ᠵᠢᠰᠤ ᠪᠠᠷ ᠰᠢᠨᠡᠭᠡᠨ ᠰᠤᠷᠭᠠᠭᠤᠯᠢ ᠮᠢᠨᠢ
ᠲᠦᠰᠢᠶᠠᠳᠤ ᠶᠢᠨ ᠪᠠᠶᠠᠠᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ ᠳᠤ ᠡᠷᠭᠦᠪᠡ

       

ᠵᠥᠯᠭᠡᠨ ᠤ ᠴᠡᠴᠡᠭᠡᠰ ᠰᠢᠭᠦᠳᠡᠷᠢ ᠪᠦᠩᠵᠢᠭᠡᠨᠡᠭᠦᠯᠦᠭᠡᠳ

ᠳᠠᠯᠪᠢ ᠪᠠᠨ ᠵᠠᠳᠠᠯᠤᠭᠠᠤᠨ ᠳᠡᠯᠭᠡᠷᠡᠭᠦ ᠰᠢᠭ᠌ ᠭᠤᠶᠤᠬᠠᠨ

ᠵᠡᠭᠦᠳᠤᠨ ᠤ ᠰᠤᠪᠢᠩ ᠡᠳᠦᠷ ᠣᠭᠳᠤᠩᠬᠠᠨ

ᠶ‍ᠢᠯᠧᠢ ᠪᠠᠨ ᠭᠠᠢ᠌ᠬᠠᠭᠤᠯᠤᠭᠠᠤᠨ ᠢᠯᠡᠷᠡᠭᠦ ᠰᠢᠭ᠌ ᠠᠶᠠᠳᠠᠢ᠌ᠬᠠᠨ

     ᠵᠢᠰᠤ ᠪᠠᠷ ᠰᠢᠨᠡᠭᠡᠨ ᠰᠤᠷᠭᠠᠭᠤᠯᠢ ᠮᠢᠨᠢ

     ᠵᠢᠷᠦᠭᠡᠨ ᠤ ᠬᠠᠢ᠌ᠷ᠎ᠠ ᠶᠢ ᠳᠠᠳᠠᠨ ᠰᠦᠨᠳᠠᠷᠯᠠᠨ᠎ᠡ

ᠳᠤᠷᠣᠢ᠌ᠭᠠᠤᠨ ᠬᠠᠷᠠᠭᠳᠠᠬᠤ ᠰᠠᠢ᠌ᠬᠠᠨ ᠪᠠᠷ᠎ᠠ ᠳᠠᠢ

ᠳᠤᠷᠨᠢᠭᠠᠤᠨ ᠮᠡᠳᠡᠯᠭᠡᠵᠢᠭᠦ ᠶᠢᠨ ᠰᠤᠳᠤᠨ ᠰᠤᠷᠭᠠᠭᠤᠯᠢ

ᠳᠠᠭᠤᠷᠢᠯᠢᠭ ᠲᠦᠰᠢᠶᠠᠳᠤ ᠶᠢᠨ ᠰᠤᠶᠤᠯ ᠤᠨ ᠭᠦᠷᠦᠰᠤ

ᠳᠤᠮᠤᠭᠳᠤ ᠲᠦᠮᠡᠨ ᠤ ᠪᠠᠨ ᠰᠢᠨᠠᠴᠢᠯᠠᠯ ᠤᠨ ᠳᠦᠷᠦᠭᠡ

     ᠵᠢᠰᠤ ᠪᠠᠷ ᠰᠢᠨᠡᠭᠡᠨ ᠰᠤᠷᠭᠠᠭᠤᠯᠢ ᠮᠢᠨᠢ

     ᠵᠢᠷᠦᠭᠡᠨ ᠤ ᠬᠠᠢ᠌ᠷ᠎ᠠ ᠶᠢ ᠳᠠᠳᠠᠨ ᠰᠦᠨᠳᠠᠷᠯᠠᠨ᠎ᠡ

ᠰᠠᠷᠠᠨ ᠭᠦᠷᠳᠡᠯ᠎ᠡ ᠢᠴᠢᠮᠠᠷ ᠰᠤᠷᠭᠠᠭᠤᠯᠢ ᠳᠤ ᠪᠠᠨ

ᠰᠠᠢ᠌ᠬᠠᠨ ᠮᠠᠷᠭᠠᠰᠢ ᠪᠠᠨ ᠪᠢᠳᠠ ᠵᠢᠷᠤᠭᠯᠠᠨ᠎ᠠ

ᠰᠠᠷᠠᠭᠤᠯ ᠳᠢᠩᠭᠢᠮ ᠳᠤ ᠪᠠᠨ ᠡᠷᠳᠡᠮᠳᠤ ᠪᠠᠭᠰᠢᠨᠠᠷ ᠮᠢᠨᠢ

ᠰᠠᠪᠠ ᠶ‍ᠢᠷᠳᠢᠠᠴᠤ ᠶᠢᠨ ᠨᠢᠭᠤᠴᠠ ᠶᠢ ᠣᠯᠠᠮᠵᠢᠯᠠᠨ᠎ᠠ

     ᠵᠢᠰᠤ ᠪᠠᠷ ᠰᠢᠨᠡᠭᠡᠨ ᠰᠤᠷᠭᠠᠭᠤᠯᠢ ᠮᠢᠨᠢ

     ᠵᠢᠷᠦᠭᠡᠨ ᠤ ᠬᠠᠢ᠌ᠷ᠎ᠠ ᠶᠢ ᠳᠠᠳᠠᠨ ᠰᠦᠨᠳᠠᠷᠯᠠᠨ᠎ᠡ

ᠠᠭᠤᠯᠠᠨ ᠤ ᠪᠣᠭᠤ ᠭᠠᠯᠪᠢᠷ ᠲᠤ ᠴᠢᠨᠢ ᠳᠠᠳᠠᠭᠳᠠᠭᠠᠤᠨ

ᠨᠠᠮᠤᠷ ᠲᠤ ᠪᠠᠨ ᠰᠢᠩᠭᠡᠭᠡᠳ ᠣᠷᠤᠮᠳᠠᠮᠠᠷᠬᠠᠨ

ᠬᠤᠤᠯᠢᠨ ᠤ ᠵᠢᠭᠠᠰᠤ ᠪᠠᠷ᠎ᠠ ᠳᠤ ᠴᠢᠨᠢ ᠬᠤᠷᠭᠤᠳᠠᠭᠠᠤᠨ

ᠴᠡᠭᠡᠯ ᠳᠤ ᠪᠠᠨ ᠢᠴᠡᠭᠡᠳ ᠢᠷᠭᠠᠯᠮᠠᠷᠬᠠᠨ

     ᠵᠢᠰᠤ ᠪᠠᠷ ᠰᠢᠨᠡᠭᠡᠨ ᠰᠤᠷᠭᠠᠭᠤᠯᠢ ᠮᠢᠨᠢ

     ᠵᠢᠷᠦᠭᠡᠨ ᠤ ᠬᠠᠢ᠌ᠷ᠎ᠠ ᠶᠢ ᠳᠠᠳᠠᠨ ᠰᠦᠨᠳᠠᠷᠯᠠᠨ᠎ᠡ

ᠵᠢᠷᠦᠭᠡᠨ ᠠᠭᠤᠯᠠ ᠴᠢᠨᠢ ᠨᠠᠯᠠᠭᠠᠷᠬᠠᠨ ᠣᠯᠠᠢ᠌ᠭᠠᠤᠨ

ᠦᠵᠡᠮᠵᠢ ᠪᠠᠷ ᠪᠦᠷᠢᠨ ᠵᠥᠮᠪᠦᠷᠯᠡᠩᠭᠡᠨ ᠪᠠᠢ᠌ᠨ᠎ᠠ

ᠬᠠᠩᠭ᠋ᠠᠯ ᠤᠨ ᠣᠰᠤᠨ ᠴᠢᠨᠢ ᠵᠢᠮᠦᠭᠦᠨ ᠴᠡᠯᠮᠡᠭᠡᠳ

ᠬᠠᠷᠠᠴᠠ ᠪᠠᠷ ᠣᠶᠠᠬᠠᠨ ᠰᠢᠷᠳᠡᠩᠭᠡᠨ ᠪᠠᠢ᠌ᠨ᠎ᠠ

     ᠵᠢᠰᠤ ᠪᠠᠷ ᠰᠢᠨᠡᠭᠡᠨ ᠰᠤᠷᠭᠠᠭᠤᠯᠢ ᠮᠢᠨᠢ

     ᠵᠢᠷᠦᠭᠡᠨ ᠤ ᠬᠠᠢ᠌ᠷ᠎ᠠ ᠶᠢ ᠳᠠᠳᠠᠨ ᠰᠦᠨᠳᠠᠷᠯᠠᠨ᠎ᠡ

ᠨᠠᠷᠠᠨ ᠭᠦᠷᠳᠡᠯ᠎ᠡ ᠠᠳᠠᠭᠠᠷᠠᠮᠠᠷ ᠰᠤᠷᠭᠠᠭᠤᠯᠢ ᠳᠤ ᠪᠠᠨ

ᠨᠤᠭᠤᠭᠠᠨ ᠭᠦᠰᠡᠯ ᠶᠢᠡᠨ ᠪᠢᠳᠠ ᠣᠷᠭᠤᠭᠤᠯᠤᠨ᠎ᠠ

ᠨᠠᠪᠴᠢᠨ ᠵᠢᠷᠭᠠᠯᠳᠤ ᠰᠠᠢ᠌ᠬᠠᠨ ᠴᠤᠭᠴᠠᠰ ᠮᠢᠨᠢ

ᠨᠠᠮ ᠤᠨ ᠶᠢᠡᠨ ᠠᠴᠢ ᠪᠠᠷ ᠢᠳᠡᠷᠡᠭᠦᠨ ᠳᠤᠷᠨᠢᠨ᠎ᠠ

     ᠵᠢᠰᠤ ᠪᠠᠷ ᠰᠢᠨᠡᠭᠡᠨ ᠰᠤᠷᠭᠠᠭᠤᠯᠢ ᠮᠢᠨᠢ

     ᠵᠢᠷᠦᠭᠡᠨ ᠤ ᠬᠠᠢ᠌ᠷ᠎ᠠ ᠶᠢ ᠳᠠᠳᠠᠨ ᠰᠦᠨᠳᠠᠷᠯᠠᠨ᠎ᠡ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠳᠠᠪᠬᠤᠷᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2582
ᠴᠠᠭ᠄ 2011 ᠤᠨ ᠤ 06 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ