨ᠎ᠠ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1622
ᠴᠠᠭ᠄ 2013 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ