ᠭᠤᠪᠢ ᠶᠢᠨ ᠴᠢᠨ᠋ᠸ᠎ᠠ

ᠭᠤᠤᠯ ᠳᠠᠭᠠᠷᠢᠮ᠎ᠠ ᠬᠠᠪᠣᠷ ᠤᠨ ᠰᠠᠯᠭᠢᠨ ᠢ ᠰᠦᠷᠴᠤ

ᠭᠤᠷᠠᠩᠭ᠋ᠤᠳᠠᠭᠰᠠᠨ ᠳᠠᠷ ᠶᠢᠡᠨ ᠡᠷ᠎ᠡ ᠰᠦᠰᠦ ᠪᠠᠷ ᠰᠠᠯᠪᠢᠵᠤ

ᠦᠯ ᠪᠣᠭᠤᠷᠤᠯ ᠦᠨᠢᠳᠠ ᠶᠢᠨ ᠳᠤᠮᠤᠭ ᠶᠢᠡᠨ ᠴᠠᠳᠢᠭᠯᠠᠨ

ᠥᠭᠦᠯ ᠰᠡᠭᠡᠯ ᠤᠨ ᠬᠠᠳᠠᠭᠤ ᠬᠠᠭᠤᠳᠠᠰᠤ ᠶᠢ ᠰᠡᠭ᠍ᠴᠢᠨ᠎ᠡ


ᠭᠤᠪᠢ ᠴᠦᠯ ᠤᠨ ᠳᠠᠴᠢᠷ ᠣᠷᠴᠢᠨ ᠳᠤ ᠪᠠᠨ ᠣᠶᠠᠰᠤᠨ ᠣᠶᠠᠰᠤᠨ

ᠭᠤᠤ ᠵᠢᠯᠠᠭ᠎ᠠ ᠰᠤᠬᠠᠢ ᠰᠤᠵᠠᠭ ᠳᠠᠮᠵᠢᠨ ᠳᠠᠮᠵᠢᠨ

ᠳᠡᠭ᠍ᠷᠢᠯᠢᠭ᠌ ᠳᠡᠦᠭᠡ ᠶᠢᠨ ᠳᠢᠪ ᠥᠡᠳᠦᠷᠯᠢᠭ᠌ ᠦᠳᠭᠡᠨ ᠰᠢᠭᠤᠢ ᠵᠢ

ᠲᠦᠨᠡᠷ ᠬᠠᠷᠠᠩᠭ᠋ᠤᠢ ᠶᠢᠨ ᠳᠤᠮᠳᠠ ᠰᠢᠩᠰᠢᠨ ᠰᠢᠩᠰᠢᠨ ᠳᠠᠮᠳᠠᠴᠢᠨ᠎ᠡ


ᠬᠠᠳᠠᠭᠤ ᠵᠤᠭᠳᠤᠷ ᠭᠡᠢ᠌ᠰᠴᠤ ᠬᠤᠷᠴᠠ ᠭᠢᠮᠤᠰᠤ ᠮᠠᠳᠠᠷᠠᠨ

ᠭᠦᠭᠡ ᠰᠠᠷᠠᠯ ᠨᠢᠭᠡᠨ ᠥᠩᠭᠡ ᠪᠦᠷᠳᠦᠯᠵᠡᠨ ᠳᠤᠭᠰᠢᠷᠠᠨ᠎ᠠ

ᠬᠠᠷᠠᠭ᠎ᠠ ᠠᠯᠳᠠᠮ᠎ᠠ ᠭᠤᠪᠢ ᠴᠦᠯ ᠴᠠᠴᠠᠷᠠᠵᠤ

ᠭᠦᠡᠳᠡᠢ ᠣᠭᠳᠠᠷᠭᠤᠢ ᠳᠤ ᠭᠦᠩᠭᠢᠨᠡᠮ᠎ᠡ ᠣᠯᠢᠯᠳᠠ ᠴᠤᠤᠷᠢᠶᠠᠳᠤᠨ ᠴᠤᠤᠷᠢᠶᠠᠳᠤᠨ᠎ᠠ


ᠨᠤᠮᠢᠨ ᠨᠤᠭᠤᠭᠠᠨ ᠶᠢᠡᠷ ᠭᠡᠷᠡᠯᠳᠤᠨ ᠳᠤᠸᠠᠯᠠᠭᠰᠠᠨ ᠭᠢᠯᠢᠩᠳᠤ ᠨᠢᠳᠤᠨ ᠡᠴᠠ ᠨᠢ

ᠨᠤᠬᠤᠴᠠᠭᠠᠳᠤ ᠠᠮᠢᠳᠤᠷᠠᠯ ᠤᠨ ᠨᠤᠶᠠᠤᠨ ᠤᠨ ᠰᠤᠷᠮᠤᠤᠰᠤ ᠪᠠᠶᠠᠰᠤᠨ ᠪᠠᠶᠠᠰᠴᠤ

ᠨᠤᠭᠤᠷᠠᠯ ᠪᠣᠳᠤᠷᠢᠯ ᠤᠨ ᠭᠦᠡᠳᠤ ᠵᠠᠶᠠᠭ᠎ᠠ ᠪᠠᠨ ᠳᠠᠶᠠᠭᠳᠠᠨ ᠳᠠᠶᠠᠭᠳᠠᠨ

ᠨᠠᠷᠠᠨ ᠵᠥᠭ᠌ ᠤᠨ ᠭᠡᠢ᠌ᠮᠦᠷᠢ ᠲᠦᠰᠢᠵᠤ ᠰᠥᠭᠯᠥᠢᠨ ᠪᠣᠰᠤᠨ᠎ᠠ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠬᠠᠷᠢᠶ᠎ᠠ᠄ ᠰᠢᠯᠦᠭ
ᠳᠠᠷᠤᠮ᠄ 1857
ᠴᠠᠭ᠄ 2012 ᠤᠨ ᠤ 10 ᠰᠠᠷ᠎ᠠ ᠶᠢᠨ 26