ᠳᠦᠷᠪᠠᠨ ᠴᠠᠭ

       ᠬᠠᠪᠣᠷ


ᠭᠦᠭᠦᠭᠡ ᠶᠢᠨ ᠳᠠᠭᠤᠨ ᠳ᠋ᠤ

ᠳᠤᠭᠵᠢᠷᠠᠭᠰᠠᠨ ᠨᠣᠢ᠌ᠷ ᠡᠴᠠ ᠪᠠᠨ ᠰᠡᠷᠢᠭ᠍ᠰᠡᠨ ᠡᠪᠠᠰᠤ

ᠳᠤᠭᠤᠯ ᠤᠨ ᠬᠠᠮᠠᠷ ᠪᠣᠳᠤᠨ᠎ᠠ

ᠵᠡᠷᠭᠡᠯᠭᠡᠨ ᠳᠠᠭᠤᠵᠤ ᠬᠡᠦᠬᠡᠳ ᠨᠠᠰᠤ

ᠵᠡᠭᠡᠷ᠎ᠡ ᠶᠢᠨ ᠰᠢᠯᠢ ᠳᠤ ᠣᠷᠭᠤᠨ᠎ᠠ


       ᠵᠤᠨ


ᠰᠤᠯᠤᠩᠭ᠎ᠠ ᠵᠢᠷᠤᠵᠤ ᠨᠠᠭᠠᠳᠤᠭᠠᠤᠨ

ᠪᠣᠳᠤᠭ ᠶᠢᠡᠨ ᠠᠰᠬᠠᠭᠰᠠᠨ ᠴᠢᠨᠢ

ᠳᠠᠯ᠎ᠠ ᠳᠦᠭᠦᠷᠡᠩ ᠪᠢᠯᠳᠠᠴᠢᠬᠠᠪᠠ

ᠰᠠᠢ᠌ᠬᠠᠨ ᠦᠨᠦᠷ ᠲᠤ ᠨᠢ ᠰᠤᠭᠳᠤᠭᠤᠷᠠᠨ

ᠨᠠᠷᠠ ᠠᠶᠠᠯᠠᠬᠤ ᠪᠠᠨ ᠮᠠᠷᠳᠠᠪᠠ


       ᠨᠠᠮᠤᠷ


ᠨᠠᠷᠠᠨ ᠡᠴᠠ ᠳᠤᠰᠤ ᠰᠢᠷᠭᠠᠨ

ᠰᠦᠨᠢᠵᠢᠨ ᠠᠢ᠌ᠷᠠᠭ ᠪᠦᠯᠢᠵᠤ ᠬᠤᠨᠤᠭᠰᠠᠨ ᠡᠵᠢ

ᠭᠠᠯᠠᠭᠤᠨ ᠳᠠᠭᠤ ᠪᠠᠷ ᠴᠠᠢ ᠰᠦᠯᠠᠵᠤ ᠶᠠᠭᠠᠷᠠᠨ᠎ᠠ

ᠭᠠᠷᠤᠨ ᠣᠷᠤᠨ ᠡᠭᠦᠯᠡ ᠶᠢ ᠢᠷᠠᠵᠤ

ᠭᠠᠯᠠᠭᠤᠳ ᠤᠨ ᠬᠣᠢ᠌ᠨ᠎ᠠ ᠡᠴᠠ ᠰᠡᠳᠭᠢᠯ ᠡᠪᠭᠡᠷᠡᠵᠤ ᠰᠠᠭᠤᠨ᠎ᠠ


       ᠡᠪᠦᠯ


ᠰᠦᠨᠢ ᠪᠠᠭᠡᠷᠡᠭᠡᠳ ᠭᠦᠡᠵᠢᠯᠡ ᠳᠤ ᠰᠢᠷᠭᠤᠬᠤ ᠳ᠋ᠤ

ᠰᠡᠭᠦᠳᠡᠷ ᠳᠠᠭᠠᠷᠠᠭᠠᠤᠨ ᠪᠠᠶ᠎ᠠ ᠲᠡᠶ ᠨᠠᠭᠠᠯᠳᠤᠨ᠎ᠠ

ᠪᠣᠭᠤᠷᠤᠯ ᠤᠨ ᠰᠠᠬᠠᠯ ᠳᠤ ᠦᠯᠢᠭᠡᠷ ᠪᠠᠷᠪᠠᠢ᠌ᠭᠦ ᠳ᠋ᠤ

ᠪᠣᠳᠤᠯ ᠤᠨ ᠦᠵᠦᠭᠦᠷ ᠡᠴᠠ ᠨᠢ ᠪᠣᠳᠠᠷᠠᠨ ᠣᠨᠠᠵᠤ

ᠭᠠᠵᠠᠷ ᠭᠦᠷᠭᠦ ᠡᠴᠠ ᠨᠢ ᠣᠷᠢᠳ ᠭᠦᠯᠳᠡᠨ᠎ᠡ


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1813
ᠴᠠᠭ᠄ 2012 ᠤᠨ ᠤ 10 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ