ᠠᠷᠲᠠᠢ ᠶᠢᠨ ᠰᠢᠯᠦᠭ ᠲᠡᠬᠢ 《ᠪᠢ ᠳᠦᠷᠢ》 ᠪᠤᠶᠤ 《ᠠᠮᠢ ᠪᠠᠢ᠌ᠭᠠᠯᠢ ᠨᠢᠭᠡ ᠴᠤᠭᠴᠠ ᠶᠢᠨ ᠦᠵᠡᠯ》

ᠠᠷᠳᠠᠢ ᠶᠢᠨ ᠰᠢᠯᠦᠭ᠌ ᠢ ᠪᠦᠭᠦ ᠴᠤᠭᠴᠠ ᠶᠢᠨ ᠬᠤᠪᠢ ᠳᠤ ᠰᠢᠠᠵᠢᠪᠠᠯ ᠰᠢᠯᠦᠭ᠌ ᠳᠠᠭᠢ 《ᠪᠢ ᠳᠦᠷᠢ》 ᠨᠢ ᠣᠯᠠᠷᠢᠯ ᠬᠤᠪᠢᠯᠪᠣᠷᠢ ᠣᠯᠠᠠᠳᠠᠢ᠂ ᠶᠡᠭᠡᠰᠴᠤ ᠪᠠᠭᠠᠰᠬᠤ ᠣᠪᠠᠳᠢᠰ ᠲᠡᠶ᠂ ᠣᠷᠤᠨ ᠵᠠᠢ ᠶᠢᠨ ᠬᠤᠪᠢ ᠳᠤ ᠦᠰᠦᠷᠠᠯᠳᠠ ᠶᠡᠭᠡᠳᠡᠢ᠂ ᠬᠠᠶᠠ ᠠᠪᠴᠢᠵᠤ ᠬᠠᠶᠠ ᠳᠡᠯᠡᠳᠡᠭ᠌ ᠣᠪᠠᠳᠢᠰᠯᠢᠭ ᠬᠠᠷᠢᠮᠠᠭ ᠰᠢᠠᠵᠢ ᠪᠦᠭᠦᠢ 《ᠳᠦᠷᠢ》 ᠪᠣᠯᠤᠨ᠎ᠠ᠃ ᠠᠷᠳᠠᠢ ᠶᠢᠨ ᠰᠢᠯᠦᠭ᠌ ᠳᠠᠭᠢ 《ᠪᠢ ᠳᠦᠷᠢ》 ᠶᠢᠨ ᠬᠤᠪᠢᠷᠠᠯ ᠪᠣᠶᠤ ᠳᠤᠮᠤᠷᠠᠯ᠂ ᠠᠪᠴᠢᠯᠳᠠ ᠳᠠᠯᠠᠯᠳᠠ ᠨᠢ ᠰᠢᠯᠦᠭ᠍ᠴᠢ ᠭᠢᠭᠡᠤᠨ ᠪᠠᠢ᠌ᠭᠠᠯᠢ ᠶᠢᠨ ᠬᠤᠭᠤᠷᠤᠠᠳᠤᠭᠢ ᠬᠤᠯᠠ ᠡᠴᠠ ᠣᠢ᠌ᠷᠠᠳᠤᠭᠰᠠᠨ ᠵᠠᠢ ᠪᠣᠶᠤ ᠰᠢᠯᠦᠭ᠍ᠴᠢ ᠶᠢᠨ ᠰᠡᠳᠭᠢᠭᠦᠢ ᠶᠢᠨ ᠣᠷᠤᠨ ᠵᠠᠢ ᠶᠢ ᠣᠠᠳᠤᠤ ᠨᠢᠭᠡ ᠬᠠᠷᠠᠭᠠᠰᠤ ᠡᠴᠠ ᠰᠡᠭᠦᠳᠡᠷᠯᠡᠨ ᠥᠵᠡᠭᠦᠯᠵᠤ ᠪᠣᠢ᠃

ᠵᠢᠱᠢᠶ᠎ᠠ ᠨᠢᠭᠡ᠄

ᠳᠡᠯᠡᠭᠡᠢ ᠶᠢᠨ ᠪᠠᠶᠠᠨ ᠢ ᠮᠥᠩᠭᠡᠯᠡᠭᠡᠤᠨ

ᠳᠠᠨᠠᠢ᠌ᠵᠤ ᠪᠠᠢ᠌ᠳᠠᠭ ᠭᠦᠡᠳᠡᠢ ᠪᠠᠷ ᠨᠢ

ᠳᠡᠭ᠍ᠷᠢ ᠶᠢᠨ ᠬᠠᠶᠠᠭ᠎ᠠ ᠶᠢ ᠮᠥᠷᠭᠦᠭᠡᠤᠨ

ᠨᠠᠯᠣᠢ᠌ᠵᠤ ᠪᠠᠢ᠌ᠳᠠᠭ ᠪᠠᠯᠴᠢᠭᠡᠷ ᠶᠢᠡᠷ ᠨᠢ

ᠳᠠᠭᠤᠯᠠᠭᠠᠤᠨ ᠪᠢ ᠳᠠᠪᠭᠢᠳᠠᠭ ᠶᠤᠮ᠂

ᠳᠤᠷᠠᠯᠠᠭᠠᠤᠨ ᠪᠢ ᠡᠯᠢᠭᠡᠳᠡᠳᠡᠭ᠌ ᠶᠤᠮ᠂

ᠳᠤᠰᠤᠭᠠᠤᠨ ᠪᠢ ᠰᠢᠭᠦᠳᠡᠷᠢ ᠰᠢᠭ᠌

ᠳᠤᠮᠳᠠ ᠨᠢ ᠰᠢᠩᠭᠡᠭᠦ ᠶᠢ ᠭᠦᠰᠡᠳᠡᠭ᠌ ᠶᠤᠮ᠃

(《ᠮᠢᠨᠤ ᠮᠤᠩᠭ᠋ᠤᠯ ᠣᠷᠤᠨ》 80.9.15)

ᠵᠢᠱᠢᠶ᠎ᠠ ᠬᠤᠶᠠᠷ᠄

ᠭᠠᠵᠠᠷ ᠶᠢᠡᠨ ᠳᠡᠪᠠᠷᠢᠭᠡᠤᠨ ᠭᠡᠪᠳᠡᠭᠦ ᠳᠡᠭᠡᠨ

ᠰᠢᠯᠦᠭ᠍ᠴᠢ ᠶᠠᠮᠠᠷ

ᠭᠠᠯᠯᠠᠵᠤ ᠪᠠᠢ᠌ᠭ᠎ᠠ ᠳᠠᠢ᠌ᠰᠤᠨ ᠡᠴᠠ

ᠠᠶᠤᠭᠰᠠᠨ ᠳᠠᠭᠠᠨ ᠪᠢᠰᠢ ︕

ᠭᠠᠯ ᠬᠠᠢ᠌ᠷ᠎ᠠ

ᠭᠤᠤᠯ ᠬᠠᠢ᠌ᠷ᠎ᠠ ᠳᠠᠭᠠᠨ ᠳᠠᠳᠠᠭᠳᠠᠪᠠ

ᠭᠠᠷ ᠭᠦᠯ ᠡᠴᠠ

ᠮᠤᠳᠤ ᠣᠷᠭᠤᠵᠤ ᠨᠠᠪᠴᠢᠯᠠᠪᠠ

ᠭᠠᠷᠬᠤ ᠨᠠᠷᠠ

ᠮᠦᠴᠢᠷ ᠳᠡᠭᠡᠷ᠎ᠡ ᠨᠢ ᠳᠠᠭᠤᠯᠠᠪᠠ

ᠵᠢᠱᠢᠶ᠎ᠠ ᠨᠢᠭᠡ ᠳᠤ ᠰᠢᠯᠦᠭ᠍ᠴᠢ 《ᠮᠢᠨᠤ ᠮᠤᠩᠭ᠋ᠤᠯ ᠣᠷᠤᠨ》 ᠤ ᠪᠠᠨ ᠳᠡᠨᠢᠭᠡᠷ ᠭᠦᠡᠳᠡᠢ᠂ ᠨᠡᠯᠦᠭᠡᠷ ᠪᠠᠯᠴᠢᠭᠡᠷ ᠲᠤ 《ᠳᠤᠷᠠᠯᠠᠭᠠᠤᠨ》 《ᠳᠠᠭᠤᠯᠠᠭᠠᠤᠨ》 《ᠳᠤᠮᠳᠠ》 ᠨᠢ 《ᠰᠢᠭᠦᠳᠡᠷᠢ ᠰᠢᠭ᠌》 《ᠰᠢᠩᠭᠡᠭᠦ ᠶᠢ ᠭᠦᠰᠡᠳᠡᠭ᠌》 ᠪᠠᠢ᠌ᠭᠰᠠᠨ᠃ ᠭᠡᠪᠠᠴᠤ ᠰᠢᠩᠭᠡᠭᠡ ᠦᠭᠡᠶ᠃ 《ᠪᠢ》 ᠭᠢᠭᠡᠤᠨ ᠪᠠᠢ᠌ᠭᠠᠯᠢ ᠬᠠᠷᠠᠬᠠᠨ ᠵᠠᠢ᠌ᠳᠠᠢ ᠪᠠᠢ᠌ᠪᠠ᠃ ᠭᠡᠳᠡᠯ᠎ᠡ ᠵᠢᠱᠢᠶ᠎ᠠ ᠬᠤᠶᠠᠷ ᠲᠤ ᠰᠢᠯᠦᠭ᠍ᠴᠢ 《ᠭᠠᠵᠠᠷ ᠶᠢᠡᠨ ᠳᠡᠪᠠᠷᠢᠭᠡᠤᠨ ᠭᠡᠪᠳᠡᠭᠦ》 ᠨᠢ 《ᠭᠠᠯᠯᠠᠯᠠᠵᠤ ᠪᠠᠢ᠌ᠭ᠎ᠠ ᠳᠠᠢ᠌ᠰᠤᠨ ᠡᠴᠠ ᠠᠶᠤᠭᠰᠠᠨ ᠳᠠᠭᠠᠨ ᠪᠢᠰᠢ》 ᠬᠠᠷᠢᠨ 《ᠭᠠᠯ ᠬᠠᠢ᠌ᠷ᠎ᠠ》 ᠨᠢ 《ᠭᠤᠤᠯ ᠬᠠᠢ᠌ᠷ᠎ᠠ》 ᠳᠠᠭᠠᠨ ᠳᠠᠳᠠᠭᠳᠠᠵᠤ ᠭᠠᠵᠠᠷ ᠲᠠᠭᠠᠨ ᠨᠢᠭᠡᠮᠦᠰᠤᠨ ᠰᠢᠩᠭᠡᠵᠤ ᠠᠭᠤᠰᠤᠭᠰᠠᠨ ᠪᠣᠯᠬᠤᠷ 《ᠭᠠᠷ ᠭᠦᠯ ᠡᠴᠠ ᠨᠢ ᠮᠤᠳᠤ ᠣᠷᠭᠤᠵᠤ ᠨᠠᠪᠴᠢᠯᠠᠪᠠ ᠭᠠᠷᠬᠤ ᠨᠠᠷᠠ ᠮᠦᠴᠢᠷ ᠳᠡᠭᠡᠷ᠎ᠡ ᠨᠢ ᠳᠠᠭᠤᠯᠠᠪᠠ》 ᠰᠢᠯᠦᠭ᠍ᠴᠢ ᠭᠢᠭᠡᠤᠨ ᠪᠠᠢ᠌ᠭᠠᠯᠢ ᠵᠠᠭᠠᠭ ᠦᠭᠡᠶ ᠨᠠᠢ᠌ᠯᠠᠪᠠ᠃ ᠵᠠᠪᠰᠠᠷ ᠦᠭᠡᠶ 《ᠨᠢᠭᠡ ᠴᠤᠭᠴᠠ》 ᠪᠣᠯᠪᠠ᠃

ᠡᠨᠡ ᠪᠣᠯ ᠠᠷᠳᠠᠢ ᠶᠢᠨ ᠰᠢᠯᠦᠭ᠌ ᠲᠤ ᠢᠯᠡᠷᠡᠭ᠍ᠰᠡᠨ 《ᠠᠮᠢ ᠪᠠᠢ᠌ᠭᠠᠯᠢ ᠨᠢᠭᠡ ᠴᠤᠭᠴᠠ ᠶᠢᠨ ᠦᠵᠡᠯ》 ᠪᠣᠶᠤ 《ᠭᠦᠮᠤᠨ ᠪᠠᠢ᠌ᠭᠠᠯᠢ ᠨᠢᠭᠡ ᠴᠤᠭᠴᠠ ᠶᠢᠨ ᠦᠵᠡᠯ》 ᠮᠦᠨ᠃ ᠠᠷᠳᠠᠢ ᠶᠢᠨ 《ᠠᠮᠢ ᠪᠠᠢ᠌ᠭᠠᠯᠢ ᠨᠢᠭᠡ ᠴᠤᠭᠴᠠ ᠶᠢᠨ ᠦᠵᠡᠯ》 ᠨᠢ ᠳᠡᠭᠦᠨ ᠤ ᠰᠢᠯᠦᠭ᠌ ᠲᠤ ᠢᠯᠡᠷᠡᠭ᠍ᠰᠡᠨ ᠭᠡᠨᠡᠳᠲᠡ ᠶᠢᠨ ᠥᠵᠡᠭ᠍ᠳᠡᠯ ᠪᠢᠰᠢ᠃ ᠳᠠᠷᠠ ᠪᠠᠷ 《ᠢᠷᠠᠭᠤ ᠨᠠᠢ᠌ᠷᠠᠭᠴᠢ ᠭᠦᠮᠤᠨ᠂ ᠦᠨᠳᠦᠰᠦᠳᠠᠨ᠂ ᠡᠭᠡ ᠣᠷᠤᠨ ᠤ ᠪᠠᠨ ᠡᠮᠤᠨ᠎ᠡ ᠡᠴᠠ ᠥᠭᠡ ᠭᠡᠯᠡᠭᠦ ᠪᠠᠷ ᠠᠮᠢᠳᠤ ᠶᠠᠪᠣᠬᠤ ᠣᠴᠢᠷᠳᠠᠢ᠃ ᠬᠠᠢ᠌ᠷᠠᠳᠠᠢ ᠨᠤᠳᠤᠭ ᠤᠨ ᠴᠢᠨᠢ ᠭᠦᠷᠦᠰᠤᠨ ᠳᠤ ᠣᠷᠭᠤᠭᠰᠠᠨ ᠬᠠᠢ᠌ᠯᠠᠰᠤᠨ ᠤ ᠮᠦᠴᠢᠷ ᠬᠤᠭᠤᠷᠠᠬᠤ ᠳᠤ ᠬᠤᠷᠤᠭᠤ ᠴᠢᠨᠢ ᠬᠤᠭᠤᠷᠤᠭᠰᠠᠨ ᠰᠢᠭ ᠡᠪᠠᠦᠡᠭᠦ ᠶᠤᠰᠤᠳᠠᠢ》 [ ᠠᠷᠳᠠᠢ ] ᠭᠡᠵᠤ ᠭᠦᠮᠤᠨ ᠪᠠᠢ᠌ᠭᠠᠯᠢ ᠬᠤᠶᠠᠷ ᠠᠮᠢ ᠨᠢᠭᠡᠳᠡᠢ ᠊᠊᠊᠊᠊᠊᠊᠊᠊᠊᠊᠊᠊᠊᠊ ᠨᠢᠭᠡ ᠯᠠ ᠴᠤᠭᠴᠠ ᠭᠡᠰᠡᠨ ᠦᠵᠡᠯᠳᠠ ᠪᠠᠨ ᠢᠯᠡᠷᠭᠡᠢ᠌ᠯᠡᠵᠤ ᠪᠠᠢ᠌ᠪᠠ᠃ ᠡᠨᠡ ᠨᠢ ᠮᠤᠩᠭ᠋ᠤᠯ ᠰᠢᠯᠦᠭ᠍ᠴᠢᠳ ᠤᠨ ᠰᠠᠤᠠᠭᠢᠯ ᠤᠨ ᠠᠭᠠᠷ ᠡᠵᠡᠯᠡᠳᠡᠭ᠌ ᠪᠠᠢ᠌ᠭᠰᠠᠨ ᠭᠠᠵᠠᠷ ᠣᠰᠤ ᠪᠠᠨ ᠠᠮᠢᠯᠠᠭᠤᠯᠵᠤ ᠰᠢᠯᠦᠭᠯᠡᠳᠡᠭ᠌ 《ᠭᠦᠮᠤᠨ ᠤ ᠡᠯᠢᠭᠡ ᠲᠡᠶ ᠭᠠᠵᠠᠷ ᠣᠰᠤᠨ》 ᠭᠡᠭᠦ ᠮᠠᠳᠤ ᠶᠢᠨ ᠣᠷᠠᠯᠢᠭ ᠢᠯᠡᠷᠡᠭᠦᠯᠦᠯ ᠢ ᠪᠣᠳᠤᠪᠠᠯ ᠭᠦᠮᠤᠨ ᠪᠠᠢ᠌ᠭᠠᠯᠢ ᠬᠤᠶᠠᠷ ᠤᠨ ᠵᠠᠭᠠᠭ ᠢ ᠨᠢᠭᠡᠮᠦᠰᠤᠨ ᠪᠠᠯᠠᠯᠵᠤ᠂ ᠨᠢᠭᠡᠮᠦᠰᠤᠨ ᠣᠢ᠌ᠷᠠᠳᠤᠭᠤᠯᠤᠨ ᠠᠭᠤᠰᠬᠠᠨ ᠨᠢᠭᠡᠳᠭᠡᠭ᠍ᠰᠡᠨ ᠪᠠᠢ᠌ᠭ᠎ᠠ ᠪᠠᠷ ᠶᠢᠡᠨ ᠣᠠᠴᠠᠯᠢᠭᠳᠠᠨ᠎ᠠ᠃ ᠳᠠᠢ᠌ᠮᠤ ᠪᠣᠯᠬᠤᠷ ᠰᠢᠯᠦᠭ᠍ᠴᠢ ᠮᠠᠨᠢ ᠪᠠᠢ᠌ᠭᠠᠯᠢ ᠶᠢᠨ ᠶᠢᠡᠨ ᠶᠠᠭᠤ ᠴᠤ ᠪᠣᠯᠵᠤ ᠬᠠᠮᠢᠭ᠎ᠠ ᠭᠠᠵᠠᠷ ᠲᠤ ᠳᠤᠷ᠎ᠠ ᠪᠠᠷ ᠭᠦᠷᠴᠤ ᠣᠷᠭᠤᠵᠤ᠂ ᠳᠡᠯᠭᠡᠷᠡᠵᠤ᠂ ᠳᠠᠭᠤᠯᠠᠵᠤ᠂ ᠨᠢᠰᠴᠤ᠂ ᠰᠠᠯᠭᠢᠯᠠᠵᠤ ᠁ ᠪᠠᠢ᠌ᠳᠠᠭ᠃

《ᠠᠮᠢ ᠪᠠᠢ᠌ᠭᠠᠯᠢ ᠨᠢᠭᠡ ᠴᠤᠭᠴᠠ ᠶᠢᠨ ᠦᠵᠡᠯ》 ᠨᠢ ᠮᠤᠩᠭ᠋ᠤᠯ ᠪᠠᠭᠠᠳᠤᠷᠯᠢᠭ ᠳᠤᠤᠯᠢᠰ ᠲᠤ ᠭᠦᠨ ᠦᠨᠳᠦᠰᠦ ᠲᠡᠶ᠃ ᠪᠠᠭᠠᠳᠤᠷᠯᠢᠭ ᠳᠤᠤᠯᠢᠰ ᠲᠤ ᠳᠤᠤᠯᠢᠰ ᠤᠨ ᠪᠠᠭᠠᠳᠤᠷ ᠤᠨ ᠰᠦᠨᠠᠰᠤ ᠨᠢ ᠴᠢᠯᠠᠭᠤ᠂ ᠮᠤᠳᠤ᠂ ᠳᠠᠮᠤᠷ ᠁ ᠮᠠᠳᠤ ᠶᠢᠨ ᠪᠠᠢ᠌ᠭᠠᠯᠢ ᠳᠡᠯᠡᠭᠡᠢ ᠶᠢᠨ ᠪᠣᠳᠠᠳᠤ ᠪᠣᠳᠠᠰ ᠶᠠᠭᠤᠮᠠᠨ ᠳᠤ ᠰᠢᠩᠭᠡᠭ᠍ᠰᠡᠨ ᠵᠢᠱᠢᠶ᠎ᠠ ᠵᠠᠬ᠎ᠠ ᠡᠴᠠ ᠠᠪᠣᠭᠠᠤᠨ ᠣᠯᠳᠠᠳᠠᠭ᠃ ᠳᠡᠭᠡᠭᠦ ᠳᠤ ᠳᠤᠤᠯᠢᠰ ᠤᠨ ᠪᠠᠭᠠᠳᠤᠷ ᠤᠨ ᠠᠮᠢ ᠨᠢ ᠪᠠᠭᠠᠳᠤᠷ ᠤᠨ ᠰᠦᠨᠠᠰᠤ ᠰᠢᠩᠭᠡᠭ᠍ᠰᠡᠨ ᠮᠤᠳᠤ ᠴᠢᠯᠠᠭᠤᠨ ᠳᠤᠳᠤᠷ᠎ᠠ ᠰᠢᠩᠭᠡᠴᠢᠭᠡᠭ᠍ᠰᠡᠨ ᠪᠠᠢ᠌ᠳᠠᠭ᠃ ᠳᠠᠢ᠌ᠮᠤ ᠡᠴᠠ ᠠᠷᠳᠠᠢ ᠶᠢᠨ ᠰᠢᠯᠦᠭ᠌ ᠳᠠᠭᠢ 《ᠠᠮᠢ ᠪᠠᠢ᠌ᠭᠠᠯᠢ ᠨᠢᠭᠡ ᠴᠤᠭᠴᠠ ᠶᠢᠨ ᠦᠵᠡᠯ》 ᠪᠣᠯ᠂ ᠠᠷᠳᠠᠢ ᠶᠠᠮᠠᠷ ᠴᠤ ᠭᠠᠳᠠᠭᠠᠳᠤ ᠣᠯᠤᠰ ᠦᠨᠳᠦᠰᠦᠳᠠᠨ ᠡᠴᠠ ᠰᠤᠷᠤᠯᠴᠠᠵᠤ ᠳᠠᠭᠤᠷᠢᠶᠠᠭᠰᠠᠨ ᠤ ᠦᠷ᠎ᠡ ᠳ᠋ᠦ᠋ᠩ ᠪᠢᠰᠢ᠃ ᠬᠠᠷᠢᠨ ᠮᠠᠨ ᠤ ᠦᠨᠳᠦᠰᠦᠳᠠᠨ ᠤ ᠳᠡᠦᠭᠡ ᠰᠤᠶᠤᠯ ᠳ᠋ᠠᠭᠢ ᠦᠪ ᠵᠠᠯᠭᠠᠮᠵᠢᠯᠠᠯ ᠶᠢᠡᠨ ᠪᠠᠳᠠᠷᠠᠭᠠᠭᠰᠠᠨ ᠶᠠᠪᠣᠳᠠᠯ ᠪᠣᠯᠬᠤ ᠶᠤᠮ᠃

《ᠠᠮᠢ ᠪᠠᠢ᠌ᠭᠠᠯᠢ ᠨᠢᠭᠡ ᠴᠤᠭᠴᠠ ᠶᠢᠨ ᠦᠵᠡᠯ》 ᠨᠢ ᠰᠢᠯᠦᠭ᠍ᠴᠢ ᠡᠴᠠ ᠡᠭᠡ ᠪᠠᠢ᠌ᠭᠠᠯᠢ ᠳᠠᠭᠠᠨ ᠠᠮᠢ ᠲᠡᠶ ᠪᠠᠨ ᠠᠳᠠᠯᠢ ᠬᠠᠢ᠌ᠷᠠᠳᠠᠢ ᠭᠡᠳᠡᠭ᠌ ᠢ ᠬᠠᠮᠤᠭ ᠤᠨ ᠣᠢ᠌ᠷ᠎ᠠ ᠵᠠᠢ᠂ ᠬᠠᠮᠤᠭ ᠤᠨ ᠭᠦᠴᠦᠳᠤ ᠪᠢᠷ ᠶᠢᠡᠷ ᠡᠷᠡᠰ ᠳᠤᠳᠤ ᠥᠵᠡᠭᠦᠯᠵᠤ ᠴᠢᠳᠠᠭᠰᠠᠨ ᠪᠠᠢ᠌ᠳᠠᠭ᠃ ᠳᠠᠷᠠ ᠪᠠᠷ 《ᠳᠠᠯᠠᠨ ᠬᠠᠷ᠎ᠠ ᠡ᠂ ᠪᠢ ᠴᠢᠮᠠᠳᠤ ᠬᠠᠢ᠌ᠷᠠᠳᠠᠢ》 ᠭᠡᠵᠤ ᠶᠠᠭ ᠭᠡᠯᠡᠭᠡ ᠦᠭᠡᠶ᠃ ᠳᠠᠷᠠ ᠵᠥᠪᠭᠡᠨ 《ᠳᠠᠯᠠᠨ ᠬᠠᠷ᠎ᠠ ᠊᠊᠊᠊᠊᠊᠊᠊᠊᠊᠊᠊᠊᠊᠊ ᠳᠠᠩᠳᠠ ᠴᠤᠭᠢᠯᠠᠵᠤ ᠪᠠᠢ᠌ᠭ᠎ᠠ ᠊᠊᠊᠊᠊᠊᠊᠊᠊᠊᠊᠊᠊᠊᠊ ᠮᠢᠨᠤ ᠵᠢᠷᠦᠭᠡ》 ᠭᠡᠵᠤ ᠭᠡᠯᠡᠭ᠍ᠰᠡᠨ᠃ ᠡᠨᠡ ᠨᠢ ᠭᠡᠢ ᠬᠤᠭᠤᠰᠤᠨ ᠣᠷᠢᠶ᠎ᠠ ᠯᠤᠤᠽᠤᠩ ᠤᠨ ᠭᠡᠯᠪᠠᠷᠢ ᠪᠠᠷ 《ᠳᠠᠯᠠᠨ ᠬᠠᠷ᠎ᠠ ᠡ᠂ ᠪᠢ ᠴᠢᠮᠠᠳᠤ ᠬᠠᠢ᠌ᠷᠠᠳᠠᠢ》 ᠭᠡᠵᠤ ᠪᠣᠮ ᠲᠦᠮᠡ ᠣᠳᠠᠭ᠎ᠠ ᠬᠠᠰᠭᠢᠷᠤᠭᠰᠠᠨ ᠡᠴᠠ ᠪᠣᠮ ᠲᠦᠮᠡᠨ ᠳᠠᠭᠢᠨ ᠭᠦᠴᠦᠳᠡᠢ ᠠᠵᠢ᠃

ᠡ᠊ᠨᠳᠡ 《ᠠᠮᠢ ᠪᠠᠢ᠌ᠭᠠᠯᠢ ᠨᠢᠭᠡ ᠴᠤᠭᠴᠠ ᠶᠢᠨ ᠦᠵᠡᠯ》 ᠨᠢ ᠪᠠᠰᠠ ᠴᠤ ᠪᠢᠳᠠᠨ ᠤ ᠠᠷᠳᠠᠢ ᠶᠢᠨ ᠰᠢᠯᠦᠭ᠌ ᠤᠨ ᠪᠣᠳᠠᠳᠤ ᠥᠢᠯᠡᠳᠦᠯᠭᠡ ᠡᠴᠠ ᠬᠤᠷᠢᠶᠠᠩᠭ᠋ᠣᠢ᠌ᠯᠠᠵᠤ ᠭᠠᠷᠭᠠᠵᠤ ᠪᠠᠢ᠌ᠭ᠎ᠠ ᠣᠨᠤᠯ ᠮᠦᠨ᠃ ᠡᠨᠡ ᠨᠢ ᠪᠠᠰᠠ ᠴᠤ ᠠᠷᠳᠠᠢ ᠶᠢᠨ ᠮᠤᠩᠭ᠋ᠤᠯ ᠰᠢᠯᠦᠭ᠌ ᠪᠦᠳᠦᠭᠡᠯ ᠤᠨ ᠣᠢ᠌ᠯᠠᠰ ᠲᠤ ᠣᠷᠤᠭᠤᠯᠤᠭᠰᠠᠨ ᠨᠢᠭᠡ ᠵᠣᠢ᠌ᠯ ᠤᠨ ᠭᠠᠪᠢᠶ᠎ᠠ ᠵᠢᠦᠡᠭᠦᠯ ᠮᠦᠨ᠃

ᠵᠢᠭ᠍ᠳᠡᠢ᠌ᠭᠡᠨ᠂ ᠵᠡᠭᠦᠳᠤ ᠰᠢᠭ᠌ ᠰᠠᠢ᠌ᠬᠠᠨ ᠭᠡᠦᠭᠡᠤᠨ ᠤᠨ ᠪᠣᠳᠤᠯ ᠳᠤ ᠯᠠ ᠣᠷᠭᠤᠳᠠᠭ ᠊᠊᠊᠊᠊᠊᠊᠊᠊᠊᠊᠊᠊᠊᠊

ᠵᠢᠩᠭᠢᠨᠡᠭ᠍ᠰᠡᠨ ᠪᠠᠭ᠎ᠠ ᠶᠢᠨ ᠳᠠᠭᠤᠤ ᠪᠠᠨ ᠳᠠᠯᠠᠢ᠌ᠭᠰᠠᠨ ᠪᠠᠭ᠎ᠠ ᠶᠢᠨ ᠨᠠᠮᠤᠷ ᠲᠠᠭᠠᠨ ᠪᠢ ᠭᠤᠯᠢᠶ᠎ᠠ ᠪᠣᠯᠵᠤ ᠳᠠᠭᠤᠯᠠᠬᠤ ᠰᠠᠨ᠃

ᠪᠢ ᠨᠠᠪᠴᠢ ᠪᠣᠯᠬᠤ ᠰᠠᠨ᠃

ᠪᠢ ᠬᠠᠢ᠌ᠯᠠᠰᠤᠨ ᠮᠤᠳᠤᠨ ᠤ ᠨᠠᠪᠴᠢ ᠪᠣᠯᠵᠤ᠂ ᠬᠠᠢ᠌ᠯᠠᠰᠤᠳᠤ ᠶᠢᠨ ᠭᠤᠤᠯ ᠤᠨ ᠪᠠᠷᠠᠭᠤᠨ ᠳᠡᠭᠡᠷ᠎ᠡ ᠣᠨᠠᠬᠤ ᠶᠤᠮᠰᠠᠨ᠃

(《ᠨᠠᠮᠤᠷ》)

ᠡᠭᠡ ᠣᠯᠤᠰ ᠮᠢᠨᠢ ︕

ᠪᠢ

ᠰᠠᠯᠭᠢ ᠪᠣᠯᠬᠤ ᠰᠠᠨ

ᠡᠭᠡᠯ ᠮᠠᠯᠴᠢᠨ ᠤ

ᠰᠠᠤᠠᠭᠢᠯ ᠡᠴᠠ ᠰᠡᠪᠠᠯᠵᠡᠭ᠍ᠰᠡᠨ

ᠰᠠᠯᠭᠢ ᠪᠣᠯᠬᠤ ᠰᠠᠨ᠃

(《ᠡᠯᠢᠭᠡᠨ ᠬᠠᠢ᠌ᠷᠠᠳᠤ ᠡᠭᠡ ᠣᠯᠤᠰ ᠮᠢᠨᠢ》) ᠊᠊᠊᠊᠊᠊᠊᠊᠊᠊᠊᠊᠊᠊᠊ 《ᠳᠠᠪᠠᠯᠭᠠᠨ》

ᠢᠷᠠᠭᠤ ᠨᠠᠢ᠌ᠷᠠᠭᠴᠢ ᠨᠢ

ᠶᠠᠪᠣᠳᠠᠭ

ᠮᠤᠳᠤ ᠪᠣᠯᠵᠤ

ᠣᠷᠭᠤᠳᠠᠭ ᠶᠤᠮ ᠡ

ᠢᠷᠠᠭᠤ ᠨᠠᠢ᠌ᠷᠠᠭ ᠨᠢ

ᠶᠠᠷᠢᠳᠠᠭ ᠵᠢᠮᠢᠰ ᠪᠣᠯᠵᠤ

ᠣᠯᠠᠯᠵᠠᠳᠠᠭ ᠶᠤᠮ ᠡ

(《ᠨᠤᠳᠤᠭ ᠤᠨ ᠰᠢᠷᠤᠢ》)

ᠪᠢ ᠠᠮᠢᠳᠤ ᠳᠤᠰᠤᠯ

ᠪᠢ ᠭᠤᠤᠯ ᠳᠠᠭᠠᠨ ᠬᠠᠢ᠌ᠷᠠᠳᠠᠢ

ᠮᠠᠨ ᠤ ᠭᠤᠤᠯ ᠰᠢᠷᠭᠢᠭᠦ ᠦᠭᠡᠶ

ᠮᠢᠨᠤ ᠭᠤᠤᠯ ᠬᠠᠷᠠᠯᠠᠬᠤ ᠦᠭᠡᠶ ︕

(《ᠭᠤᠤᠯ》)

ᠦᠷ ᠶᠢᠡᠷ ᠥᠷᠭᠡᠨ ᠵᠡᠭᠡᠯᠢ ᠶᠢ ᠴᠡᠪᠠᠷᠯᠡᠭ᠍ᠴᠢᠳ ᠱᠥᠭᠦᠷᠳᠡᠵᠤ ᠪᠠᠢ᠌ᠨ᠎ᠠ᠃

ᠪᠢ ᠳᠠᠷᠠ ᠱᠥᠭᠦᠷ ᠤᠨ ᠭᠢᠨᠢ ᠬᠤᠯᠤᠰᠤᠨ ᠨᠠᠮᠠᠭ᠎ᠠ ᠪᠣᠯᠬᠤ ᠦᠦ ︖ ᠡᠭᠡ ᠣᠷᠤᠨ ᠮᠢᠨᠢ ︕

ᠦᠳᠡᠰᠢ ᠴᠡᠴᠡᠷᠯᠢᠭ᠌ ᠡᠴᠠ ᠠᠵᠢᠯᠴᠢᠳ ᠭᠡᠦᠭᠡᠤᠨ ᠶᠢᠡᠨ ᠳᠤᠰᠴᠠᠭᠠᠵᠤ ᠪᠠᠢ᠌ᠨ᠎ᠠ᠃

ᠪᠢ ᠳᠠᠷᠠ ᠳᠤᠭᠤᠢ ᠳᠡᠷᠭᠡᠨ ᠤ ᠭᠢᠨᠢ ᠭᠡᠦᠭᠡᠤᠨ ᠶᠢᠡᠨ ᠰᠠᠭᠤᠯᠭᠠᠳᠠᠭ ᠵᠢᠵᠢᠭ᠍‍ᠬᠡᠨ ᠰᠠᠭᠤᠳᠠᠯ ᠤᠨ ᠭᠢᠨᠢ ᠵᠢᠠᠳᠠ ᠨᠢ ᠪᠣᠯᠬᠤ ᠦᠦ ︖ ᠡᠭᠡ ᠣᠷᠤᠨ ᠮᠢᠨᠢ ︕

ᠡᠨᠡ ᠵᠠᠯᠠᠭᠤ ᠰᠤᠳᠤᠯᠤᠭᠴᠢ ᠥᠭᠦᠯᠡᠯ ᠶᠢᠡᠨ ᠪᠢᠴᠢᠭᠡᠤᠨ ᠳᠤᠩ ᠶᠠᠳᠠᠷᠠᠵᠠᠢ᠃

ᠣᠳᠤ ᠥᠷᠯᠦᠭᠡᠨ ᠤ ᠳᠠᠪᠤᠨ ᠴᠠᠭ ᠪᠣᠯᠵᠤ ᠪᠠᠢ᠌ᠨ᠎ᠠ᠃ ᠣᠯᠠᠨ ᠡᠷᠳᠡᠮᠳᠡᠨ ᠤ ᠬᠤᠷᠠᠯ ᠳᠤᠯᠤᠭᠠᠨ ᠴᠠᠭ ᠲᠤ ᠡᠭᠢᠯᠡᠭᠦ ᠪᠠᠷ ᠪᠠᠢ᠌ᠨ᠎ᠠ᠃

ᠪᠢ ᠳᠡᠭᠦᠨ ᠢ ᠳᠠᠭᠤᠳᠠᠨ ᠰᠡᠷᠢᠭᠡᠭᠦ ᠰᠡᠷᠢᠭᠦᠯᠭᠡᠳᠤ ᠴᠠᠭ ᠤᠨ ᠭᠢᠨᠢ ᠬᠤᠩᠬᠤ ᠨᠢ ᠪᠣᠯᠬᠤ ᠦᠦ ︖ ᠡᠭᠡ ᠣᠷᠤᠨ ᠮᠢᠨᠢ ︕

ᠰᠢᠭᠤᠷᠭ᠎ᠠ ᠠᠶᠠᠳᠠᠯ᠎ᠠ᠃ ᠰᠥᠷᠦᠭ᠌ ᠳᠤᠭᠳᠠᠯ᠎ᠠ᠃ ᠭᠦᠢᠳᠡᠨ ᠬᠠᠷᠢᠨ ᠣᠯᠠᠮ ᠳᠤᠭᠰᠢᠷᠠᠯ᠎ᠠ᠃ ᠭᠦᠳᠦᠰᠤᠨ ᠳᠠᠪᠠᠯ ᠤᠨ ᠰᠤᠭᠤ ᠪᠠᠷ ᠬᠠᠤᠭᠢᠯ᠎ᠠ᠃

ᠪᠢ ᠳᠠᠷᠠ ᠭᠦᠳᠡᠭᠡ ᠶᠢᠨ ᠡᠪᠦᠭᠡᠨ ᠬᠤᠨᠢᠴᠢᠨ ᠤ ᠬᠠᠭᠵᠠᠷᠬᠠᠢ ᠰᠤᠭᠤᠨ ᠳᠡᠭᠡᠷ᠎ᠡ ᠨᠥᠭᠦᠭᠡᠰᠤ ᠨᠢ ᠪᠣᠯᠬᠤ ᠦᠦ ︖ ᠡᠭᠡ ᠣᠷᠤᠨ ᠮᠢᠨᠢ ︕

ᠪᠢ ᠡᠨᠡ ᠬᠤᠵᠢᠷ ᠲᠡᠶ ᠴᠠᠢ᠌ᠳᠠᠮ ᠳᠤ ᠳᠠᠷᠠᠰᠤ ᠪᠣᠯᠵᠤ ᠣᠷᠭᠤᠶ᠎ᠠ᠃

ᠪᠢ ᠡᠨᠡ ᠬᠤᠭᠤᠷᠬᠠᠢ ᠮᠤᠳᠤᠨ ᠤ ᠮᠦᠴᠢᠷ ᠲᠤ ᠪᠣᠭᠤᠯᠳᠠ ᠪᠣᠯᠵᠤ ᠣᠷᠢᠶᠠᠶ᠎ᠠ᠃

ᠳᠠᠭᠢᠭᠠᠤᠨ ᠪᠢ ᠴᠢᠨᠤᠭᠢ ᠪᠠᠨ ᠪᠢᠴᠢᠭ᠌ ᠤᠨ ᠬᠤᠷᠭᠤᠨ ᠤ ᠴᠢᠨᠢ ᠳᠠᠯᠪᠢᠭᠤᠷ ᠪᠣᠯᠤᠶ᠎ᠠ᠃

ᠳᠠᠩᠳᠠ ᠬᠠᠷᠢᠯᠴᠠᠳᠠᠭ ᠳ᠋ᠢᠶᠠᠩᠬᠤᠧᠨ ᠨᠤᠮᠸᠷ ᠤᠨ ᠴᠢᠨᠢ ᠨᠢᠭᠡ ᠳᠤᠭ᠎ᠠ ᠪᠣᠯᠤᠶ᠎ᠠ᠃

(《ᠪᠢ ᠶᠠᠭᠤ ᠪᠣᠯᠬᠤ ᠪᠣᠢ》)

᠁ ᠁

《ᠪᠢ》 ᠢᠩᠭᠢᠵᠤ ᠪᠦᠭᠦ ᠴᠤᠭᠴᠠ ᠪᠠᠷ ᠶᠢᠡᠨ ᠪᠠᠢ᠌ᠭᠠᠯᠢ ᠳᠠᠭᠠᠨ ᠠᠭᠤᠰᠴᠤ ᠨᠢᠭᠡᠳᠴᠤ 《ᠭᠤᠯᠢᠶ᠎ᠠ》᠂ 《ᠨᠠᠪᠴᠢ》᠂ 《ᠰᠠᠯᠭᠢ》᠂ 《ᠮᠤᠳᠤ》᠂ 《ᠠᠮᠢᠳᠤ ᠳᠤᠰᠤᠯ》 ᠁ ᠪᠣᠯᠵᠤ ᠪᠠᠢ᠌ᠳᠠᠭ ᠡᠴᠠ ᠭᠠᠳᠠᠨ᠎ᠠ ᠬᠠᠶᠠ ᠳᠠᠭᠠᠨ 《ᠪᠢ》 ᠶᠢᠨ ᠮᠦᠴᠢ ᠡᠷᠭᠡᠳᠡᠨ ᠨᠢ ᠪᠠᠢ᠌ᠭᠠᠯᠢ ᠶᠢᠨ 《ᠮᠦᠴᠢ ᠡᠷᠭᠡᠳᠡᠨ》 ᠬᠤᠪᠢᠯᠤᠭᠰᠠᠨ ᠬᠠᠷᠠᠭᠳᠠᠨ᠎ᠠ᠃

ᠭᠠᠵᠠᠷ ᠤᠨ ᠳᠠᠰᠢᠶᠠᠨ ᠳᠤ ᠭᠢᠯᠠᠯᠵᠠᠭᠰᠠᠨ

ᠭᠠᠩ ᠪᠣᠯᠤᠳ ᠰᠠᠯᠠᠮ᠎ᠠ᠃

ᠣᠳᠤᠭ᠎ᠠ ᠦᠭᠡᠶ ᠳᠣᠢ᠌ᠮᠠᠷ ᠤᠨ

ᠣᠠᠳᠠᠷᠠᠬᠤ ᠦᠭᠡᠶ ᠰᠤᠷ᠃

ᠢᠷᠡᠭᠡᠳᠦᠢ ᠶᠢ ᠣᠩᠰᠢᠬᠤ

ᠮᠥᠩᠭᠡ ᠶᠢᠨ ᠨᠢᠳᠤ᠃

ᠳᠠᠩᠳᠠ ᠴᠤᠭᠢᠯᠠᠵᠤ ᠪᠠᠢ᠌ᠭ᠎ᠠ

ᠮᠢᠨᠤ ᠵᠢᠷᠦᠭᠡ (ᠳᠠᠯᠠᠨ ᠬᠠᠷ᠎ᠠ ᠊᠊᠊᠊᠊᠊᠊᠊᠊᠊᠊᠊᠊᠊᠊ ᠡᠰᠢᠯᠡᠭ᠍ᠴᠢ ᠡᠴᠠ)᠃

(《ᠳᠠᠯᠠᠨ ᠬᠠᠷ᠎ᠠ》)

ᠠᠯᠠᠭ᠎ᠠ ᠪᠠᠨ ᠳᠡᠯᠭᠡᠯ᠎ᠡ

ᠠᠩᠭ᠋ᠠᠷᠠᠭ ᠤᠨ ᠰᠢᠪᠠᠨᠡᠭᠡ ᠣᠨᠠᠵᠤ ᠪᠠᠢ᠌ᠯ᠎ᠠ᠂

ᠠᠤᠠᠬᠤᠭᠰᠠᠨ ᠶᠢᠡᠨ ᠳᠠᠭᠢᠭᠠᠤᠨ ᠳᠡᠯᠭᠡᠯ᠎ᠡ

ᠠᠮᠪᠠ ᠶᠢᠨ ᠰᠤᠷᠭᠠᠭᠤᠯᠢ ᠳᠤ ᠰᠠᠭᠤᠭᠰᠠᠨ ᠦᠭᠡᠶ

ᠭᠤᠷᠪᠠᠨ ᠭᠡᠦᠭᠡᠤᠨ ᠤᠨ ᠵᠤᠳᠤᠭᠠᠨ ᠰᠤᠨᠤᠰᠳᠠᠵᠤ ᠪᠠᠢ᠌ᠯ᠎ᠠ᠃

(《ᠳᠡᠭ᠍ᠷᠢ ᠳᠡᠭᠡᠷ᠎ᠡ》)

《ᠳᠠᠯᠠᠨ ᠬᠠᠷ᠎ᠠ》 ᠨᠢ ᠰᠢᠯᠦᠭ᠍ᠴᠢ ᠶᠢᠨ ᠵᠢᠷᠦᠭᠡ᠃ ᠰᠢᠯᠦᠭ᠍ᠴᠢ ᠶᠢᠨ ᠵᠢᠷᠦᠭᠡ ᠨᠢ ᠳᠠᠯᠠᠨ ᠬᠠᠷ᠎ᠠ ᠮᠦᠨ᠃ 《ᠪᠢ》 ᠴᠤᠬᠤᠮ ᠭᠡᠳᠦᠢ ᠳᠤᠮᠤ ᠭᠦᠮᠤᠨ ᠪᠣᠢ ︖ 《ᠠᠯᠠᠭᠠᠨ》 ᠳᠤ ᠨᠢ 《ᠠᠩᠭ᠋ᠠᠷᠠᠭ ᠤᠨ ᠰᠢᠪᠠᠨᠡᠭᠡ》 ᠣᠨᠠᠴᠢᠬᠠᠯ᠎ᠠ᠃ 《ᠠᠯᠠᠭ᠎ᠠ》 ᠨᠢ ᠴᠤᠬᠤᠮ ᠭᠡᠳᠦᠢ ᠳᠤᠮᠤ ᠶᠤᠮ ︖ ᠠᠷᠤ ᠳᠤ ᠨᠢ 《ᠪᠢ》 ᠴᠤᠬᠤᠮ ᠭᠡᠳᠦᠢ ᠳᠤᠮᠤ ᠪᠣᠢ ︖ 《ᠳᠠᠯᠠᠨ ᠬᠠᠷ᠎ᠠ》 ᠊᠊᠊᠊᠊᠊᠊᠊᠊᠊᠊᠊᠊᠊᠊ ᠵᠢᠷᠦᠭᠡ ᠲᠡᠶ᠂ 《ᠠᠩᠭ᠋ᠠᠷᠠᠭ》 ᠳᠤᠮᠳᠠᠭᠢ ᠠᠯᠠᠭ᠎ᠠ ᠲᠡᠶ᠂ ᠠᠪᠣᠷᠭᠤ 《ᠪᠢ ᠳᠦᠷᠢ》 ᠳᠤᠤᠯᠢᠰ ᠤᠨ ᠭᠢ ᠰᠢᠭ᠌ ᠰᠥᠷᠯᠢᠭ᠌ ᠠᠭᠤᠳᠠᠮ ᠣᠷᠤᠨ ᠵᠠᠢ ᠳᠤ ᠪᠦᠳᠦᠭᠡᠭ᠍ᠳᠡᠵᠡᠢ᠃ ᠠᠷᠳᠠᠢ ᠶᠢᠨ ᠰᠢᠯᠦᠭ᠌ ᠳᠠᠭᠢ 《ᠪᠢ ᠳᠦᠷᠢ》 ᠪᠣᠯ ᠬᠤᠪᠢᠯᠵᠤ ᠣᠯᠠᠷᠢᠳᠠᠭ ᠣᠪᠠᠳᠢᠰ ᠲᠡᠶ᠂ ᠶᠡᠭᠡᠰᠴᠤ ᠪᠠᠭᠠᠰᠬᠤ ᠬᠤᠪᠢᠰᠬᠤ ᠶᠢᠨ ᠡᠷᠳᠡᠮ ᠲᠡᠶ ᠳᠤᠤᠯᠢᠰ ᠤᠨ ᠪᠠᠭᠠᠳᠤᠷ ᠰᠢᠭ 《ᠪᠢ ᠳᠦᠷᠢ》 ᠮᠦᠨ᠃

ᠭᠠᠳᠠᠨ᠎ᠠ ᠪᠠᠨ ᠮᠤᠷᠢ ᠲᠡᠶ ᠳᠠᠷᠠ ᠠᠢ᠌ᠯ

ᠭᠡᠨ ᠤ ᠴᠤ ᠪᠣᠯᠤᠭ

ᠪᠢ ᠳᠠᠨᠢᠨ᠎ᠠ᠂ ᠣᠴᠢᠬᠤ ᠳᠤᠷᠠᠳᠠᠢ

ᠭᠠᠠᠵᠤᠭ᠎ᠠ ᠰᠢᠭᠦᠷᠦᠮ᠎ᠡ ᠡᠪᠠᠰᠤᠨ ᠳᠤ ᠨᠢ

ᠥᠩᠭᠦᠷᠢᠳᠦᠭᠡᠤᠨ᠂ ᠬᠠᠢ᠌ᠯᠤᠭᠠᠤᠨ᠂ ᠰᠢᠩᠭᠡᠭᠡᠤᠨ

ᠦᠨᠳᠦᠰᠦ ᠣᠷᠤᠭᠤ ᠨᠢ ᠭᠦᠶ‍ᠦᠭᠦ ᠳᠤᠷᠠᠳᠠᠢ

(《ᠭᠠᠵᠠᠷ ᠰᠢᠷᠤᠢ》 92.9.11)

ᠡᠢ᠌ᠮᠤ ᠡᠴᠠ ᠰᠠ‍‌ᠶᠢ ᠳᠤᠰ ᠭᠦᠮᠤᠨ 《ᠠᠷᠳᠠᠢ》 ᠭᠡᠭᠦ ᠰᠢᠯᠦᠭ᠌ ᠲᠡᠭᠡᠨ ᠠᠷᠳᠠᠢ ᠶᠢᠨ ᠰᠢᠯᠦᠭ᠌ ᠢ᠄

《ᠪᠢᠴᠢᠭ᠍ᠰᠡᠨ ᠰᠢᠯᠦᠭ᠌ ᠨᠢ ᠬᠠᠢ᠌ᠯᠵᠤ

ᠡᠪᠠᠰᠤᠨ ᠦᠨᠳᠦᠰᠦᠨ ᠳᠤ ᠰᠢᠩᠭᠡᠳᠡᠭ᠌

ᠡᠪᠠᠰᠤ ᠪᠦᠭᠦᠨ ᠤ ᠦᠨᠦᠷ

ᠰᠢᠯᠦᠭ᠌ ᠶᠢᠡᠷ ᠨᠢ ᠰᠠᠩᠭᠢᠨᠠᠨ᠎ᠡ

ᠥᠵᠡᠰᠭᠦᠯᠡᠩᠳᠤ ᠴᠡᠴᠡᠭᠡᠰ ᠤᠨ ᠳᠠᠯᠪᠢ

ᠰᠢᠯᠦᠭ᠌ ᠶᠢᠡᠷ ᠨᠢ ᠵᠠᠳᠠᠷᠠᠨ᠎ᠠ》 (ᠭᠡᠭᠡᠡᠰᠡᠷᠡ᠄ 《ᠠᠷᠳᠠᠢ》) ᠭᠡᠵᠤ ᠳᠤᠭᠳᠤᠯᠤᠨ ᠪᠢᠴᠢᠭ᠍ᠰᠡᠨ ᠪᠠᠢ᠌ᠭ᠎ᠠ ᠶᠤᠮ᠃ ᠡ᠊ᠨᠳᠡ ᠰᠢᠯᠦᠭ᠍ᠴᠢ ᠦᠪᠡᠷ ᠶᠢᠡᠨ ᠡᠪᠠᠰᠤᠨ ᠦᠨᠳᠦᠰᠦᠨ ᠳᠤ ᠰᠢᠩᠭᠡᠪᠡ᠃ ᠶᠠᠭᠤ ᠰᠠ‍‌ᠶᠢ ᠡᠪᠠᠰᠤᠨ 《ᠦᠨᠳᠦᠰᠦ ᠣᠷᠤᠭᠤ》 《ᠬᠠᠢ᠌ᠯᠤᠭᠠᠤᠨ᠂ ᠰᠢᠩᠭᠡᠭᠡᠤᠨ》 《ᠭᠦᠶ‍ᠦᠵᠤ》 ᠴᠢᠳᠠᠳᠠᠭ ᠶᠤᠮ ᠪᠣᠢ ︖ ᠴᠠᠰᠤ ᠊᠊᠊᠊᠊᠊᠊᠊᠊᠊᠊᠊᠊᠊᠊ ᠮᠦᠰᠤ ᠊᠊᠊᠊᠊᠊᠊᠊᠊᠊᠊᠊᠊᠊᠊ ᠣᠰᠤ ᠊᠊᠊᠊᠊᠊᠊᠊᠊᠊᠊᠊᠊᠊᠊ ᠣᠰᠤᠨ ᠳᠤᠰᠤᠯ᠂ ᠣᠰᠤᠨ ᠮᠤᠯᠸᠺᠦ᠋ᠯ ᠯᠠ ᠳᠡᠭᠡᠵᠤ ᠴᠢᠳᠠᠨ᠎ᠠ᠃ ᠡᠪᠠᠰᠤᠨ ᠦᠨᠳᠦᠰᠦᠨ ᠳᠤ ᠰᠢᠮᠠᠳᠤᠨ᠎ᠡ᠃ ᠰᠢᠮ᠎ᠠ ᠪᠣᠯᠵᠤ ᠨᠤᠭᠤᠭᠠᠨ ᠠᠮᠢ ᠪᠣᠯᠵᠤ ᠠᠮᠢᠯᠠᠨ᠎ᠠ᠃ ᠳᠡᠯᠭᠡᠷᠡᠨ᠎ᠡ᠃ ᠦᠷᠠᠯᠠᠨ᠎ᠡ᠃

ᠭᠡᠨ ᠲᠡᠶ ᠴᠤ ᠠᠳᠠᠯᠢ ᠦᠭᠡᠶ ᠰᠠᠤᠠᠭᠢᠯ ᠤᠨ ᠳᠡᠵᠢᠭᠡᠯ ᠨᠠᠢ᠌ᠷᠠᠭᠤᠯᠬᠤ ᠪᠠᠷ

ᠭᠡᠵᠢᠶᠡᠳᠡ ᠪᠠᠨ ᠰᠢᠨᠠᠯᠬᠤ ᠭᠡᠭ᠍ᠴᠢ ᠶᠠᠭᠠᠭᠢᠭᠰᠠᠨ ᠶᠡᠭᠡ ᠵᠢᠷᠭᠠᠯ ᠪᠣᠢ ︖

ᠭᠡᠭᠡᠷ᠎ᠡ ᠶᠢᠨ ᠴᠡᠴᠡᠭ᠌᠂ ᠭᠤᠪᠢ ᠶᠢᠨ ᠳᠡᠮᠡᠭᠡᠴᠢᠨ᠂ ᠪᠣᠭᠤᠷᠤᠯ ᠵᠠᠭᠤᠨ ᠤ

ᠭᠡᠯᠡ ᠨᠢ ᠪᠣᠯᠤᠨ᠎ᠠ ᠭᠡᠭ᠍ᠴᠢ ᠮᠦᠨ ᠶᠠᠮᠠᠷ ᠵᠤᠪᠠᠯᠠᠩ ᠪᠣᠢ ︖

ᠰᠢᠯᠦᠭ᠍ᠴᠢ ᠭᠦᠮᠤᠨ ᠪᠣᠯ ᠶᠡᠭᠡ ᠪᠠᠢ᠌ᠭᠠᠯᠢ ᠶᠢᠨ ᠨᠢᠭᠡ ᠡᠷᠭᠡᠳᠡᠨ ᠮᠦᠨ ᠭᠡᠭ᠍ᠴᠢ ᠶᠢ ᠠᠷᠳᠠᠢ ᠶᠢᠨ ᠰᠢᠯᠦᠭ᠌ ᠡᠴᠠ ᠪᠢᠳᠠ ᠭᠦᠢᠴᠡᠳ ᠣᠯᠵᠤ ᠬᠠᠷᠠᠨ᠎ᠠ᠃ ᠰᠢᠯᠦᠭ᠍ᠴᠢ ᠨᠢ ᠪᠠᠰᠠ ᠴᠤ ᠨᠡᠢ᠌ᠭᠡᠮ ᠪᠠ ᠴᠠᠭ ᠦᠶ᠎ᠡ ᠶᠢᠨ ᠥᠭᠡ ᠭᠡᠯᠡ᠂ ᠰᠡᠷᠭᠡᠭ᠌ ᠮᠠᠳᠠᠷᠠᠯ ᠮᠦᠨ᠃ ᠡ᠊ᠨᠳᠡ 《ᠭᠡᠭᠡᠷ᠎ᠡ ᠶᠢᠨ ᠴᠡᠴᠡᠭ᠌》᠂ 《ᠭᠤᠪᠢ ᠶᠢᠨ ᠳᠡᠮᠡᠭᠡᠴᠢᠨ》᠂ 《ᠪᠣᠭᠤᠷᠤᠯ ᠵᠠᠭᠤᠨ》 ᠨᠢ ᠳᠤᠰᠪᠣᠷᠢ ᠪᠠᠢ᠌ᠭᠠᠯᠢ᠂ ᠭᠦᠮᠤᠨ ᠠᠷᠠᠤᠨ᠂ ᠴᠠᠭ ᠦᠶ᠎ᠡ ᠶᠢᠨ ᠥᠭᠡᠷ᠎ᠡ ᠨᠠᠷᠠᠢ᠌ᠳᠤᠯ ᠪᠣᠯᠵᠤ ᠪᠠᠢ᠌ᠨ᠎ᠠ᠃ ᠡ᠊ᠨᠳᠡ 《ᠦᠪᠡᠷ ᠪᠢ》 ᠨᠢ ᠪᠠᠢ᠌ᠭᠠᠯᠢ ᠳᠡᠯᠡᠭᠡᠢ᠂ ᠭᠦᠮᠤᠨ ᠠᠷᠠᠤᠨ᠂ ᠴᠠᠭ ᠦᠶ᠎ᠡ ᠶᠢᠨ ᠶᠢᠡᠨ ᠬᠠᠮᠤᠭ ᠤᠨ ᠰᠡᠷᠭᠡᠭ᠌ ᠮᠠᠳᠠᠷᠠᠯ ᠊᠊᠊᠊᠊᠊᠊᠊᠊᠊᠊᠊᠊᠊᠊ 《ᠭᠡᠯᠡ》 ᠨᠢ ᠪᠣᠯᠵᠤ᠂ ᠠᠮᠢ ᠨᠢ ᠴᠤ ᠪᠣᠯᠪᠠ᠃ ᠠᠷᠳᠠᠢ ᠶᠢᠨ ᠰᠢᠯᠦᠭ᠌ ᠳᠠᠭᠢ 《ᠪᠢ ᠳᠦᠷᠢ》 ᠨᠢ ᠢᠩᠭᠢᠵᠤ ᠪᠠᠢ᠌ᠭᠠᠯᠢ᠂ ᠭᠦᠮᠤᠨ ᠨᠡᠢ᠌ᠭᠡᠮ᠂ ᠴᠠᠭ ᠦᠶ᠎ᠡ ᠳᠡᠭᠡᠨ ᠢᠵᠢᠯᠢᠳᠤᠨ ᠨᠢᠭᠡᠳᠴᠤ᠂ ᠠᠭᠤᠰᠤᠨ ᠰᠢᠩᠭᠡᠴᠢᠭᠡᠭ᠍ᠰᠡᠨ ᠪᠠᠢ᠌ᠳᠠᠭ᠃ ᠢᠩᠭᠢᠵᠤ ᠠᠷᠳᠠᠢ ᠶᠢᠨ ᠰᠢᠯᠦᠭ᠌ ᠳᠠᠭᠢ 《ᠪᠢ ᠳᠦᠷᠢ》 ᠨᠢ ᠪᠠᠢ᠌ᠭᠠᠯᠢ᠂ ᠨᠡᠢ᠌ᠭᠡᠮ᠂ ᠭᠦᠮᠤᠨ ᠤ ᠪᠣᠳᠠᠳᠤ ᠪᠠ ᠭᠡᠢ᠌ᠰᠪᠦᠷᠢ ᠣᠷᠤᠨ ᠵᠠᠢ ᠶᠢ ᠰᠤᠠᠳᠠᠯᠠᠭᠰᠠᠨ᠂ ᠣᠷᠤᠨ ᠵᠠᠢ ᠶᠢᠨ ᠭᠢᠯᠢ ᠳᠠᠪᠠᠭᠰᠠᠨ ᠣᠯᠠᠨ ᠳᠠᠯᠠᠳᠤ ᠴᠢᠨᠠᠷᠳᠠᠢ ᠠᠪᠣᠷᠭᠤ ᠳᠤᠮᠤ 《ᠪᠢ ᠳᠦᠷᠢ》 ᠊᠊᠊᠊᠊᠊᠊᠊᠊᠊᠊᠊᠊᠊᠊ ᠬᠠᠷᠢᠮᠠᠭ ᠰᠢᠠᠵᠢᠳᠠᠢ ᠮᠥᠷᠳᠡᠭᠡᠨ ᠬᠠᠮ ᠣᠷᠤᠨ ᠵᠠᠢ ᠶᠢᠨ ᠣᠠᠴᠠᠯᠢᠭ ᠲᠡᠶ ᠪᠢ ᠳᠦᠷᠢ ᠪᠣᠯᠵᠤ ᠴᠢᠳᠠᠵᠠᠢ᠃ ᠡᠨᠡ ᠭᠦ 《ᠪᠢ ᠳᠦᠷᠢ》 ᠨᠢ ᠪᠠᠭᠠᠰᠬᠤ ᠳᠠᠭᠠᠨ ᠣᠰᠤᠨ ᠤ ᠮᠤᠯᠸᠺᠦ᠋ᠯ ᠪᠣᠯᠵᠤ ᠶᠡᠭᠡᠰᠭᠦ ᠳᠡᠭᠡᠨ ᠵᠢᠷᠦᠭᠡ ᠨᠢ ᠳᠠᠯᠠᠨ ᠬᠠᠷ᠎ᠠ ᠴᠢᠨᠡᠭᠡ ᠪᠣᠯᠵᠤ ᠠᠯᠠᠭ᠎ᠠ ᠨᠢ ᠠᠩᠭ᠋ᠠᠷᠠᠭ ᠤᠨ ᠳᠤᠮᠳᠠ ᠪᠣᠯᠵᠤ ᠪᠠᠢ᠌ᠳᠠᠭ᠃ ᠠᠷᠳᠠᠢ ᠶᠢᠨ ᠰᠢᠯᠦᠭ᠌ ᠳᠠᠭᠢ 《ᠪᠢ ᠳᠦᠷᠢ》 ᠨᠢ ᠠᠷᠳᠠᠢ ᠶᠢᠨ ᠰᠢᠯᠦᠭ᠌ ᠳᠠᠭᠢ ᠬᠠᠮ ᠰᠡᠳᠭᠢᠭᠦᠢ ᠪᠠ ᠬᠠᠷᠢᠮᠠᠭ ᠰᠡᠳᠭᠢᠭᠦᠢ ᠶᠢᠨ ᠢᠯᠠᠷᠠᠯ ᠢ ᠥᠭᠡᠷ᠎ᠡ ᠨᠢᠭᠡᠨ ᠥᠡᠴᠦᠭ᠌ ᠡᠴᠠ ᠭᠦᠢᠴᠡᠳᠭᠡᠨ ᠥᠵᠡᠭᠦᠯᠵᠤ ᠪᠠᠢ᠌ᠳᠠᠭ᠃

ᠠᠷᠳᠠᠢ ᠶᠢᠨ ᠰᠢᠯᠦᠭ᠌ ᠳᠠᠭᠢ 《ᠪᠢ ᠳᠦᠷᠢ》 ᠪᠠ 《ᠠᠮᠢ ᠪᠠᠢ᠌ᠭᠠᠯᠢ ᠨᠢᠭᠡ ᠴᠤᠭᠴᠠ ᠶᠢᠨ ᠦᠵᠡᠯ》 ᠨᠢ ᠠᠷᠳᠠᠢ ᠶᠢᠨ ᠳᠤᠬᠠᠢ ᠶᠢᠨ ᠦᠶ᠎ᠡ ᠶᠢᠨ ᠪᠣᠰᠤᠳ ᠮᠤᠩᠭ᠋ᠤᠯ ᠰᠢᠯᠦᠭ᠍ᠴᠢᠳ ᠡᠴᠠ ᠢᠯᠠᠭᠠᠭᠳᠠᠬᠤ ᠪᠠᠰᠠ ᠨᠢᠭᠡᠨ ᠳᠤᠪᠣᠢ᠌ᠮ᠎ᠠ ᠣᠠᠴᠠᠯᠢᠭ ᠪᠣᠯᠬᠤᠷ ᠳᠠᠷᠠ ᠨᠢ ᠪᠠᠰᠠ ᠴᠤ ᠠᠷᠳᠠᠢ ᠶᠢ ᠠᠷᠳᠠᠢ ᠪᠣᠯᠭᠠᠭᠰᠠᠨ ᠨᠢᠭᠡ ᠴᠢᠬᠤᠯᠠ ᠭᠦᠴᠦᠰᠤ ᠪᠣᠯᠬᠤ ᠨᠢ ᠭᠠᠷᠴᠠᠭ᠎ᠠ ᠦᠭᠡᠶ᠃ ᠠᠷᠳᠠᠢ ᠶᠢᠨ ᠰᠢᠯᠦᠭ᠌ ᠳᠠᠭᠢ 《ᠪᠢ ᠳᠦᠷᠢ》 ᠨᠢ ᠪᠠᠰᠠ ᠴᠤ ᠳᠡᠭᠦᠨ ᠤ ᠰᠢᠯᠦᠭ᠌ ᠢ ᠳᠤᠤᠯᠢᠰᠯᠢᠭ ᠰᠢᠠᠵᠢ ᠲᠡᠶ ᠪᠣᠯᠭᠠᠭᠰᠠᠨ ᠴᠢᠬᠤᠯᠠ ᠨᠢᠭᠡ ᠰᠢᠯᠳᠠᠭᠠᠨ ᠪᠣᠯᠤᠨ᠎ᠠ᠃ ᠳᠠᠢ᠌ᠨ ᠭᠦ ᠠᠷᠳᠠᠢ ᠶᠢᠨ ᠰᠢᠯᠦᠭ᠌ ᠨᠢ ᠪᠠᠭᠠᠳᠤᠷᠯᠢᠭ ᠳᠤᠤᠯᠢᠰ ᠤᠨ ᠵᠢᠪᠬᠤᠭ᠎ᠠ ᠳᠡᠭᠦᠯᠳᠡᠷ᠂ ᠰᠥᠷᠯᠢᠭᠦᠨ ᠣᠮᠤᠭᠤᠯᠠᠩ ᠰᠢᠠᠵᠢ ᠲᠡᠶ ᠪᠣᠯᠵᠤ ᠴᠢᠳᠠᠭᠰᠠᠨ ᠶᠤᠮ᠃


ᠵᠤᠬᠢᠶᠠᠭᠴᠢ ᠶᠢᠨ ᠬᠠᠶ‍ᠢᠭ ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠣᠤᠠᠬ᠎ᠠ ᠵᠤᠬᠢᠶᠠᠯ ᠰᠤᠳᠤᠯᠬᠤ ᠭᠠᠵᠠᠷ


ᠵᠤᠬᠢᠶᠠᠭᠴᠢ᠄ ᠨᠠ᠊·ᠭᠡᠭᠡᠨᠰᠠᠷᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 47871
ᠴᠠᠭ᠄ 2012 ᠤᠨ ᠤ 09 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ