ᠠᠪᠤ ᠨᠢ ᠬᠡᠨ ᠪᠤᠢ

ᠰᠠᠩᠪᠣᠤ ᠪᠠᠭᠰᠢ ᠥᠭᠡᠯᠡᠢ ᠭᠦᠤ ᠶᠢᠨ ᠶᠢᠡᠨ ᠵᠢᠵᠢᠭ᠌ ᠳᠠᠰᠤᠭ ᠲᠤ ᠳᠠᠩᠭ᠋ᠠᠢ᠌ᠵᠤ ᠭᠡᠪᠳᠡᠭᠡᠳ ᠡᠨᠡ ᠳᠠᠷᠠ ᠶᠢ ᠪᠣᠳᠤᠵᠤ᠂ ᠨᠣᠢ᠌ᠷ ᠬᠤᠯᠵᠢᠭᠠᠤᠨ ᠣᠷᠪᠠᠵᠤ ᠭᠦᠷᠪᠠᠨ᠎ᠡ᠃ ᠦᠪᠡᠷ ᠤᠨ ᠭᠡᠷ ᠲᠤ ᠪᠠᠨ ᠪᠠᠢ᠌ᠭᠰᠠᠨ ᠢ ᠶᠠᠭᠠᠭᠢᠵᠤ ᠭᠦᠷᠭᠦ ᠪᠣᠢ ︕ ᠪᠣᠰᠤᠳ ᠤᠨ ᠴᠢᠷᠠᠢ ᠶᠢ ᠬᠠᠷᠠᠵᠤ ᠭᠦᠮᠤᠨ ᠤ ᠳᠤᠤᠷ᠎ᠠ ᠣᠷᠤᠭᠰᠠᠨ ᠳᠦᠷᠦᠭ᠍ᠳᠡᠯ ᠲᠡᠶ᠃

ᠬᠠᠭᠠᠰ ᠨᠠᠰᠤ ᠪᠠᠷ ᠪᠠᠭᠰᠢᠯᠠᠵᠤ᠂ ᠰᠤᠷᠤᠭᠴᠢᠳ ᠤᠨ ᠲᠥᠪ ᠵᠤᠭᠰᠤᠨ ᠭᠠᠷ ᠡᠷᠭᠦᠨ ᠶᠤᠰᠤᠯᠠᠬᠤ ᠶᠢ ᠳᠤᠯᠤᠭᠠᠢ ᠳᠤᠭᠢᠨ ᠭᠦᠯᠢᠶᠡᠵᠤ᠂ ᠨᠢᠷᠤᠭᠤ ᠡᠭᠦᠷᠤᠨ ᠶᠠᠪᠣᠵᠤ ᠪᠠᠢ᠌ᠭᠰᠠᠨ᠃ ᠣᠳᠤ ᠨᠠᠰᠤ ᠠᠭᠢᠭᠠᠤᠨ᠂ ᠠᠵᠢᠯ ᠤᠨ ᠠᠮᠠᠷᠠᠯᠳᠠ ᠠᠪᠴᠤ ᠪᠣᠰᠤᠳ ᠤᠨ ᠬᠠᠷᠠᠭᠠᠯᠵᠠᠯ ᠳᠤ ᠬᠡᠦᠬᠡᠳ ᠤᠨ ᠴᠢᠷᠠᠢ ᠶᠢ ᠦᠵᠡᠵᠤ ᠠᠮᠢᠳᠤᠷᠠᠬᠤ ᠪᠣᠯᠤᠯ᠎ᠠ᠃ ᠪᠠᠶ᠎ᠠ ᠪᠠᠨ ᠮᠠᠳᠠᠪᠠᠯ ᠭᠦᠮᠤᠨ᠂ ᠪᠠᠯᠴᠢᠭᠡᠷ ᠶᠢᠡᠨ ᠳᠠᠨᠢᠪᠠᠯ ᠮᠠᠯ ᠭᠡᠭ᠍ᠴᠢ ᠪᠠᠷ ᠴᠠᠭ ᠦᠷᠭᠦᠯᠵᠢ ᠪᠠᠶ᠎ᠠ ᠪᠠᠨ ᠭᠢᠴᠢᠶᠠᠵᠤ᠂ ᠭᠠᠷᠴᠤ ᠣᠷᠤᠬᠤ ᠳᠠᠭᠠᠨ ᠭᠦᠯ ᠶᠢᠡᠨ ᠡᠷᠭᠦᠵᠤ᠂ ᠭᠦᠩᠭᠡᠨ ᠳᠡᠪᠰᠢᠭᠦᠯᠤᠨ᠂ ᠳᠤᠤᠷ᠎ᠠ ᠳᠠᠭᠤᠨ ᠲᠡᠶ ᠶᠠᠷᠢᠵᠤ᠂ ᠳᠤᠷᠤᠢ ᠳᠦᠷᠢ ᠲᠡᠶ ᠵᠠᠩᠨᠠᠬᠤ ᠪᠣᠯᠪᠠ᠃ ᠬᠤᠭᠤᠯᠠ ᠢᠳᠡᠭᠦ ᠵᠠᠭᠤᠷ᠎ᠠ᠂ ᠬᠡᠦᠬᠡᠳ ᠶᠠᠭᠤ ᠭᠡᠵᠤ ᠪᠣᠳᠤᠵᠤ ᠪᠠᠢ᠌ᠭ᠎ᠠ ᠪᠣᠯ ᠭᠡᠳ ᠬᠤᠭᠤᠯᠠᠢ ᠨᠢ ᠵᠠᠩᠭᠢᠷᠠᠨ᠎ᠠ᠃ ᠬᠡᠦᠬᠡᠳ ᠤᠨ ᠠᠮᠠᠷᠠᠵᠤ ᠪᠠᠢ᠌ᠭ᠎ᠠ ᠳᠤ ᠪᠣᠤ ᠯᠠ ᠬᠠᠷᠰᠢ ᠪᠣᠯᠤᠶ᠎ᠠ ᠭᠡᠵᠤ ᠪᠠᠢ᠌ᠳᠠᠯ᠎ᠠ᠂ ᠨᠢᠭᠡ ᠬᠠᠨᠢᠶᠠᠭᠰᠠᠨ ᠳᠤ ᠭᠦᠤ ᠪᠠᠷᠢ ᠶᠢᠨ ᠨᠢᠳᠤ ᠨᠢ ᠴᠠᠢ᠌ᠪᠠᠯ᠎ᠠ᠃

ᠭᠡᠷ ᠲᠡᠭᠡᠨ ᠰᠠᠭᠤᠭᠰᠠᠨ ᠪᠣᠯ ᠡ᠂ ᠭᠤᠷᠪᠠᠨ ᠳᠠᠰᠤᠯᠭ᠎ᠠ ᠪᠠᠢ᠌ᠰᠢᠩ ᠮᠢᠨᠢ ᠨᠠᠳᠠ ᠳᠤ ᠪᠠᠨ ᠬᠠᠭᠠᠨ ᠤ ᠣᠷᠳᠤᠨ ᠭᠡᠵᠤ ᠪᠣᠳᠤᠬᠤ ᠲᠡᠶ ᠵᠡᠷᠭᠡ᠂ ᠡᠭᠡᠨᠡᠷ ᠨᠢ ᠰᠠᠨᠠᠭᠳᠠᠯ᠎ᠠ᠃ ᠭᠠᠳᠠᠨ᠎ᠠ ᠰᠢᠳᠤᠷᠭᠤ ᠪᠣᠯᠪᠠᠴᠤ ᠭᠡᠷ ᠲᠡᠭᠡᠨ ᠡᠷ᠎ᠡ ᠪᠠᠭᠠᠳᠤᠷ᠂ ᠠᠯᠢ ᠪᠠᠢ᠌ᠭᠰᠠᠨ ᠠᠭᠤᠷ ᠭᠢᠯᠢᠭ᠌ ᠶᠢᠡᠨ ᠡᠭᠡᠨᠡᠷ ᠲᠡᠭᠡᠨ ᠭᠠᠷᠭᠠᠵᠤ᠂ ᠣᠮᠤᠭ ᠰᠦᠷ ᠶᠢᠡᠨ ᠮᠠᠠᠳᠤᠭᠤᠯᠵᠤ ᠪᠠᠢ᠌ᠭᠰᠠᠨ᠃ ᠣᠳᠤ ᠡᠭᠡᠨᠡᠷ ᠨᠢ ᠨᠢᠳᠤ ᠠᠨᠢᠨ ᠨᠢᠭᠡᠮᠰᠤᠨ ᠰᠠᠯᠤᠭᠠᠤᠨ ᠣᠳᠤᠯ᠎ᠠ᠂ ᠭᠡᠨ ᠳᠡᠭᠡᠨ ᠠᠭᠠᠰᠢ ᠭᠠᠷᠭᠠᠨ᠎ᠠ ᠳ᠋ᠠ᠂ ᠬᠠᠢ ︕ ᠶᠠᠭᠤ ᠴᠤ ᠭᠡᠰᠡᠨ ᠣᠷᠤᠬᠤ ᠭᠡᠷ ᠨᠢᠭᠡᠮᠦᠰᠤᠨ ᠠᠶᠠᠭ᠎ᠠ ᠲᠡᠶ ᠪᠣᠯᠤᠯ᠎ᠠ ᠭᠡᠳ ᠪᠣᠳᠤᠬᠤ ᠳᠤ ᠴᠢᠷᠠᠢ ᠨᠢᠭᠤᠷ ᠳᠤᠨᠢ ᠠᠭᠠᠯᠵᠢᠨ ᠳᠤᠤᠷ ᠰᠢᠭ ᠢᠨᠢᠶᠡᠮᠰᠦᠭ᠌ ᠳᠦᠷᠢ ᠢᠯᠠᠷᠠᠪᠠ᠃

᠊᠊᠊᠊᠊᠊᠊᠊᠊᠊᠊᠊᠊᠊᠊ ᠶ‍ᠧ ᠶ‍ᠧ ︕ ᠬᠤᠭᠤᠯᠠ ᠪᠠᠨ ᠵᠤᠭᠤᠭᠯᠠ ᠭᠡᠵᠤ ᠣᠮᠪᠣᠯ ᠭᠦᠤ ᠨᠢ ᠭᠦᠶᠤᠨ ᠣᠷᠤᠵᠤ ᠢᠷᠡᠭᠦ ᠶᠢ ᠥᠵᠡᠭᠡᠳ ᠵᠢᠷᠦᠭᠡ ᠰᠡᠳᠭᠢᠯ ᠳ᠋ᠤᠨᠢ ᠳᠤᠯᠠᠰ ᠭᠡᠪᠡ᠃

ᠰᠠᠩᠪᠣᠤ ᠭᠤᠤᠯ ᠦᠷᠦᠭᠡᠨ ᠤ ᠰᠢᠷᠡᠭᠡᠨ ᠭᠤᠤᠯ ᠳᠤ ᠰᠠᠭᠤᠭᠠᠤᠨ ᠰᠠᠪᠬ᠎ᠠ ᠠᠪᠬᠤ ᠳᠤ ᠶᠡᠭᠡ ᠭᠦᠤ ᠨᠢ ᠬᠤᠠᠳᠠᠭ᠎ᠠ ᠲᠡᠶ ᠠᠷᠢᠭᠢ ᠶᠢ ᠪᠢᠯᠬᠠᠭᠤᠯᠤᠨ ᠳᠡᠭᠡᠭ᠍ᠰᠢ ᠡᠷᠭᠦᠵᠤ ᠠᠪᠣ ᠳᠠᠭᠠᠨ ᠠᠷᠢᠭᠢ ᠪᠠᠷᠢᠪᠠ᠃ ᠳᠤᠰᠴᠤ ᠠᠪᠣᠶ᠎ᠠ ᠭᠡᠵᠤ ᠪᠠᠢ᠌ᠳᠠᠯ᠎ᠠ ᠭᠦᠤ ᠨᠢ᠄

᠊᠊᠊᠊᠊᠊᠊᠊᠊᠊᠊᠊᠊᠊᠊ ᠠᠪᠣ ᠡ᠂ ᠭᠡᠷ ᠪᠠᠢ᠌ᠰᠢᠩ ᠤᠨ ᠭᠡᠷᠡᠴᠢ ᠴᠢᠨᠢ ︖ ᠭᠡᠵᠤ ᠠᠰᠠᠭᠤᠨ᠎ᠠ᠂ ᠰᠠᠩᠪᠣᠤ ᠪᠢᠴᠢᠭ᠌ ᠰᠤᠶᠤᠯ ᠲᠡᠶ ᠭᠦᠮᠤᠨ ᠶᠠᠭᠤ ᠶᠢ ᠡ᠊ᠨᠳᠡᠭᠦ ᠪᠣᠢ᠃ ᠰᠡᠳᠭᠢᠯ ᠳᠤᠳᠤᠷ᠎ᠠ ᠨᠢ ᠲᠤᠷ ᠭᠡᠵᠤ 《ᠡ ︕ ᠡᠨᠡ ᠵᠤᠯᠢᠭ ᠴᠢᠨᠢ ᠮᠢᠨᠤ ᠭᠤᠷᠪᠠᠨ ᠳᠠᠰᠤᠯᠭ᠎ᠠ ᠪᠠᠢ᠌ᠰᠢᠩ ᠳᠤ ᠭᠤᠷᠢ ᠳᠠᠯᠪᠢᠵᠤ ᠪᠠᠢ᠌ᠨ᠎ᠠ》 ᠭᠡᠵᠤ ᠪᠣᠳᠤᠨ᠎ᠠ᠃ ᠳᠡᠭᠡᠭᠡᠳ᠄

᠊᠊᠊᠊᠊᠊᠊᠊᠊᠊᠊᠊᠊᠊᠊ ᠮᠢᠨᠤ ᠭᠡᠷ ᠤᠨ ᠭᠡᠷᠡᠴᠢ ᠭᠠᠢ᠌ᠭᠤᠢ᠂ ᠳᠠ ᠨᠡᠷ ᠰᠡᠳᠭᠢᠯ ᠵᠤᠪᠠᠯᠭᠠᠨ ᠦᠭᠡᠶ ᠭᠡᠪᠡ᠃

᠊᠊᠊᠊᠊᠊᠊᠊᠊᠊᠊᠊᠊᠊᠊ ᠭᠡᠷᠡᠴᠢ ᠶᠢᠨ ᠶᠢᠡᠨ ᠨᠠᠷ᠎ᠠ ᠶᠢ ᠨᠢ ᠰᠤᠯᠢᠴᠢᠬ᠎ᠠ ᠭᠡᠪᠡ᠃

᠊᠊᠊᠊᠊᠊᠊᠊᠊᠊᠊᠊᠊᠊᠊ ᠶᠠᠭᠤᠨ ᠳᠤ ︖ ᠭᠡᠵᠤ ᠠᠪᠣ ᠨᠢ ᠠᠰᠠᠭᠤᠪᠠᠯ᠄

᠊᠊᠊᠊᠊᠊᠊᠊᠊᠊᠊᠊᠊᠊᠊ ᠥᠳᠡᠯᠦᠭ᠍ᠰᠡᠨ ᠭᠦᠮᠤᠨ ᠭᠡᠷ ᠪᠠᠢ᠌ᠰᠢᠩ ᠶᠢᠡᠷ ᠶᠠᠭᠤ ᠭᠢᠭᠦ ᠶᠤᠮ ᠳ᠋ᠠ᠂ ᠭᠡᠷ ᠤᠨ ᠡᠵᠡᠨ ᠤ ᠨᠠᠷ᠎ᠠ ᠶᠢ ᠨᠢ ᠮᠢᠨᠤ ᠭᠦᠤ ᠶᠢᠨ ᠨᠠᠷ᠎ᠠ ᠳᠡᠭᠡᠷ᠎ᠡ ᠳᠠᠯᠪᠢ ᠭᠡᠪᠡ᠃

ᠥᠭᠡᠨ ᠳᠤ ᠣᠴᠢᠷ ᠲᠡᠶ ᠥᠨᠡᠭᠡᠨ ᠳᠤ ᠬᠤᠯᠵᠢᠨ ᠲᠡᠶ ᠭᠡᠭ᠍ᠴᠢ ᠪᠠᠷ ᠡᠭᠦᠨ ᠡᠴᠠ ᠡᠮᠤᠨ᠎ᠡ ᠡᠳᠦᠷ ᠲᠤ ᠡᠨᠡ ᠭᠤᠷᠪᠠᠨ ᠳᠠᠰᠤᠯᠭ᠎ᠠ ᠪᠠᠢ᠌ᠰᠢᠩ ᠢ ᠪᠣᠯᠢᠶᠠᠯᠳᠤᠭᠠᠤᠨ ᠠᠬ᠎ᠠ ᠳᠡᠭᠦᠤ ᠭᠤᠷᠪᠠᠭᠤᠯᠠ ᠭᠡᠷᠡᠯᠳᠦᠭᠡᠳ ᠳᠤᠯᠤᠭᠠᠢ ᠳᠤᠯᠤᠭᠠᠢ ᠪᠠᠨ ᠴᠤᠭᠤᠯᠤᠭᠰᠠᠨ ᠣᠴᠢᠷ ᠪᠣᠢ ᠳᠤᠯᠠ ᠰᠠᠩᠪᠣᠤ᠄

᠊᠊᠊᠊᠊᠊᠊᠊᠊᠊᠊᠊᠊᠊᠊ ᠳᠠᠰᠤ ᠪᠣᠯᠬᠤ ᠦᠭᠡᠶ ᠭᠡᠵᠤ ᠬᠠᠷᠢᠭᠤ ᠥᠭ᠍ᠪᠡ᠃

ᠣᠤᠯ ᠨᠢ ᠳᠡᠭᠦᠨ ᠤ ᠬᠤᠪᠢ ᠶᠢᠨ ᠦᠮᠴᠢ ᠪᠣᠯᠤᠭᠰᠠᠨ ᠪᠠᠢ᠌ᠰᠢᠩ ᠢ ᠭᠤᠷᠪᠠᠨ ᠭᠦᠤ ᠨᠢ ᠨᠢᠭᠡ ᠪᠦᠭᠦᠯᠢ ᠳᠠᠷᠭᠤᠨ ᠮᠢᠬ᠎ᠠ ᠭᠡᠵᠤ ᠪᠣᠳᠤᠭᠠᠤᠨ ᠨᠢᠭᠡ ᠡᠮᠭᠦ ᠪᠠᠷ ᠪᠦᠭᠦᠨ ᠢ ᠵᠠᠯᠭᠢᠮᠠᠷ ᠰᠠᠨᠠᠵᠤ᠂ ᠬᠤᠭᠤᠯᠠᠢ ᠨᠢ ᠭᠤᠪ ᠭᠤᠪ ᠭᠦᠳᠡᠯᠵᠤ᠂ ᠡᠨᠡ ᠡᠴᠢᠭᠡ ᠪᠠᠨ ᠳᠦᠷᠭᠡᠨ ᠥᠭᠦᠵᠤ ᠣᠴᠢᠬᠤ ᠶᠢ ᠡᠳᠦᠷ ᠭᠡᠮᠵᠢᠨ ᠭᠦᠰᠡᠭ᠍ᠰᠡᠭᠡᠷ ᠡᠨᠡ ᠡᠳᠦᠷ ᠳᠤᠯᠪᠠ᠃ ᠥᠳᠡᠯᠦᠴᠢᠭᠡᠭ᠍ᠰᠡᠨ ᠠᠪᠣ ᠭᠦᠮᠤᠨ ᠶᠠᠮᠠᠷ ᠣᠷᠤᠭᠰᠢ ᠪᠠᠨ ᠲᠡᠶ ᠪᠣᠢ ᠭᠡᠵᠤ ᠠᠵᠢᠭᠯᠠᠭᠰᠠᠨ ᠳᠤ ᠡᠨᠡ ᠠᠪᠣ ᠨᠢ ᠪᠢᠷ᠎ᠠ ᠳᠡᠩᠭᠡᠭᠡ ᠪᠠᠳᠠᠷᠠᠭᠤᠯᠵᠤ᠂ ᠣᠷᠴᠢᠮ ᠳᠤ ᠥᠭᠦᠵᠤ ᠦᠭ‍ᠭᠦ ᠶᠠᠩᠵᠤ ᠦᠭᠡᠶ᠃ ᠭᠦᠤ ᠨᠡᠷ ᠨᠢ ᠣᠠᠴᠠᠭᠠᠢ᠌ᠯᠠᠨ ᠭᠦᠤ ᠪᠠᠷᠢᠶᠠᠤᠨ ᠨᠢ ᠭᠦᠯᠢᠶᠡᠵᠤ ᠳᠡᠢ᠌ᠯᠭᠦ ᠦᠭᠡᠶ ᠪᠣᠯᠪᠠ᠃ ᠳᠡᠭᠡᠭᠡᠳ ᠳᠠᠷᠠ ᠨᠢᠭᠡ ᠣᠳᠠᠭ᠎ᠠ ᠳᠠᠳᠠ ᠠᠪᠣ ᠶᠢᠨ ᠶᠢᠡᠨ ᠪᠠᠢ᠌ᠰᠢᠩ ᠳᠤ ᠴᠤᠭᠯᠠᠷᠠᠭᠠᠤᠨ ᠡᠨᠡ ᠭᠡᠷ ᠭᠦᠷᠦᠩᠭᠡ ᠶᠢ ᠭᠡᠷᠭᠢᠨ ᠬᠤᠪᠢᠶᠠᠯᠴᠠᠬᠤ ᠶᠢ ᠵᠦᠪᠳᠠᠯᠴᠠᠯ᠎ᠠ᠃ ᠭᠡᠯᠡᠯᠴᠡᠵᠤ ᠪᠠᠢ᠌ᠭᠰᠠᠭᠠᠷ ᠭᠡᠷᠡᠭᠦᠯ ᠪᠣᠯᠵᠤ᠂ ᠭᠡᠯᠡ ᠠᠮᠠ ᠨᠢ ᠪᠣᠯᠭᠢᠵᠤ᠂ ᠪᠣᠯᠢᠶᠠᠯᠳᠤᠵᠤ ᠪᠠᠢ᠌ᠭᠠᠰᠠᠭᠠᠷ ᠪᠠᠢ᠌ᠯᠳᠤᠭᠠᠨ ᠪᠣᠯᠵᠤ ᠭᠡᠨ ᠨᠢ ᠭᠡᠨ ᠳᠡᠭᠡᠨ ᠪᠠᠭᠤᠵᠤ ᠦᠭ‍ᠭᠦ ᠦᠭᠡᠶ ᠨᠢᠰᠤ ᠨᠢᠯᠪᠣᠰᠤ ᠭᠤᠭᠤᠵᠢᠭᠤᠯᠵᠤ ᠡᠭᠢᠯᠡᠪᠡ᠃ ᠳᠡᠭᠡᠭᠡᠳ᠄

᠊᠊᠊᠊᠊᠊᠊᠊᠊᠊᠊᠊᠊᠊᠊ ᠳᠡᠭᠦᠨ ᠢ ᠴᠢᠨᠢ ᠪᠢ ᠳᠡᠵᠢᠭᠡᠵᠤ ᠪᠠᠢ᠌ᠨ᠎ᠠ ᠭᠡᠷ ᠪᠠᠢ᠌ᠰᠢᠩ ᠨᠢ ᠮᠢᠨᠤ ᠪᠣᠯᠬᠤ ᠶᠤᠰᠤᠳᠠᠢ ︕ ᠭᠡᠵᠤ ᠠᠬ᠎ᠠ ᠨᠢ ᠭᠡᠯᠡᠨ᠎ᠡ᠃

᠊᠊᠊᠊᠊᠊᠊᠊᠊᠊᠊᠊᠊᠊᠊ ᠳᠡᠭᠡᠵᠤ ᠪᠣᠯᠬᠤ ᠦᠭᠡᠶ ︕ ᠠᠪᠣ ᠶᠢᠨ ᠭᠡᠷᠢᠶᠡᠰ ᠭᠦᠷᠦᠩᠭᠡ ᠳᠤ ᠮᠠᠨ ᠤ ᠬᠤᠪᠢ ᠪᠣᠢ ᠭᠡᠵᠤ ᠬᠤᠶᠠᠳᠤᠭᠠᠷ ᠭᠦᠤ ᠪᠠᠷᠢ ᠣᠮᠤᠭᠰᠢᠨ᠎ᠠ᠃

᠊᠊᠊᠊᠊᠊᠊᠊᠊᠊᠊᠊᠊᠊᠊ ᠳᠡᠭᠡᠪᠠᠯ ᠠᠪᠣ ᠪᠠᠨ ᠳᠠ ᠨᠡᠷ ᠭᠡᠷ ᠲᠤ ᠪᠠᠨ ᠠᠪᠠᠴᠢᠵᠤ ᠳᠡᠵᠢᠭᠡ ᠭᠡᠵᠤ ᠶᠡᠭᠡ ᠭᠦᠤ ᠪᠠᠷᠢ ᠨᠢ ᠭᠦᠯ ᠳᠠᠪᠢᠰᠴᠤ ᠭᠡᠯᠡᠨ᠎ᠡ᠃ ᠬᠠᠷᠢᠭᠤ ᠨᠢ ᠳᠠᠰ ᠳᠠᠭᠤ ᠦᠭᠡᠶ᠃ ᠢᠩᠭᠢᠵᠤ ᠪᠣᠯᠢᠶᠠᠯᠳᠤᠭᠠᠤᠨ ᠵᠥᠭ᠌ ᠭᠠᠷᠬᠤ ᠦᠭᠡᠶ ᠶᠢ ᠮᠠᠳᠠᠵᠤ᠂ ᠡᠨᠡ ᠠᠪᠣ ᠶᠢ ᠭᠦᠤ ᠨᠢᠭᠡᠪᠦᠷᠢ ᠡᠭᠡᠯᠵᠢᠯᠡᠨ ᠭᠤᠷᠪᠠᠨ ᠰᠠᠷ᠎ᠠ ᠳᠡᠵᠢᠭᠡᠭᠦ ᠪᠠᠷ ᠳᠤᠭᠳᠠᠯ᠎ᠠ᠃

᠁ ᠁

ᠣᠳᠤ ᠡᠨᠡ ᠠᠷᠢᠭᠢᠨ ᠰᠢᠷᠡᠭᠡᠨ ᠳᠡᠭᠡᠷ᠎ᠡ ᠭᠡᠷᠡᠴᠢ ᠶᠢᠨ ᠡᠵᠡᠨ ᠤ ᠨᠠᠷ᠎ᠠ ᠶᠢ ᠰᠤᠯᠢᠬᠤ ᠭᠡᠰᠡᠨ ᠨᠢ ᠠᠪᠣ ᠶᠢᠨ ᠭᠤᠷᠪᠠᠨ ᠳᠠᠰᠤᠯᠭ᠎ᠠ ᠪᠠᠢ᠌ᠰᠢᠩ ᠢ ᠶᠡᠭᠡ ᠭᠦᠤ ᠨᠢ ᠭᠠᠭᠴᠠᠭᠠᠷ ᠡᠵᠡᠯᠡᠭᠦ ᠭᠡᠰᠡᠨ ᠰᠠᠨᠠᠭ᠎ᠠ ᠨᠢ ᠳᠤᠳᠤᠷᠬᠠᠢ᠂ ᠰᠠᠩᠪᠣᠤ ᠵᠦᠪᠰᠢᠶᠠᠷᠠᠪᠠᠯ ᠣᠷᠰᠢᠭ ᠡᠭᠦᠰᠤᠨ ᠯᠤᠤᠳᠤᠤ ᠪᠣᠯᠵᠤ᠂ ᠡᠷᠳᠡᠨ ᠤ ᠭᠤᠷᠪᠠᠨ ᠣᠯᠤᠰ ᠤᠨ ᠰᠢᠭ ᠳᠤᠯᠤᠯᠳᠤᠭᠠᠨ ᠪᠣᠯᠬᠤ ᠨᠢ ᠮᠡᠳᠡᠭᠡᠵᠢ ᠶᠢᠨ ᠭᠡᠷᠡᠭ᠌᠃ ᠡᠭᠦᠨ ᠢ ᠪᠣᠳᠤᠵᠤ ᠣᠯᠤᠭᠠᠤᠨ ᠰᠠᠩᠪᠣᠤ ᠭᠢᠯᠢᠭ᠌ ᠳᠦᠷᠤᠵᠤ᠄

᠊᠊᠊᠊᠊᠊᠊᠊᠊᠊᠊᠊᠊᠊᠊ ᠳᠠᠨ ᠤ ᠭᠡᠨ ᠨᠢ ᠴᠤ ᠰᠠᠨᠠᠭ᠎ᠠ ᠪᠠᠨ ᠬᠤᠷᠢᠶᠠ ︕ ᠪᠢ ᠪᠠᠰᠠ ᠥᠭᠦᠭᠦ ᠪᠣᠯᠤᠭᠠᠳᠤᠢ ᠰᠢᠤ ︕ ᠭᠡᠪᠡ᠃ ᠶᠡᠭᠡ ᠭᠦᠤ ᠨᠢ ᠬᠠᠷᠢᠭᠤ᠄

᠊᠊᠊᠊᠊᠊᠊᠊᠊᠊᠊᠊᠊᠊᠊ ᠮᠢᠨᠤ ᠡᠵᠢ ᠶᠢᠨ ᠥᠯᠡᠳᠡᠭᠡᠭ᠍ᠰᠡᠨ ᠬᠤᠪᠢ ᠭᠦᠷᠦᠩᠭᠡ ᠪᠠᠭᠳᠠᠵᠤ ᠪᠠᠢ᠌ᠭ᠎ᠠ ᠪᠢᠰᠢᠤ᠂ ᠳᠠᠷᠠ ᠨᠢ ᠮᠢᠨᠤ ᠬᠤᠪᠢ᠃

᠊᠊᠊᠊᠊᠊᠊᠊᠊᠊᠊᠊᠊᠊᠊ ᠳᠠᠷᠠ ᠨᠢ ᠮᠢᠨᠤ ᠬᠤᠪᠢ ᠳᠠ ᠨᠡᠷ ᠭᠤᠷᠢ ᠪᠠᠨ ᠳᠠᠰᠤᠯᠠ ︕ ᠭᠡᠵᠤ ᠰᠠᠩᠪᠣᠤ ᠭᠡᠯᠡᠪᠡ᠃

ᠡᠨᠡ ᠥᠭᠡ ᠶᠢ ᠭᠠᠳᠠᠨ᠎ᠠ ᠭᠡᠷ ᠲᠤ ᠴᠢᠩᠨᠠᠵᠤ ᠣᠳᠠᠭᠰᠠᠨ ᠭᠦᠤ ᠪᠠᠷᠢ ᠨᠢ ᠴᠡᠭᠡᠵᠢ ᠳᠦᠷᠢᠨ ᠣᠷᠢᠵᠤ ᠢᠷᠡᠭᠡᠳ᠂ ᠴᠢᠷᠠᠢ ᠥᠵᠡᠭᠦᠯᠤᠨ ᠭᠡᠢ ᠭᠦᠷᠴᠤ ᠰᠠᠩᠪᠣᠤ ᠶᠢᠨ ᠰᠢᠷᠡᠭᠡᠨ ᠳᠡᠭᠡᠷᠡᠭᠢ ᠠᠷᠢᠭᠢᠨ ᠰᠢᠯ ᠢ ᠪᠣᠯᠢᠶᠠᠵᠤ ᠠᠪᠣᠭᠠᠤᠨ ᠭᠠᠵᠠᠷ ᠲᠤ ᠰᠠᠪᠠᠵᠤ᠄

᠊᠊᠊᠊᠊᠊᠊᠊᠊᠊᠊᠊᠊᠊᠊ ᠣᠤᠭᠤᠭᠠᠤᠨ ᠬᠠᠨᠤᠯ ᠦᠭᠡᠶ᠂ ᠣᠤᠭᠤᠭᠠᠤᠨ ᠥᠭᠦᠴᠢᠭᠡᠪᠠᠯ ᠭᠡᠨ ᠤ ᠭᠡᠷᠡᠭ᠌ ︕ ᠭᠡᠵᠤ ᠰᠥᠪᠠᠭᠡ ᠳᠤᠯᠤᠨ ᠭᠡᠯᠡᠨ᠎ᠡ᠃ ᠰᠠᠩᠪᠣᠤ ᠪᠣᠯ ᠪᠠᠭᠰᠢ ᠣᠪᠣᠷ ᠲᠡᠶ᠂ ᠲᠥᠪ ᠶᠡᠭᠡᠮᠰᠦᠭ᠌ ᠳᠦᠷᠢ ᠪᠠᠢ᠌ᠳᠠᠯ ᠲᠡᠶ ᠭᠦᠮᠤᠨ᠃ ᠨᠠᠷ᠎ᠠ ᠭᠦᠡᠳᠤ ᠪᠠᠨ ᠶᠠᠭᠤᠨ ᠡᠴᠠ ᠴᠤ ᠳᠡᠭᠡᠳᠦᠯᠡᠨ ᠡᠷᠭᠢᠮᠯᠡᠳᠡᠭ᠌ ᠶᠤᠮ᠃ ᠭᠡᠪᠠᠴᠤ ᠶᠠᠭᠠᠮᠠᠢ᠂ ᠰᠤᠶᠤᠯ ᠲᠡᠶ ᠭᠦᠮᠤᠨ ᠤ ᠬᠤᠪᠢ ᠳᠤ ᠡᠨᠡ ᠮᠠᠭᠤ ᠶᠤᠰᠤ ᠦᠭᠡᠶ ᠪᠠᠷᠳᠡᠭ᠍ᠴᠢᠨ ᠭᠦᠳᠡᠭᠢ ᠭᠦᠮᠤᠨ ᠲᠡᠶ ᠭᠡᠷᠡᠯᠳᠦᠭᠡᠳ ᠪᠠᠶ᠎ᠠ ᠪᠠᠨ ᠭᠤᠳᠠᠭᠠᠬᠤ ᠭᠡᠷᠡᠭ᠌ ᠦᠭᠡᠶ ᠭᠡᠵᠤ ᠪᠣᠳᠤᠭᠠᠤᠨ᠂ ᠪᠠᠶ᠎ᠠ ᠪᠠᠨ ᠬᠤᠷᠢᠭᠯᠠᠨ ᠠᠭᠤᠷ ᠶᠢᠡᠨ ᠳᠠᠷᠤᠵᠤ᠄

᠊᠊᠊᠊᠊᠊᠊᠊᠊᠊᠊᠊᠊᠊᠊ ᠵᠠ᠂ ᠵᠠ ᠪᠣᠯᠵᠠᠢ᠃ ᠭᠦᠭ᠌ ᠲᠡᠶ ᠠᠭᠠᠰᠢᠯᠠ᠂ ᠪᠢ ᠶᠠᠪᠣᠵᠤ ᠦᠭ‍ᠭᠦᠶ᠎ᠡ ᠪᠣᠯᠤᠨ᠎ᠠ ᠪᠢᠵᠠ ︕ ᠭᠡᠳ ᠭᠠᠷᠴᠤ ᠶᠠᠪᠣᠭᠠᠤᠨ᠂ ᠳᠦᠷᠭᠡᠨ ᠳᠦᠷᠭᠡᠨ ᠠᠯᠬᠤᠵᠤ ᠬᠤᠶᠠᠳᠤᠭᠠᠷ ᠭᠦᠤ ᠶᠢᠨ ᠳᠡᠭᠡᠨ ᠣᠴᠢᠯ᠎ᠠ᠃ ᠮᠠᠠᠳᠠᠭᠠᠨ ᠭᠡᠷᠭᠡᠢ ᠮᠢᠨᠢ ᠨᠠᠳᠠ ᠭᠤᠷᠪᠠᠨ ᠭᠦᠤ ᠳᠦᠷᠤᠵᠤ ᠦᠭ‍ᠴᠡᠢ᠃ ᠪᠢᠰᠢ ᠪᠠᠢ᠌ᠭᠰᠠᠨ ᠪᠣᠯ ᠪᠢ ᠭᠤᠤᠨᠢ ᠪᠠᠶ᠎ᠠ ᠭᠤᠵᠤᠩ ᠳᠤᠯᠤᠭᠠᠢ ᠪᠠᠨ ᠬᠠᠮᠢᠭᠠᠰᠢ ᠰᠢᠷᠭᠤᠭᠤᠯᠬᠤ ᠪᠣᠢ ᠭᠡᠵᠤ ᠪᠣᠳᠤᠨ᠎ᠠ᠃

ᠬᠤᠶᠠᠳᠤᠭᠠᠷ ᠭᠦᠤ ᠶᠢᠨ ᠳᠤ ᠪᠠᠨ ᠭᠦᠷᠦᠭ᠍ᠰᠡᠨ ᠳᠤ ᠣᠮᠪᠣᠯ ᠭᠦᠤ ᠨᠢ ᠭᠦᠶᠤᠨ ᠭᠠᠷᠴᠤ ᠢᠷᠡᠭᠡᠳ ᠳᠡᠭᠦᠨ ᠢ ᠳᠤᠰᠤᠨ ᠠᠪᠴᠤ᠂ ᠶ‍ᠧ ᠶ‍ᠧ ᠭᠡᠵᠤ ᠳᠠᠭᠤᠳᠠᠨ ᠭᠦᠵᠦᠭᠦᠤ ᠶᠢ ᠨᠢ ᠴᠢᠩᠭ᠎ᠠ ᠳᠠᠪᠠᠷᠢᠨ ᠬᠠᠴᠠᠷ ᠢ ᠨᠢ ᠦᠨᠦᠰᠤᠨ᠎ᠡ᠃ ᠡᠭᠦᠨ ᠳᠤ ᠰᠠᠩᠪᠣᠤ ᠶᠢᠨ ᠭᠦᠯᠳᠡᠭ᠍ᠰᠡᠨ ᠰᠡᠳᠭᠢᠯ ᠨᠢ ᠭᠡᠰᠴᠤ᠂ ᠬᠤᠷᠸ᠎ᠠ ᠳᠤ ᠬᠠᠢ᠌ᠷ᠎ᠠ ᠰᠡᠳᠬᠢᠯᠭᠡ ᠭᠡᠴᠢᠨᠡᠨ ᠦᠨᠡᠳᠠᠢ ᠶᠢ ᠪᠣᠳᠤᠯ᠎ᠠ᠃ ᠭᠦᠤ ᠨᠢ ᠨᠢᠭᠡ ᠳᠠᠰᠤᠭ ᠰᠤᠯᠠᠯᠠᠵᠤ᠂ ᠣᠷᠤ ᠳᠡᠪᠢᠰᠭᠡᠷ ᠳᠡᠭ᠍ᠰᠢᠯᠡᠵᠤ ᠦᠭ‍ᠭᠦᠭᠡᠳ ᠭᠠᠷᠬᠤ ᠳᠠᠭᠠᠨ ᠡᠷᠭᠢᠵᠤ ᠬᠠᠠᠳᠤᠨ᠄

᠊᠊᠊᠊᠊᠊᠊᠊᠊᠊᠊᠊᠊᠊᠊ ᠠᠪᠣ ᠡ᠂ ᠪᠠᠢ᠌ᠰᠢᠩ ᠤᠨ ᠭᠡᠷᠡᠴᠢ ᠪᠠᠨ ᠠᠪᠴᠢᠷᠠᠭᠰᠠᠨ ᠦᠦ ᠭᠡᠨ᠎ᠡ᠃ ᠠᠪᠣ ᠨᠢ ᠰᠤᠨᠤᠰᠤᠭᠠᠤᠨ ᠮᠠᠯᠠᠷᠠᠨ ᠭᠠᠢ᠌ᠬᠠᠵᠤ᠂ ᠭᠤᠤᠯ ᠵᠢᠷᠦᠭᠡ ᠨᠢ ᠴᠠᠴᠠᠷᠠᠨ᠎ᠡ᠃ ᠡᠨᠡ ᠶᠠᠭᠤᠮᠠᠰ ᠤᠳ ᠮᠢᠨᠤ ᠭᠡᠷ ᠤᠨ ᠭᠡᠷᠡᠴᠢ ᠳᠤ ᠶᠠᠭᠠᠭᠢᠭᠠᠤᠨ ᠢᠩᠭᠢᠵᠤ ᠰᠡᠳᠭᠢᠯ ᠳᠠᠯᠪᠢᠵᠤ ᠪᠠᠢ᠌ᠭ᠎ᠠ ᠶᠤᠮ ᠭᠡᠵᠤ ᠪᠣᠳᠤᠭᠠᠤᠨ ᠳᠤᠤᠭᠠᠷᠠᠭᠰᠠᠨ ᠦᠭᠡᠶ᠃ ᠣᠷᠤ ᠳᠡᠭᠡᠷ᠎ᠡ ᠪᠠᠨ ᠭᠡᠪᠳᠡᠵᠤ ᠨᠢᠳᠤ ᠠᠨᠢᠨ ᠪᠣᠳᠤᠯᠭ᠎ᠠ ᠪᠣᠯᠤᠨ᠎ᠠ᠃ ᠡᠳᠦᠷ ᠤᠨ ᠭᠤᠷᠪᠠᠨ ᠴᠠᠭ ᠤᠨ ᠬᠤᠭᠤᠯᠠᠨ ᠤ ᠶᠠᠮᠠᠷ ᠢ ᠦᠯᠦ ᠬᠠᠢ᠌ᠬᠤᠷᠠᠨ᠂ ᠢᠳᠠᠵᠤ ᠳᠠᠭᠤᠰᠪᠠᠯ ᠣᠠᠳᠠᠭᠠᠤᠨ ᠡᠳᠦᠷ ᠥᠩᠭᠡᠷᠡᠭᠡᠵᠤ ᠪᠠᠢ᠌ᠯ᠎ᠠ᠃

ᠳᠠᠢ᠌ᠫᠣᠩ ᠡᠳᠦᠷ ᠤᠨ ᠥᠩᠭᠡᠷᠡᠭᠦ ᠨᠢ ᠳᠦᠷᠭᠡᠨ᠂ ᠪᠠᠢ᠌ᠵᠤ ᠪᠠᠢ᠌ᠳᠠᠯ᠎ᠠ ᠳᠡᠭ᠍ᠷᠢ ᠨᠠᠳᠠᠢ᠌ᠵᠤ ᠡᠳᠦᠷ ᠭᠦᠢᠳᠡᠷᠡᠭᠡᠳ ᠡᠭᠦᠯᠡ ᠵᠤᠵᠠᠭᠠᠷᠠᠨ᠂ ᠰᠠᠯᠭᠢ ᠳᠤᠭᠰᠢᠷᠠᠭᠠᠤᠨ᠂ ᠭᠦᠤ ᠪᠠᠷᠢ ᠶᠢᠨ ᠨᠢᠭᠤᠷ ᠲᠤ ᠡᠭᠦᠯᠡᠨ ᠰᠡᠭᠦᠳᠡᠷ ᠪᠠᠭᠤᠯ᠎ᠠ᠃ ᠳᠤᠳᠤᠷ᠎ᠠ ᠦᠷᠦᠭᠡᠨ ᠳᠤ ᠭᠦᠤ ᠪᠠᠷᠢ ᠨᠢ ᠡᠷ᠎ᠡ ᠳᠡᠭᠡᠨ ᠵᠠᠩᠨᠠᠨ ᠠᠪᠣ ᠳᠠᠭᠠᠨ ᠥᠭᠡ ᠰᠤᠨᠤᠰᠬᠠᠵᠤ ᠭᠠᠷᠤᠯ᠎ᠠ᠄

᠊᠊᠊᠊᠊᠊᠊᠊᠊᠊᠊᠊᠊᠊᠊ ᠴᠢ ᠣᠴᠢᠭᠠᠤᠨ ᠠᠪᠣ ᠡᠴᠠ ᠪᠠᠨ ᠵᠢᠭᠠᠬᠠᠨ ᠵᠤᠭᠤᠰ ᠣᠯᠵᠤ ᠢᠷ᠎ᠠ ᠁ ᠡᠭᠦᠨ ᠢ ᠰᠤᠨᠤᠰᠤᠭᠠᠤᠨ ᠰᠠᠩᠪᠣᠤ ᠶᠢᠨ ᠳᠤᠳᠤᠷ᠎ᠠ ᠪᠠᠷ ᠭᠡᠵᠤ ᠠᠪᠣᠪᠠ᠃ ᠣᠤᠯ ᠨᠢ ᠰᠠᠩᠪᠣᠤ ᠶᠠᠳᠠᠭᠤ ᠠᠮᠢᠳᠤᠷᠠᠯ ᠢ ᠳᠤᠭᠤᠯᠵᠤ᠂ ᠭᠡᠷ ᠪᠦᠯᠢ ᠪᠠᠨ ᠮᠦᠷᠤ ᠪᠦᠳᠤᠨ ᠭᠡᠳᠡᠰᠤ ᠴᠠᠳᠬᠤᠯᠠᠩ ᠪᠣᠯᠭᠠᠬᠤ ᠭᠡᠵᠤ ᠭᠦᠴᠤ ᠰᠢᠪᠬᠠᠨ ᠭᠦᠷᠢᠶᠡᠳᠡᠩ ᠶᠢᠡᠨ ᠴᠢᠩᠭ᠋ᠠᠯᠠᠨ ᠠᠮᠢᠳᠤᠷᠠᠵᠤ ᠢᠷᠡᠭ᠍ᠰᠡᠨ ᠪᠢᠯᠠ᠃ ᠳᠡᠭᠡᠭᠡᠳ ᠭᠡᠳᠥᠢᠪᠠᠷ ᠴᠢᠨᠡᠭᠡᠯᠢᠭ᠌ ᠠᠮᠢᠳᠤᠷᠠᠯ ᠲᠡᠶ ᠪᠣᠯᠤᠭᠰᠠᠨ ᠴᠤ ᠨᠠᠷᠢᠯᠠᠵᠤ ᠠᠷᠪᠢᠯᠠᠬᠤ ᠵᠠᠩᠰᠢᠯ ᠲᠡᠶ ᠪᠣᠯᠵᠤ᠂ ᠵᠤᠭᠤᠰ ᠵᠠᠷᠤᠬᠤ ᠳᠠᠭᠠᠨ ᠵᠢᠷᠦᠭᠡ ᠨᠢ ᠰᠢᠮᠰᠢᠷᠠᠨ᠎ᠡ᠃ ᠠᠵᠢᠯ ᠤᠨ ᠠᠮᠠᠷᠠᠯᠳᠠ ᠶᠢᠨ ᠵᠤᠭᠤᠰ ᠶᠢᠡᠨ ᠲᠦᠮᠡ ᠲᠦᠮᠡ ᠪᠠᠷ ᠦᠪᠣᠷᠯᠠᠵᠤ ᠶᠠᠪᠣᠳᠠᠭ ᠪᠣᠯᠬᠤᠷ ᠴᠡᠭᠡᠵᠢᠨ ᠪᠠᠶ᠎ᠠ ᠨᠢ ᠳᠦᠭ᠍ᠳᠥᠢᠭᠡᠳ᠂ ᠪᠦᠳᠦᠭᠦᠨ᠂ ᠳᠠᠷᠭᠤᠨ ᠪᠣᠯᠵᠤ ᠶᠠᠪᠣᠳᠠᠭ᠃ ᠡᠢ᠌ᠮᠤ ᠪᠣᠯᠬᠤᠷ ᠰᠠᠶ‍ᠢ ᠶᠢᠨ ᠥᠭᠡ ᠶᠢ ᠰᠤᠨᠤᠰᠤᠭᠠᠤᠨ ᠴᠢᠷᠠᠢ ᠪᠠᠷᠣᠢ᠌ᠨ᠂ ᠨᠢᠳᠤ ᠭᠢᠯᠣᠢ᠌ᠵᠤ᠂ ᠭᠦᠤ ᠳᠡᠭᠡᠨ᠄

᠊᠊᠊᠊᠊᠊᠊᠊᠊᠊᠊᠊᠊᠊᠊ ᠶᠠᠭᠤᠨ ᠤ ᠵᠤᠭᠤᠰ ᠪᠣᠢ ︕ ᠳᠠ ᠨᠡᠷ ᠢ ᠨᠢᠭᠡ ᠨᠢᠭᠡ ᠪᠠᠷ ᠳᠡᠵᠢᠭᠡᠨ ᠦᠰᠭᠡᠵᠤ᠂ ᠭᠡᠷ ᠪᠠᠢ᠌ᠰᠢᠩ ᠬᠤᠳᠠᠯᠳᠤᠨ ᠠᠪᠴᠤ᠂ ᠪᠠᠷᠢ ᠪᠠᠭᠤᠯᠭᠠᠨ ᠦᠭ‍ᠭᠦᠭ᠍ᠰᠡᠨ ᠪᠠᠢ᠌ᠳᠠᠯ᠎ᠠ ᠪᠠᠰᠠ ᠨᠠᠳᠠ ᠪᠠᠷ ᠳᠡᠵᠢᠭᠡᠯᠭᠡᠭᠦ ᠰᠠᠨᠠᠭ᠎ᠠ ᠲᠡᠶ ᠦᠦ ︖ ᠭᠡᠵᠤ ᠭᠡᠯᠡᠨ᠎ᠡ᠃ ᠭᠦᠤ ᠶᠢᠨ ᠶᠢᠡᠨ ᠳᠤᠭᠤᠢ ᠪᠣᠯᠤᠭᠰᠠᠨ ᠳᠤ ᠳᠠᠷᠠ ᠮᠦᠨ ᠭᠢᠴᠢᠶᠠᠯ ᠤᠨ ᠭᠡᠷ ᠲᠤ ᠭᠢᠴᠢᠶᠠᠯ ᠳᠠᠢ᠌ᠯᠪᠣᠷᠢᠯᠠᠬᠤ ᠪᠠᠢ᠌ᠳᠠᠯ ᠶᠢᠡᠷ ᠭᠡᠯᠡᠭ᠍ᠰᠡᠨ ᠨᠢ᠄

᠊᠊᠊᠊᠊᠊᠊᠊᠊᠊᠊᠊᠊᠊᠊ ᠣᠷᠴᠢᠯᠠᠩ ᠳᠡᠯᠡᠭᠡᠢ ᠳᠤ ᠭᠦᠮᠤᠨ ᠪᠣᠯᠵᠤ ᠳᠦᠷᠤᠪᠠᠯ ᠣᠮᠤᠭ ᠰᠦᠷ ᠲᠡᠶ ᠪᠠᠢ᠌ᠵᠤ᠂ ᠭᠦᠮᠤᠨ ᠢ ᠳᠦᠰᠢᠭᠦ ᠦᠭᠡᠶ ᠦᠪᠡᠷ ᠤᠨ ᠭᠦᠴᠤ ᠪᠠᠷ ᠠᠳᠠᠯ ᠠᠮᠢᠳᠤᠷᠠᠯ ᠶᠢᠡᠨ ᠪᠣᠰᠬᠠᠬᠤ ᠶᠤᠮ᠃ ᠮᠠᠨ ᠤ ᠣᠯᠤᠰ ᠢ ᠦᠵᠡ᠂ ᠶᠠᠷᠤ ᠨᠢ ᠦᠪᠡᠷ ᠤᠨ ᠭᠦᠴᠤ ᠪᠠᠷ ᠳᠡᠭ᠍ᠵᠢᠷᠡᠭᠦ ᠶᠢ ᠱᠠᠭᠠᠷᠳᠠᠭᠠᠤᠨ᠂ ᠣᠳᠤ ᠶᠡᠭᠡ ᠪᠠᠷ ᠭᠦᠭ᠍ᠵᠢᠯ᠎ᠡ ᠰᠢᠤ᠃ ᠡᠷ᠎ᠡ ᠭᠦᠮᠤᠨ ᠭᠡᠵᠤ ᠪᠠᠢ᠌ᠭᠠᠤᠨ ᠭᠠᠷ ᠰᠤᠩᠭ᠋ᠠᠵᠤ ᠡᠨᠡ ᠳᠠᠷᠠ ᠶᠢ ᠠᠪᠬᠤ ᠴᠢᠨᠢ ᠰᠢᠭᠡᠰᠤ ᠦᠭᠡᠶ ᠳᠡᠭᠡᠨ ᠳᠤᠭᠠᠴᠠᠭᠳᠠᠨ᠎ᠠ ᠁

ᠭᠦᠤ ᠨᠢ ᠶᠠᠭᠤᠨ ᠤ ᠭᠢᠨᠢ ᠰᠤᠨᠤᠰᠬᠤ ᠪᠣᠢ᠂ ᠭᠠᠷ ᠳᠤᠭᠳᠤᠷᠤᠨ ᠦᠷᠦᠭᠡᠨ ᠳᠡᠭᠡᠨ ᠡᠮ᠎ᠡ ᠳᠡᠭᠡᠨ ᠳᠠᠭᠢᠨ ᠶᠡᠭᠡ ᠪᠠᠷ ᠬᠠᠷᠢᠶᠠᠭᠳᠠᠵᠤ ᠡᠭᠢᠯᠡᠪᠡ᠄

᠊᠊᠊᠊᠊᠊᠊᠊᠊᠊᠊᠊᠊᠊᠊ ᠪᠦᠳᠦᠯ ᠦᠭᠡᠶ ᠠᠮᠢᠳᠠᠨ᠂ ᠣᠮᠤᠭ ᠴᠢᠨᠢ ᠬᠠᠮᠢᠭ᠎ᠠ ᠪᠣᠢ᠂ ᠨᠤᠬᠠᠢ ᠳᠤᠯᠢᠶᠠᠴᠢᠬᠠᠭᠰᠠᠨ ᠦᠦ ︖

᠊᠊᠊᠊᠊᠊᠊᠊᠊᠊᠊᠊᠊᠊᠊ ᠠᠪᠣ ᠡᠵᠢ ᠴᠢᠨᠢ ᠵᠥᠪᠭᠡᠨ ᠠᠬ᠎ᠠ ᠶᠢ ᠴᠢᠨᠢ ᠳᠦᠷᠦᠭᠡᠳ ᠴᠢᠮᠢ᠋ᠢ ᠨᠤᠬᠠᠢ ᠳᠦᠷᠦᠭᠦᠯᠦᠭ᠍ᠰᠡᠨ ᠦᠦ ︖ ᠳᠠᠳᠠᠨ ᠤ ᠬᠤᠪᠢ ᠪᠠᠢ᠌ᠭᠠᠤᠨ᠂ ᠪᠢᠳᠠᠨ ᠳᠤ ᠶᠠᠭᠠᠭᠢᠭᠠᠤᠨ ᠭᠦᠷᠦᠩᠭᠡ ᠶᠢᠨ ᠬᠤᠪᠢ ᠪᠠᠢ᠌ᠬᠤ ᠦᠭᠡᠶ ᠪᠣᠢ ︖ ᠭᠡᠵᠤ ᠶᠡᠭᠡ ᠳᠠᠭᠤᠨ ᠶᠢᠡᠷ ᠶᠠᠷᠢᠨ᠎ᠠ᠃

ᠡᠷᠡᠭ᠍ᠳᠡᠢ ᠨᠢ ᠢᠩᠭᠢᠵᠤ ᠬᠠᠷᠢᠶᠠᠭᠳᠠᠭᠠᠤᠨ ᠳᠠᠰᠴᠤ ᠶᠠᠳᠠᠨ᠂ ᠡᠭᠡᠨᠡᠷ ᠤᠨ ᠬᠠᠴᠠᠷ ᠢ 《ᠫᠠᠰ ᠡ ︕》 ᠭᠡᠳᠡᠯ᠎ᠡ ᠭᠦᠴᠦᠳᠡᠢ ᠠᠯᠠᠭᠠᠳᠠᠪᠠ᠃ ᠡᠭᠡᠨᠡᠷ ᠨᠢ 《ᠡ᠂ ᠡᠨ ︕》 ᠭᠡᠵᠤ ᠮᠠᠭᠤ ᠳᠠᠭᠤᠨ ᠶᠢᠡᠷ ᠣᠷᠢᠯᠠᠨ ᠣᠭᠢᠯᠠᠵᠤ᠄

᠊᠊᠊᠊᠊᠊᠊᠊᠊᠊᠊᠊᠊᠊᠊ ᠠᠮᠢ ᠠᠪᠣᠷᠠ ︕ ᠠᠮᠢᠳᠤᠷᠠᠬᠤ ᠠᠷᠭ᠎ᠠ ᠦᠭᠡᠶ ᠯᠠᠢ ᠭᠡᠵᠤ ᠡᠷᠦᠢ ᠳᠠᠷᠤᠢ ᠦᠭᠡᠶ ᠠᠭᠠᠰᠢᠯᠠᠵᠤ ᠪᠠᠰᠠ ᠭᠦᠶᠤᠨ ᠭᠠᠷᠴᠤ ᠢᠷᠡᠭᠡᠳ ᠱᠠᠯᠠ ᠳᠤ ᠭᠡᠪᠳᠡᠨ ᠣᠨᠠᠭᠠᠤᠨ ᠬᠤᠶᠠᠷ ᠭᠠᠷ ᠤᠨ ᠠᠯᠠᠭ᠎ᠠ ᠪᠠᠷ ᠭᠠᠵᠠᠷ ᠢ ᠳᠠᠯᠠᠳᠤᠨ᠎ᠡ᠂ ᠳᠤᠳᠤᠷ᠎ᠠ ᠭᠡᠷ ᠲᠤ ᠫᠧᠩᠰᠠ ᠰᠢᠨᠠᠭ᠎ᠠ᠂ ᠳᠤᠭᠤᠭ᠎ᠠ ᠳᠤᠯᠭ᠎ᠠ ᠬᠠᠭᠠᠷᠠᠵᠤ ᠭᠡᠮᠭᠡᠷᠡᠭᠦ ᠳᠠᠭᠤᠨ ᠭᠠᠷᠴᠤ᠂ ᠣᠮᠪᠣᠯ ᠶᠢᠨ ᠣᠭᠢᠯᠠᠬᠤ ᠳᠠᠭᠤᠨ ᠰᠤᠨᠤᠰᠳᠠᠪᠠ᠃ ᠡᠪᠦᠭᠡᠨ ᠰᠠᠩᠪᠣᠤ ᠰᠤᠨᠤᠰᠴᠤ ᠪᠠᠢ᠌ᠭᠰᠠᠭᠠᠷ ᠳᠠᠰᠴᠤ ᠶᠠᠳᠠᠨ ᠭᠦᠤ ᠪᠠᠨ ᠪᠠᠬᠠᠨ ᠵᠠᠮᠵᠢᠶ᠎ᠠ ᠭᠡᠵᠤ ᠭᠦᠳᠡᠯᠳᠡᠯ᠎ᠡ᠂ ᠪᠠᠷᠢ ᠨᠢ ᠭᠡᠵᠢᠭᠡ ᠦᠰᠤ ᠪᠠᠨ ᠰᠤᠯᠠ ᠳᠠᠯᠪᠢᠵᠤ᠂ ᠴᠢᠷᠠᠢ ᠨᠢᠭᠤᠷ ᠲᠡᠭᠡᠨ ᠴᠢᠰᠤ ᠠᠰᠬᠠᠷᠠᠭᠤᠯᠤᠨ ᠪᠣᠰᠴᠤ ᠢᠷᠡᠭᠡᠳ ᠡᠪᠦᠭᠡᠨ ᠤ ᠰᠢᠷᠡᠭᠡ ᠳᠡᠭᠡᠷ᠎ᠡ ᠡᠴᠠ ᠳᠠᠪᠠᠭ ᠲᠡᠶ ᠵᠠᠭᠤᠰᠢ ᠶᠢ ᠨᠢ ᠰᠢᠭᠦᠷᠡᠨ ᠠᠪᠴᠤ᠂ ᠨᠤᠬᠠᠢ ᠶᠢᠨ ᠳᠠᠪᠰᠢ ᠳᠤ ᠱᠤᠷ ᠭᠡᠳᠡᠯ᠎ᠡ ᠴᠢᠳᠬᠤᠭᠠᠤᠨ᠂ ᠰᠢᠯᠤᠰᠤ ᠰᠠᠯᠪᠢᠷᠠᠭᠤᠯᠤᠨ ᠭᠡᠯᠡᠵᠤ ᠪᠠᠢ᠌ᠨ᠎ᠠ᠄

᠊᠊᠊᠊᠊᠊᠊᠊᠊᠊᠊᠊᠊᠊᠊ ᠡᠨᠡ ᠮᠠᠭᠤ ᠥᠭᠦᠳᠡᠯ ᠢ ᠳᠡᠵᠢᠭᠡᠳ ᠳᠤᠰᠠ ᠭᠠᠷᠬᠤ ᠦᠭᠡᠶ᠁

ᠰᠠᠩᠪᠣᠤ ᠣᠳᠠᠭᠠᠨ ᠣᠨ ᠪᠠᠭᠰᠢᠯᠠᠵᠤ᠂ ᠮᠠᠭᠤ ᠮᠠᠭᠤᠬᠠᠢ ᠵᠠᠩᠰᠢᠯ ᠢ ᠵᠢᠭ᠍ᠰᠢᠵᠤ᠂ ᠰᠤᠷᠤᠭᠴᠢᠳ ᠶᠢᠡᠨ ᠰᠤᠷᠭᠠᠵᠤ᠂ ᠴᠡᠭᠡᠷᠯᠡᠭᠦᠯᠦᠭ᠍ᠰᠡᠨ ᠪᠠᠢ᠌ᠯ᠎ᠠ᠂ ᠳᠡᠭᠡᠭᠡᠳ ᠶᠠᠷᠤ ᠨᠢ ᠡᠢ᠌ᠮᠤ ᠶᠤᠰᠤ ᠦᠭᠡᠶ᠂ ᠰᠤᠶᠤᠯ ᠦᠭᠡᠶ ᠭᠦᠮᠤᠨ ᠲᠡᠶ ᠶᠠᠪᠣᠯᠴᠠᠬᠤ ᠦᠭᠡᠶ᠂ ᠳᠤᠷᠤᠮᠵᠢᠯᠠᠭᠳᠠᠵᠤ ᠥᠵᠡᠭᠡ ᠦᠭᠡᠶ᠃ ᠭᠦᠤ ᠪᠠᠷᠢ ᠳᠡᠭᠡᠨ ᠢᠩᠭᠢᠵᠤ ᠬᠠᠷᠢᠶᠠᠭᠳᠠᠭᠠᠤᠨ ᠳᠤᠳᠤᠷ᠎ᠠ ᠨᠢ ᠠᠬᠠᠰ ᠭᠡᠰᠡᠨ ᠪᠣᠯᠪᠠᠴᠤ᠂ ᠦᠪᠡᠷ ᠤᠨ ᠨᠠᠷ᠎ᠠ ᠭᠦᠡᠳᠤ ᠪᠠᠨ ᠪᠣᠳᠤᠭᠠᠤᠨ ᠳᠤᠤᠭᠠᠷᠠᠭᠰᠠᠨ ᠦᠭᠡᠶ᠂ ᠭᠠᠷᠴᠤ ᠶᠠᠪᠣᠭᠠᠤᠨ ᠦᠪᠡᠷ ᠤᠨ ᠪᠠᠢ᠌ᠰᠢᠩ ᠳᠠᠰᠢ ᠠᠯᠬᠤᠪᠠ᠃

᠁ ᠁

ᠦᠪᠡᠷ ᠤᠨ ᠪᠠᠢ᠌ᠰᠢᠩ ᠳᠠᠭᠠᠨ ᠭᠠᠭᠴᠠ ᠪᠠᠶ᠎ᠠ ᠪᠠᠷ ᠠᠮᠢᠳᠤᠷᠠᠭᠠᠤᠨ᠂ ᠪᠣᠷᠤ ᠭᠡᠷ ᠲᠡᠭᠡᠨ ᠪᠣᠰᠤᠭ᠎ᠠ ᠬᠠᠭᠠᠨ ᠰᠢᠭ ᠪᠣᠯᠵᠠᠢ᠃ ᠪᠣᠳᠤᠨ ᠪᠣᠳᠤᠨ ᠦᠵᠡᠪᠠᠯ ᠪᠣᠷᠤᠭᠤ ᠶᠢ ᠬᠠᠰᠢᠯᠠ ᠪᠠᠶ᠎ᠠ ᠳᠡᠭᠡᠷ᠎ᠡ ᠡᠴᠠ ᠡᠷᠢᠭᠦ ᠭᠡᠷᠡᠭ᠍ᠳᠡᠢ ᠁ ᠭᠢᠴᠢᠶᠠᠯ ᠤᠨ ᠭᠡᠷ ᠤᠨ ᠳᠠᠢ᠌ᠵᠠᠨ ᠳᠤ ᠵᠤᠭᠰᠤᠭᠠᠤᠨ᠂ ᠡᠳᠦᠷ ᠪᠦᠷᠢ ᠰᠤᠷᠤᠭᠴᠢᠳ ᠲᠠᠭᠠᠨ ᠭᠦᠮᠤᠨ ᠪᠣᠯᠬᠤ ᠶᠤᠰᠤ ᠶᠢ ᠵᠢᠭᠠᠵᠤ ᠦᠭ‍ᠭᠦᠨ᠂ ᠶᠤᠰᠤ ᠮᠤᠷᠠᠯ ᠲᠡᠶ ᠭᠦᠮᠤᠨ ᠢ ᠣᠯᠠᠨ ᠳᠤᠭ᠎ᠠ ᠪᠠᠷ ᠭᠦᠮᠦᠵᠢᠭᠦᠯᠦᠭ᠍ᠰᠡᠨ ᠪᠣᠯᠪᠠᠴᠤ ᠦᠪᠡᠷ ᠤᠨ ᠬᠡᠦᠬᠡᠳ ᠶᠢᠡᠨ ᠴᠢᠩᠭ᠎ᠠ ᠱᠠᠭᠠᠷᠳᠠᠵᠤ᠂ ᠭᠡᠷ ᠤᠨ ᠰᠤᠷᠭᠠᠯ ᠶᠢᠡᠷ ᠭᠦᠮᠦᠵᠢᠭᠦᠯᠭᠦ ᠶᠢ ᠣᠮᠳᠤᠭᠠᠢ᠌ᠯᠠᠭᠰᠠᠨ ᠤ ᠣᠷᠰᠢᠭ ᠢ ᠰᠠ‍‌ᠶᠢ ᠮᠠᠳᠠᠵᠠᠢ᠃ ᠢᠩᠭᠢᠭᠡᠳ ᠪᠣᠳᠤᠪᠠᠯ ᠬᠡᠦᠬᠡᠳ ᠨᠢ ᠨᠢᠭᠡ ᠨᠢᠭᠡ ᠪᠠᠷ ᠨᠤᠮᠤᠢ ᠳᠦᠷᠤᠵᠤ᠂ ᠭᠡᠷ ᠶᠢᠡᠨ ᠡᠵᠡᠯᠡᠵᠤ ᠴᠢᠳᠠᠬᠤ ᠦᠭᠡᠶ ᠪᠣᠯᠵᠤ᠂ ᠳᠤᠷᠭᠤᠨ ᠳᠦᠷᠦᠭ᠍ᠰᠡᠨ ᠰᠢᠠᠵᠢ ᠪᠠᠷ ᠶᠢᠡᠨ ᠠᠪᠣ ᠶᠢᠨ ᠭᠦᠤ ᠪᠢᠰᠢ ᠪᠣᠯᠵᠠᠢ ᠭᠡᠵᠤ ᠳ᠋ᠦ᠋ᠩᠨᠠᠪᠠ᠃ ᠳᠡᠭᠡᠭᠡᠳ ᠦᠪᠡᠷ ᠤᠨ ᠪᠠᠶ᠎ᠠ ᠪᠠᠨ ᠪᠣᠳᠤᠵᠤ ᠥᠵᠡᠭ᠍ᠰᠡᠨ ᠴᠢᠨᠢ᠂ ᠵᠠᠯᠠᠭᠤ ᠴᠠᠭ ᠲᠠᠭᠠᠨ ᠡᠷ᠎ᠡ ᠪᠠᠭᠠᠳᠤᠷ᠂ ᠣᠮᠤᠭ ᠰᠦᠷ ᠲᠡᠶ ᠪᠠᠢ᠌ᠵᠠᠢ᠂ ᠠᠭᠤᠷ ᠣᠮᠤᠭ ᠶᠢᠡᠨ ᠡᠭᠡᠨᠡᠷ ᠲᠡᠭᠡᠨ ᠭᠠᠷᠭᠠᠵᠤ ᠪᠠᠢ᠌ᠭᠰᠠᠨ ᠨᠢ ᠰᠠᠨᠠᠭᠳᠠᠪᠠ᠃ ᠰᠠᠨᠠᠨ ᠰᠠᠨᠠᠨ ᠪᠠᠢ᠌ᠭᠰᠠᠭᠠᠷ ᠨᠢᠳᠤᠨ ᠨᠢᠯᠪᠣᠰᠤ ᠨᠢ ᠰᠠᠷᠠᠪᠴᠢᠨ ᠤ ᠣᠰᠤ ᠰᠢᠭ ᠳᠤᠰᠤᠯᠤᠨ᠎ᠠ᠃ ᠣᠶᠠᠷᠠᠵᠤ ᠪᠠᠢ᠌ᠳᠠᠯ᠎ᠠ ᠨᠢᠭᠡ ᠳᠠᠨᠢᠯ ᠭᠦᠷᠴᠤ ᠢᠷᠡᠭᠡᠳ ᠴᠢᠮᠡᠭᠡ ᠭᠦᠷᠭᠡᠭ᠍ᠰᠡᠨ ᠨᠢ ᠠᠷᠪᠠᠨ ᠨᠠᠰᠤᠳᠠᠢ ᠣᠮᠪᠣᠯ ᠨᠢ ᠠᠪᠣ ᠡᠵᠢ ᠶᠢᠨ ᠶᠢᠡᠨ ᠡᠷᠦᠢ ᠬᠤᠷᠤᠢ ᠦᠭᠡᠶ ᠠᠭᠠᠰᠢᠯᠠᠵᠤ ᠭᠡᠷᠡᠯᠳᠦᠭᠦ ᠶᠢ ᠦᠵᠡᠵᠤ ᠳᠡᠰᠭᠦ ᠦᠭᠡᠶ ᠳᠡᠭᠡᠨ ᠣᠷᠭᠤᠭᠠᠤᠨ ᠶᠠᠪᠣᠭᠰᠠᠨ ᠭᠡᠨ᠎ᠡ᠃ ᠰᠠᠩᠪᠣᠤ ᠰᠤᠨᠤᠰᠤᠭᠠᠤᠨ ᠳᠤᠯᠤᠭᠠᠢ ᠳᠡᠭᠡᠷ᠎ᠡ ᠨᠢ ᠳᠡᠭ᠍ᠷᠢ ᠨᠢᠷᠭᠢᠭ᠍ᠰᠡᠨ ᠮᠠᠳᠤ ᠪᠣᠯᠵᠤ᠂ ᠭᠦᠴᠤᠨ ᠴᠢᠨᠡᠭᠡ ᠪᠠᠷ ᠭᠠᠷᠴᠤ ᠭᠦᠶ‍ᠦᠭᠡᠳ ᠡᠷᠢᠯ ᠪᠣᠯᠪᠠ᠃ ᠭᠡᠨᠡᠳᠲᠡ ᠴᠢᠭᠢ ᠨᠢ ᠱᠤᠤᠭᠢᠭᠠᠤᠨ ᠬᠤᠶᠠᠷ ᠨᠢᠳᠤᠨ ᠳ᠋ᠤᠨᠢ ᠭᠠᠯ ᠪᠣᠳᠠᠷᠠᠨ ᠭᠤᠳᠤᠮᠵᠢ ᠳᠤ ᠰᠠᠪᠠᠨ ᠣᠨᠠᠪᠠ᠃

ᠭᠡᠳᠤᠨ ᠭᠦᠮᠤᠨ ᠭᠦᠷᠴᠤ ᠢᠷᠡᠭᠡᠳ᠂ ᠰᠠᠠᠳᠤ ᠮᠠᠠᠳᠤ ᠡᠷᠭᠦᠨ ᠲᠡᠳᠬᠦᠵᠤ ᠪᠠᠢ᠌ᠳᠠᠯ᠎ᠠ ᠨᠢᠭᠡᠨ ᠵᠠᠯᠠᠭᠤ ᠭᠦᠶ‍ᠦᠵᠤ ᠢᠷᠡᠭᠡᠳ᠂ ᠦᠵᠡᠨ ᠳᠠᠨᠢᠵᠤ᠄

᠊᠊᠊᠊᠊᠊᠊᠊᠊᠊᠊᠊᠊᠊᠊ ᠰᠠᠩ ᠪᠠᠭᠰᠢ ᠡ᠂ ᠳᠠ ᠶᠠᠭᠠᠭᠢᠭᠰᠠᠨ ᠪᠣᠢ ︖ ᠭᠡᠵᠤ ᠭᠡᠯᠡᠭᠡᠳ᠂ ᠳᠡᠭᠦᠨ ᠢ ᠲᠦᠰᠢᠵᠤ ᠵᠤᠭᠰᠤᠭᠠᠭᠠᠤᠨ ᠠᠷᠤ ᠨᠢᠷᠤᠭᠤᠨ ᠳᠡᠭᠡᠷ᠎ᠡ ᠪᠠᠨ ᠡᠭᠦᠷᠴᠤ᠂ ᠪᠠᠭᠰᠢ ᠶᠢᠨ ᠭᠦᠤ ᠶᠢᠨ ᠭᠡᠷ ᠳᠠᠰᠢ ᠶᠠᠪᠣᠯ᠎ᠠ᠃ ᠣᠳᠠᠯ ᠦᠭᠡᠶ ᠪᠠᠭᠰᠢ ᠶᠢᠨ ᠭᠤᠷᠪᠠᠳᠤᠭᠠᠷ ᠭᠦᠤ ᠶᠢᠨ ᠡᠭᠦᠳᠡᠨ ᠳᠤ ᠭᠦᠷᠴᠤ᠄

᠊᠊᠊᠊᠊᠊᠊᠊᠊᠊᠊᠊᠊᠊᠊ ᠠᠬ᠎ᠠ ᠡ᠂ ᠠᠬ᠎ᠠ ᠡ ︕ ᠠᠪᠣ ᠴᠢᠨᠢ ᠡᠪᠡᠳᠴᠢᠨ ᠲᠡᠶ ᠪᠣᠯᠵᠠᠢ ᠭᠡᠵᠤ ᠳᠤᠤᠭᠠᠷᠪᠠ᠃ ᠪᠠᠷᠢ ᠨᠢ ᠭᠠᠳᠠᠨ᠎ᠠ ᠭᠡᠷ ᠤᠨ ᠡᠭᠦᠳᠡ ᠶᠢ ᠵᠠᠪᠰᠠᠷᠯᠠᠨ ᠨᠡᠭᠡᠭᠡᠵᠤ᠂ ᠣᠷᠤᠭᠤᠯ ᠶᠢᠡᠨ ᠢᠯᠠ ᠪᠣᠯᠭᠠᠵᠤ ᠥᠭᠦᠯᠡᠭ᠍ᠰᠡᠨ ᠨᠢ᠄

᠊᠊᠊᠊᠊᠊᠊᠊᠊᠊᠊᠊᠊᠊᠊ ᠶᠡᠭᠡ ᠠᠬ᠎ᠠ ᠶᠢᠨ ᠳᠤ ᠠᠪᠠᠴᠢᠵᠤ ᠥᠭ᠌᠃

ᠡᠨᠡ ᠵᠠᠯᠠᠭᠤ ᠪᠠᠴᠢᠮᠳᠠᠵᠤ᠄

᠊᠊᠊᠊᠊᠊᠊᠊᠊᠊᠊᠊᠊᠊᠊ ᠠᠮᠢ ᠠᠪᠣᠷᠠᠬᠤ ᠨᠢ ᠴᠢᠬᠤᠯᠠ ᠰᠢᠤ᠂ ᠠᠬ᠎ᠠ ᠭᠠᠷᠴᠤ ᠢᠷᠡᠭᠡᠳ ᠨᠠᠮᠢ᠋ᠢ ᠬᠠᠮᠵᠢᠵᠤ ᠪᠠᠭᠰᠢ ᠶᠢ ᠡᠮᠨᠡᠯᠭᠡ ᠳᠤ ᠭᠦᠷᠭᠡᠶ᠎ᠡ ᠭᠡᠪᠡ᠃

᠊᠊᠊᠊᠊᠊᠊᠊᠊᠊᠊᠊᠊᠊᠊ ᠠᠬ᠎ᠠ ᠴᠢᠨᠢ ᠭᠦᠯ ᠨᠢ ᠳᠤᠭᠤᠯᠳᠠᠭᠠᠤᠨ ᠭᠦᠳᠡᠯᠵᠤ ᠳᠡᠢ᠌ᠯᠭᠦ ᠦᠭᠡᠶ ᠪᠠᠢ᠌ᠨ᠎ᠠ ᠭᠡᠵᠤ ᠳᠤᠭᠳᠤᠷᠤᠭᠠᠤᠨ ᠡᠭᠦᠳᠡ ᠪᠠᠨ ᠫᠠᠰ ᠭᠡᠳᠡᠯ᠎ᠡ ᠬᠠᠭᠠᠭᠠᠯ᠎ᠠ᠃ ᠡᠨᠡ ᠵᠠᠯᠠᠭᠤ ᠠᠷᠭ᠎ᠠ ᠦᠭᠡᠶ ᠪᠣᠯᠵᠤ᠂ ᠳᠡᠷᠭᠡ ᠣᠯᠵᠤ ᠢᠷᠡᠭᠡᠳ ᠪᠠᠶ᠎ᠠ ᠪᠠᠷ ᠪᠠᠭᠰᠢ ᠪᠠᠨ ᠡᠮᠨᠡᠯᠭᠡ ᠳᠤ ᠭᠦᠷᠭᠡᠵᠡᠢ᠃ ᠡᠨᠡ ᠦᠶ᠎ᠡ ᠳᠤ ᠰᠠᠩᠪᠣᠤ ᠰᠠ‍‌ᠶᠢ ᠰᠡᠭᠡᠰ ᠭᠡᠵᠤ ᠮᠡᠳᠡᠭᠡ ᠣᠷᠤᠭᠠᠤᠨ᠂ ᠳᠡᠷᠭᠡᠳᠡ ᠪᠠᠨ ᠪᠠᠢ᠌ᠭ᠎ᠠ ᠶᠢ ᠦᠪᠡᠷ ᠤᠨ ᠰᠤᠷᠤᠭᠴᠢ ᠭᠡᠵᠤ ᠳᠠᠨᠢᠭᠠᠤᠨ᠄

᠊᠊᠊᠊᠊᠊᠊᠊᠊᠊᠊᠊᠊᠊᠊ ᠪᠠᠳᠤ ᠦᠦ ︖ ᠪᠢ ᠭᠠᠢ᠌ᠭᠤᠢ᠂ ᠭᠡᠷ ᠲᠡᠭᠡᠨ ᠬᠠᠷᠢᠴᠢᠬ᠎ᠠ ᠭᠡᠪᠡ᠃

᠊᠊᠊᠊᠊᠊᠊᠊᠊᠊᠊᠊᠊᠊᠊ ᠳᠡᠭᠡᠭᠡᠳ ᠶᠠᠭᠠᠭᠢᠵᠤ ᠪᠣᠯᠤᠨ᠎ᠠ ᠳ᠋ᠠ᠂ ᠪᠠᠭᠰᠢ ᠪᠠᠨ ᠭᠦᠡᠳᠦᠯᠡᠭᠦ ᠶᠤᠰᠤ ᠲᠡᠶ ᠰᠢᠤ ᠭᠡᠵᠤ ᠭᠡᠯᠡᠭᠡᠳ ᠪᠠᠳᠤ᠂ ᠱᠠᠯᠠᠮᠠᠭᠠᠢ ᠭᠦᠳᠡᠯᠵᠤ ᠪᠠᠭᠰᠢ ᠶᠢᠨ ᠶᠢᠡᠨ ᠡᠮᠨᠡᠯᠭᠡ ᠳᠤ ᠣᠷᠤᠬᠤ ᠭᠠᠷ ᠭᠦᠢᠴᠡᠳᠭᠡᠯ ᠢ ᠭᠢᠵᠤ᠂ ᠪᠠᠶ᠎ᠠ ᠶᠢᠨ ᠭᠢᠨᠢ ᠡᠪᠡᠳᠴᠢᠨ ᠢ ᠨᠢ ᠪᠠᠢ᠌ᠴᠠᠭᠠᠯᠭᠠᠯ᠎ᠠ᠃ ᠢᠩᠭᠢᠭᠡᠳ ᠨᠢᠭᠡ ᠡᠳᠦᠷ ᠪᠣᠯᠤᠭᠰᠠᠨ ᠪᠠᠢ᠌ᠳᠠᠯ᠎ᠠ ᠭᠡᠷ ᠤᠨ ᠭᠦᠮᠦᠰ ᠨᠢ ᠢᠷᠡᠭ᠍ᠰᠡᠨ ᠦᠭᠡᠶ ᠪᠣᠯᠬᠤᠷ ᠡᠪᠡᠳᠴᠢᠳᠡᠨ ᠡᠴᠠ ᠵᠠᠢ᠌ᠳᠠᠵᠤ ᠪᠣᠯᠬᠤ ᠦᠭᠡᠶ ᠳᠤᠯᠠ᠂ ᠪᠠᠳᠤ ᠪᠠᠭᠰᠢ ᠪᠠᠨ ᠬᠠᠪᠢᠳᠠᠨ ᠰᠠᠭᠤᠵᠤ ᠡᠨᠡ ᠳᠠᠷᠠ ᠶᠢ ᠶᠠᠷᠢᠵᠤ᠂ ᠰᠡᠳᠭᠢᠯ ᠢ ᠨᠢ ᠳᠠᠢ᠌ᠤᠠᠬᠤᠷᠠᠭᠤᠯᠵᠤ ᠪᠠᠢ᠌ᠪᠠ᠃ ᠪᠠᠭᠰᠢ ᠨᠢ᠄

᠊᠊᠊᠊᠊᠊᠊᠊᠊᠊᠊᠊᠊᠊᠊ ᠰᠤᠷᠭᠠᠭᠤᠯᠢ ᠳᠤ ᠪᠠᠢ᠌ᠬᠤ ᠳᠤ ᠭᠢᠴᠢᠶᠠᠯ ᠤᠨ ᠴᠠᠭ ᠲᠤ ᠴᠢᠮᠢ᠋ᠢ ᠭᠡᠳᠤᠨ ᠣᠳᠠᠭ᠎ᠠ ᠰᠢᠭᠦᠮᠵᠢᠯᠡᠭ᠍ᠰᠡᠨ ᠳᠤ ᠭᠤᠮᠤᠳᠠᠵᠤ ᠪᠠᠢ᠌ᠨ᠎ᠠ ᠦᠦ ᠭᠡᠵᠤ ᠠᠰᠠᠭᠤᠪᠠ᠃ ᠬᠠᠷᠢᠭᠤ ᠳ᠋ᠤᠨᠢ᠄

᠊᠊᠊᠊᠊᠊᠊᠊᠊᠊᠊᠊᠊᠊᠊ ᠶᠠᠭᠤᠨ ᠳᠤ ᠭᠤᠮᠤᠳᠠᠬᠤ ᠪᠣᠢ᠂ ᠪᠠᠭᠰᠢ ᠨᠠᠳᠠ ᠭᠦᠮᠤᠨ ᠪᠣᠯᠬᠤ ᠶᠤᠰᠤ ᠮᠤᠷᠠᠯ ᠢ ᠵᠢᠭᠠᠵᠤ ᠦᠭ‍ᠭᠦᠭ᠍ᠰᠡᠨ ᠴᠢᠨᠢ ᠶᠡᠭᠡ ᠳᠤᠰᠠ ᠪᠣᠯᠤᠯ᠎ᠠ᠃ ᠪᠠᠭᠰᠢ ᠨᠢ᠄

᠊᠊᠊᠊᠊᠊᠊᠊᠊᠊᠊᠊᠊᠊᠊ ᠭᠦᠮᠤᠨ ᠪᠣᠯᠬᠤ ᠶᠤᠰᠤ ᠶᠠᠭᠤ ᠪᠣᠢ ︖ ᠭᠡᠨ᠎ᠡ᠃

᠊᠊᠊᠊᠊᠊᠊᠊᠊᠊᠊᠊᠊᠊᠊ ᠬᠠᠢ᠌ᠷ᠎ᠠ ᠰᠡᠳᠬᠢᠯᠭᠡ ᠲᠡᠶ ᠪᠠᠢ᠌ᠬᠤ ᠳᠤ ᠣᠷᠤᠰᠢᠨ᠎ᠠ᠃

᠊᠊᠊᠊᠊᠊᠊᠊᠊᠊᠊᠊᠊᠊᠊ ᠵᠦᠪ᠂ ᠭᠦᠮᠤᠨ ᠳᠦᠷᠤᠯᠭᠢᠳᠠᠨ ᠨᠢᠭᠡ ᠨᠢ ᠨᠢᠭᠡᠨ ᠳᠡᠭᠡᠨ ᠬᠠᠢ᠌ᠷ᠎ᠠ ᠰᠡᠳᠬᠢᠯᠭᠡ ᠦᠭᠡᠶ ᠪᠣᠯᠪᠠᠯ᠂ ᠬᠤᠷᠸ᠎ᠠ ᠶ‍ᠢᠷᠳᠢᠠᠴᠤ ᠰᠣᠢ᠌ᠷᠠᠨ᠎ᠡ ᠰᠢᠤ᠃

᠊᠊᠊᠊᠊᠊᠊᠊᠊᠊᠊᠊᠊᠊᠊ ᠪᠢ ᠳᠤᠭᠳᠠᠭᠠᠵᠤ ᠠᠪᠣᠯ᠎ᠠ ᠪᠠᠭᠰᠢ ᠡ ᠭᠡᠳ ᠪᠠᠳᠤ ᠪᠣᠰᠴᠤ ᠵᠤᠭᠰᠤᠨ ᠪᠠᠭᠰᠢ ᠳᠠᠭᠠᠨ ᠴᠠᠢ ᠴᠢᠯᠠᠵᠤ ᠦᠭ‍ᠭᠦᠨ᠎ᠡ᠃

ᠳᠠᠪᠣᠳᠤᠭᠠᠷ ᠡᠳᠦᠷ ᠳᠤᠨᠢ ᠪᠠᠳᠤ ᠰᠡᠮᠡᠭᠡᠷ ᠭᠠᠷᠴᠤ᠂ ᠪᠠᠭᠰᠢ ᠶᠢᠨ ᠶᠡᠭᠡ ᠭᠦᠤ ᠶᠢᠨ ᠳᠤ ᠭᠦᠷᠴᠤ᠂ ᠠᠪᠣ ᠶᠢᠨ ᠭᠢᠨᠢ ᠡᠪᠡᠳᠴᠢᠯᠡᠭ᠍ᠰᠡᠨ ᠪᠠᠢ᠌ᠳᠠᠯ ᠢ ᠭᠡᠯᠡᠵᠤ ᠥᠭ᠍ᠪᠡ᠃ ᠬᠠᠷᠢᠭᠤ ᠳ᠋ᠤᠨᠢ᠄

᠊᠊᠊᠊᠊᠊᠊᠊᠊᠊᠊᠊᠊᠊᠊ ᠮᠠᠨ ᠤ ᠠᠪᠣ ᠶᠠᠷᠤ ᠨᠢ ᠡᠷᠡᠭᠦᠯ ᠪᠠᠢ᠌ᠭᠰᠠᠨ ᠨᠢ ᠶᠠᠭᠠᠭᠢᠭᠠᠤᠨ ᠡᠪᠡᠳᠴᠢᠯᠡᠪᠡ ᠳ᠋ᠠ᠃ ᠪᠦᠷ ᠳᠠᠨ ᠤ ᠢᠷᠸ᠎ᠠ᠃ ᠳᠠ ᠡᠨᠡ ᠣᠴᠢᠷ ᠲᠤ ᠭᠠᠷ ᠳᠦᠷᠦᠭ᠍ᠰᠡᠨ ᠶᠢᠡᠷ ᠶᠢᠡᠨ ᠦᠪᠡᠷ ᠶᠢᠡᠨ ᠮᠡᠳᠡᠴᠢᠭᠡ ᠭᠡᠨ᠎ᠡ᠃ ᠪᠠᠳᠤ ᠰᠤᠨᠤᠰᠤᠭᠠᠤᠨ ᠨᠢᠳᠤ ᠪᠦᠯᠳᠡᠢ᠌ᠯᠭᠡᠨ ᠭᠡᠯᠡᠭᠦ ᠥᠭᠡ ᠦᠭᠡᠶ ᠮᠠᠯᠠᠷᠠᠨ ᠵᠤᠭᠰᠤᠵᠠᠢ᠃

ᠳᠠᠷᠠᠭ᠎ᠠ ᠡᠳᠦᠷ ᠨᠢ ᠠᠬ᠎ᠠ ᠳᠡᠭᠦᠤ ᠭᠤᠷᠪᠠᠭᠤᠯᠠ ᠭᠡᠷ ᠤᠨ ᠭᠦᠮᠤᠨ ᠶᠢᠡᠨ ᠳᠠᠢ᠌ᠴᠢᠯᠠᠨ ᠭᠡᠢ ᠬᠤᠢ ᠲᠡᠶ ᠰᠦᠷ ᠮᠠᠠᠳᠤᠭᠤᠯᠤᠨ ᠭᠦᠷᠴᠤ ᠢᠷᠡᠭᠡᠳ ᠪᠠᠳᠤ ᠡᠴᠠ ᠭᠡᠷᠡᠭ᠌ ᠡᠷᠢᠵᠤ᠂ ᠳ᠋ᠠᠩᠰᠠ ᠪᠣᠳᠤᠬᠤ ᠪᠣᠯᠵᠠᠢ᠃ ᠭᠡᠷ ᠪᠦᠯᠢ ᠶᠢᠨ ᠭᠢᠨ ᠨᠢ ᠳᠠᠭᠤᠨ ᠭᠠᠷᠴᠤ᠄

᠊᠊᠊᠊᠊᠊᠊᠊᠊᠊᠊᠊᠊᠊᠊ ᠪᠠᠳᠤ ᠴᠢ ᠮᠡᠭᠡ ᠭᠠᠷᠭᠠᠵᠤ ᠪᠠᠢ᠌ᠭᠠᠤᠨ ᠠᠪᠣ ᠶᠢᠨ ᠭᠡᠷᠢᠶᠡᠰ ᠭᠦᠷᠦᠩᠭᠡ ᠶᠢ ᠵᠠᠪᠰᠢᠬᠤ ᠰᠠᠨᠠᠭ᠎ᠠ ᠲᠡᠶ ᠭᠡᠨ᠎ᠡ᠂ ᠪᠠᠳᠤ ᠶᠡᠭᠡᠯ᠎ᠡ ᠰᠤᠴᠢᠨ ᠭᠠᠢ᠌ᠬᠠᠵᠤ᠄

᠊᠊᠊᠊᠊᠊᠊᠊᠊᠊᠊᠊᠊᠊᠊ ᠰᠠᠩ ᠪᠠᠭᠰᠢ ᠠᠮᠢᠳᠤ ᠰᠡᠷᠢᠭᠦᠨ ᠪᠠᠢ᠌ᠭ᠎ᠠ ᠳᠤ ᠶᠠᠭᠤᠨ ᠤ ᠭᠡᠷᠢᠶᠡᠰ ᠭᠦᠷᠦᠩᠭᠡ ᠪᠣᠯᠤᠭᠰᠠᠨ ᠳ᠋ᠠ ︖ ᠭᠡᠪᠡ᠃

᠊᠊᠊᠊᠊᠊᠊᠊᠊᠊᠊᠊᠊᠊᠊ ᠴᠢ ᠭᠢᠷᠢ ᠪᠠᠨ ᠮᠠᠳᠠ᠂ ᠰᠠᠨᠠᠭ᠎ᠠ ᠪᠠᠨ ᠬᠤᠷᠢᠶᠠ᠂ ᠭᠤᠷᠢ ᠪᠠᠨ ᠳᠠᠰᠤᠯ ︕

᠊᠊᠊᠊᠊᠊᠊᠊᠊᠊᠊᠊᠊᠊᠊ ᠠᠪᠣ ᠢᠩᠭᠢᠭᠡᠳ ᠥᠭᠦᠪᠠᠯ ᠴᠢᠮ᠎ᠠ ᠡᠴᠠ ᠠᠮᠢᠨ ᠭᠡᠷᠡᠭ᠌ ᠡᠷᠢᠵᠤ ᠠᠮᠢ ᠨᠠᠰᠤᠨ ᠤ ᠲᠦᠯᠦᠭᠡᠰᠤ ᠠᠪᠣᠨ᠎ᠠ ᠭᠡᠵᠤ ᠪᠠᠷᠭᠢᠷᠠᠵᠠᠭᠠᠨ᠎ᠠ᠃ ᠡᠨᠡ ᠪᠦᠯᠦᠭ᠌ ᠶᠤᠰᠤ ᠮᠡᠳᠡᠭᠦ ᠦᠭᠡᠶ ᠭᠦᠮᠦᠰ ᠲᠡᠶ ᠭᠡᠯᠡᠯᠴᠡᠭᠡᠳ ᠵᠥᠭ᠌ ᠭᠠᠷᠬᠤ ᠦᠭᠡᠶ ᠶᠢ ᠮᠡᠳᠡᠭᠡᠳ ᠪᠠᠳᠤ ᠭᠠᠳᠠᠭᠰᠢ ᠭᠠᠷᠬᠤ ᠶᠢ ᠵᠠᠪᠳᠤᠳᠠᠯ᠎ᠠ ᠠᠷᠤ ᠡᠴᠠ ᠨᠢ᠄

᠊᠊᠊᠊᠊᠊᠊᠊᠊᠊᠊᠊᠊᠊᠊᠊᠊᠊ ᠴᠢ ᠳᠤᠳᠠᠭᠠᠬᠤ ᠭᠡᠵᠢ ᠦᠦ ︖ ᠭᠡᠵᠤ ᠪᠠᠷᠭᠢᠷᠠᠨ᠂ ᠪᠠᠭᠰᠢ ᠶᠢᠨ ᠪᠠᠭ᠎ᠠ ᠭᠦᠤ ᠨᠢ ᠶᠡᠭᠡᠯ᠎ᠡ ᠣᠮᠤᠭ ᠲᠡᠶ ᠪᠠᠷ ᠭᠦᠭᠡᠭᠡᠵᠤ ᠭᠦᠷᠦᠭᠡᠳ ᠪᠠᠳᠤ ᠶᠢᠨ ᠠᠷᠤ ᠡᠴᠠ ᠨᠢᠭᠡ ᠭᠢᠳᠤᠭᠠᠯᠠᠨ᠎ᠠ᠃ ᠡᠳᠡᠭᠡᠷ ᠢ ᠦᠵᠡᠵᠤ ᠪᠠᠢ᠌ᠭᠰᠠᠨ ᠰᠠᠩᠪᠣᠤ ᠦᠨᠡᠷᠠᠨ ᠠᠭᠤᠷᠯᠠᠵᠤ᠂ ᠭᠡᠪᠳᠡᠭ᠍ᠰᠡᠨ ᠣᠷᠤᠨ ᠡᠴᠠ ᠰᠤᠭᠤᠷ ᠦᠰᠤᠷᠤᠨ ᠪᠣᠰᠴᠤ᠂ ᠳᠠᠮᠤᠷ ᠳᠤᠯᠤᠭᠠᠢ ᠲᠡᠶ ᠭᠤᠭᠢᠷ ᠳᠠᠶ‍ᠢᠭ ᠡᠷᠭᠦᠵᠤ᠂ ᠭᠦᠴᠤᠨ ᠴᠢᠨᠡᠭᠡ ᠪᠠᠷ ᠡᠷᠭᠢᠭᠦᠯᠦᠭᠡᠳ ᠪᠠᠭ᠎ᠠ ᠭᠦᠤ ᠪᠠᠨ ᠰᠠᠪᠠᠵᠤ ᠣᠨᠠᠳᠠᠯ᠎ᠠ ᠵᠠᠠᠴᠢᠪᠠ᠃

ᠳᠡᠭᠡᠭᠡᠳ ᠭᠦᠴᠤᠨ ᠴᠢᠨᠡᠭᠡ ᠪᠠᠷ᠄

᠊᠊᠊᠊᠊᠊᠊᠊᠊᠊᠊᠊᠊᠊᠊ ᠨᠢᠭᠡ ᠪᠠᠩ ᠮᠠᠯ ᠤᠳ᠂ ᠭᠦᠮᠤᠨ ᠢ ᠪᠠᠷᠢᠵᠤ ᠢᠳᠡᠭᠦ ᠭᠡᠰᠡᠨ ᠶᠤᠮ ᠦᠦ ︖ ᠭᠠᠷ ︕ ᠦᠩᠭᠦᠷᠢᠳᠦ ︕ ᠭᠡᠪᠡ᠃ ᠪᠠᠢ᠌ᠳᠠᠯ ᠢ ᠦᠵᠡᠪᠠᠯ ᠡᠨᠡ ᠠᠪᠣ ᠨᠡᠭᠡᠷᠡᠨ ᠭᠡᠢ ᠭᠦᠷᠴᠤ ᠠᠮᠢ ᠪᠠᠨ ᠴᠥᠯᠡᠭ᠍ᠰᠡᠨ ᠮᠠᠶ‍ᠢᠭ ᠲᠡᠶ ᠳᠤᠯᠠ ᠪᠦᠭᠦᠳᠡᠭᠡᠷ ᠭᠠᠷ ᠡᠷᠭᠦᠨ ᠳᠤᠯᠤᠭᠠᠢ ᠪᠠᠨ ᠳᠠᠪᠠᠷᠢᠨ ᠭᠤᠳ ᠭᠠᠷᠤᠭᠠᠤᠨ ᠳᠤᠳᠠᠭᠠᠯ᠎ᠠ᠃

ᠭᠡᠮ ᠲᠡᠶ ᠭᠦᠮᠤᠨ ᠭᠡᠭᠡᠨ ᠣᠬᠠᠭᠠᠨ ᠲᠡᠶ ᠭᠡᠭ᠍ᠴᠢ ᠪᠠᠷ ᠭᠡᠮ ᠤᠨ ᠦᠨᠳᠦᠰᠦ ᠨᠢ ᠮᠦᠨ ᠰᠠᠩᠪᠣᠤ ᠶᠢᠨ ᠭᠤᠷᠪᠠᠨ ᠳᠠᠰᠤᠯᠭ᠎ᠠ ᠪᠠᠢ᠌ᠰᠢᠩ᠃ ᠡᠨᠡ ᠪᠠᠢ᠌ᠰᠢᠩ ᠢ ᠰᠠᠩ ᠳᠠᠭᠠᠨ ᠳᠠᠳᠠᠬᠤ ᠭᠡᠵᠤ ᠭᠤᠷᠢᠯᠠᠭᠠᠤᠨ ᠭᠤᠷᠪᠠᠨ ᠭᠦᠤ ᠨᠢ ᠳᠡᠭᠦᠨ ᠤ ᠰᠤᠷᠤᠭᠴᠢ ᠪᠠᠳᠤ ᠶᠢ ᠰᠡᠵᠢᠭᠯᠡᠭᠡᠳ᠂ ᠦᠰᠢᠶ᠎ᠠ ᠲᠡᠶ ᠭᠦᠮᠤᠨ ᠪᠣᠯᠭᠠᠵᠠᠢ᠃ ᠡᠳᠡᠭᠡᠷ ᠢ ᠪᠣᠳᠤᠯᠭᠢᠯᠠᠭᠠᠤᠨ ᠡᠷᠳᠡ ᠣᠷᠤᠢ ᠦᠭᠡᠶ ᠪᠠᠳᠤ ᠳᠤ ᠭᠦᠨᠦᠭᠡᠯ ᠪᠣᠯᠬᠤ ᠶᠢ ᠮᠠᠳᠠᠵᠤ ᠰᠠᠩᠪᠣᠤ᠂ ᠰᠤᠷᠤᠭᠴᠢ ᠲᠡᠶ ᠪᠠᠨ ᠵᠥᠪᠯᠡᠭᠡᠳ ᠡᠨᠡ ᠣᠷᠰᠢᠭ ᠤᠨ ᠦᠨᠳᠦᠰᠦ ᠪᠣᠯᠤᠭᠰᠠᠨ ᠪᠠᠢ᠌ᠰᠢᠩ ᠶᠢᠡᠨ ᠪᠣᠰᠤᠳ ᠲᠤ ᠬᠤᠳᠠᠯᠳᠤᠵᠠᠢ᠃

ᠢᠩᠭᠢᠭᠡᠳ ᠰᠡᠳᠭᠢᠯ ᠨᠢ ᠭᠦᠩᠭᠡᠷᠡᠵᠤ ᠡᠮᠨᠡᠯᠭᠡ ᠶᠢᠨ ᠭᠠᠳᠠᠭᠤᠷ ᠳᠤᠭᠤᠷᠢᠵᠤ ᠪᠠᠢ᠌ᠭ᠎ᠠ ᠳᠤ᠂ ᠨᠢᠭᠡ ᠣᠮᠪᠣᠯ ᠨᠢ ᠶ‍ᠧ ᠶ‍ᠧ ᠪᠠᠨ ᠥᠵᠡᠭᠦ ᠪᠠᠷ ᠢᠷᠡᠭᠡᠳ ᠣᠯᠵᠤ ᠣᠴᠠᠷᠠᠭᠰᠠᠨ ᠦᠭᠡᠶ᠂ ᠬᠠᠷᠢᠨ ᠣᠯᠠᠨ ᠭᠦᠮᠤᠨ ᠨᠢᠭᠡ ᠳᠠᠭᠠᠯ ᠪᠣᠯᠤᠭᠰᠠᠨ ᠡᠪᠦᠭᠡᠨ ᠢ ᠳᠠᠮᠨᠠᠨ ᠭᠠᠷᠭᠠᠵᠤ ᠪᠠᠢ᠌ᠭ᠎ᠠ ᠶᠢ ᠥᠵᠡᠭᠡᠳ ᠠᠶᠤᠬᠤ ᠶᠢᠨ ᠶᠡᠭᠡ ᠪᠠᠷ ᠠᠶᠤᠵᠤ᠂ ᠭᠡᠷ ᠲᠡᠭᠡᠨ ᠭᠦᠶᠤᠨ ᠢᠷᠡᠭᠡᠳ ᠠᠪᠣ ᠳᠠᠭᠠᠨ᠄

᠊᠊᠊᠊᠊᠊᠊᠊᠊᠊᠊᠊᠊᠊᠊ ᠶ‍ᠧ ᠶ‍ᠧ ᠡᠮᠨᠡᠯᠭᠡ ᠳᠤ ᠥᠭᠦᠴᠢᠵᠡᠢ ᠭᠡᠪᠡ᠃

᠊᠊᠊᠊᠊᠊᠊᠊᠊᠊᠊᠊᠊᠊᠊ ᠶᠠᠭᠤ ᠭᠡᠨ᠎ᠡ ︖ ᠡᠨᠡ ᠴᠢᠮᠡᠭᠡ ᠶᠢ ᠰᠤᠨᠤᠰᠤᠩᠭ᠋ᠤᠳᠠ ᠭᠤᠷᠪᠠᠨ ᠡᠷ᠎ᠡ ᠭᠡᠷ ᠪᠦᠯᠢ ᠪᠠᠨ ᠪᠦᠭᠦᠨ ᠢ ᠳᠠᠢ᠌ᠴᠢᠯᠠᠨ ᠠᠪᠣ ᠶᠢᠨ ᠶᠢᠡᠨ ᠬᠠᠭᠤᠴᠢᠨ ᠪᠠᠢ᠌ᠰᠢᠩ ᠳᠠᠰᠢ ᠬᠠᠷ᠎ᠠ ᠬᠤᠷᠳᠤ ᠪᠠᠷ ᠳᠠᠪᠭᠢᠯ᠎ᠠ᠃ ᠡᠭᠦᠳᠡ ᠶᠢ ᠨᠢ ᠲᠦᠯᠭᠢᠨ ᠣᠷᠤᠬᠤ ᠳᠤ ᠭᠡᠷ ᠳᠤᠨᠢ ᠵᠢᠰᠤ ᠪᠣᠷᠤᠭᠤ ᠭᠦᠮᠦᠰ ᠳᠦᠭᠦᠷᠡᠳᠡᠯ᠎ᠡ ᠰᠠᠭᠤᠵᠤ ᠶᠡᠭᠡ ᠳᠠᠭᠤᠨ ᠶᠢᠡᠷ᠄

᠊᠊᠊᠊᠊᠊᠊᠊᠊᠊᠊᠊᠊᠊᠊ ᠳᠠ ᠶᠠᠭᠤᠨ ᠤ ᠭᠦᠮᠤᠨ ᠭᠡᠰᠡᠨ ᠳᠤ᠄

᠊᠊᠊᠊᠊᠊᠊᠊᠊᠊᠊᠊᠊᠊᠊ ᠪᠢᠳᠠ ᠡᠨᠡ ᠭᠡᠷ ᠤᠨ ᠡᠵᠡᠨ ᠤ ᠭᠦᠤ ᠨᠢ ᠭᠡᠪᠡ᠃

᠊᠊᠊᠊᠊᠊᠊᠊᠊᠊᠊᠊᠊᠊᠊ ᠡᠨᠡ ᠪᠠᠢ᠌ᠰᠢᠩ ᠢ ᠪᠢᠳᠠ ᠬᠤᠳᠠᠯᠳᠤᠨ ᠠᠪᠣᠭᠰᠠᠨ ᠰᠢᠤ᠂ ᠮᠠᠨ ᠳᠤ ᠶᠠᠷᠤ ᠨᠢ ᠬᠡᠦᠬᠡᠳ ᠪᠠᠢ᠌ᠭ᠎ᠠ ᠦᠭᠡᠶ ᠭᠡᠪᠡ᠃

ᠠᠬ᠎ᠠ ᠳᠡᠭᠦᠤ ᠭᠡᠳᠦᠭᠦᠯᠡ ᠣᠴᠢᠷ ᠢ ᠨᠢ ᠣᠯᠵᠤ ᠶᠠᠳᠠᠨ᠂ ᠨᠢᠭᠡᠨ ᠨᠢᠭᠡᠨ ᠶᠢᠡᠨ ᠬᠠᠷᠠᠵᠤ᠂ ᠭᠡᠯᠡᠭᠦ ᠥᠭᠡ ᠣᠯᠤᠭᠰᠠᠨ ᠦᠭᠡᠶ ᠪᠣᠴᠠᠬᠤ ᠳᠠᠭᠠᠨ᠂ ᠪᠠᠢ᠌ᠰᠢᠩ ᠬᠤᠳᠠᠯᠳᠤᠭᠰᠠᠨ ᠵᠤᠭᠤᠰ ᠨᠢ ᠬᠠᠮᠢᠭ᠎ᠠ ᠪᠣᠢ ᠭᠡᠳ ᠵᠥᠭ᠌ ᠴᠢᠭ᠌ ᠦᠭᠡᠶ ᠭᠦᠶ‍ᠦᠯ᠎ᠡ᠃

ᠡᠨᠡ ᠦᠶ᠎ᠡ ᠳᠤ ᠰᠠᠩᠪᠣᠤ ᠪᠠᠭᠰᠢ ᠰᠤᠷᠤᠭᠴᠢ ᠲᠡᠶ ᠪᠠᠨ ᠣᠤᠯ ᠤᠨ ᠪᠠᠭᠰᠢᠯᠠᠵᠤ ᠪᠠᠢ᠌ᠭᠰᠠᠨ ᠪᠠᠭ᠎ᠠ ᠰᠤᠷᠭᠠᠭᠤᠯᠢ ᠳᠤ ᠭᠦᠷᠴᠤ ᠭᠡᠷ ᠬᠤᠳᠠᠯᠳᠤᠭᠰᠠᠨ ᠳᠠᠪᠢᠨ ᠲᠦᠮᠡᠨ ᠳᠦᠭᠦᠷᠡᠭ᠌ ᠵᠤᠭᠤᠰ ᠶᠢᠡᠨ ᠰᠤᠷᠭᠠᠭᠤᠯᠢ ᠶᠢᠨ ᠮᠤᠷᠠᠯ ᠤᠨ ᠭᠦᠮᠦᠵᠢᠯ ᠤᠨ ᠴᠡᠴᠡᠷᠯᠢᠭ᠌ ᠲᠤ ᠭᠦᠷᠦᠩᠭᠡ ᠮᠦᠩᠭᠦ ᠪᠣᠯᠭᠠᠨ ᠳᠤᠰᠢᠶᠠᠪᠠ᠃

ᠣᠳᠤ ᠰᠠᠩᠪᠣᠤ ᠪᠠᠭᠰᠢ ᠶᠢᠨ ᠰᠡᠳᠭᠢᠯ ᠰᠡᠷᠭᠦᠵᠤ ᠭᠦᠰᠡᠯ ᠪᠠᠶᠡᠯᠡᠭ᠍ᠳᠡᠭᠡᠳ᠂ ᠨᠢᠭᠡ ᠪᠠᠶ᠎ᠠ ᠭᠦᠩᠭᠡᠷᠡᠨ ᠬᠤᠳᠠ ᠶᠢᠨ ᠨᠠᠰᠤᠳᠠᠤᠨ ᠤᠨ ᠠᠰᠠᠷᠠᠮᠵᠢ ᠳᠤ ᠣᠷᠤᠬᠤ ᠪᠠᠷ ᠶᠠᠪᠣᠨ᠎ᠠ᠃ ᠪᠠᠢ᠌ᠨ ᠪᠠᠢ᠌ᠨ ᠡᠷᠭᠢᠵᠤ ᠬᠠᠠᠳᠤᠭᠠᠤᠨ ᠪᠠᠭᠰᠢ ᠰᠤᠷᠤᠭᠴᠢᠳ ᠶᠢᠡᠨ ᠬᠠᠷᠠᠵᠤ ᠪᠠᠢ᠌ᠳᠠᠯ᠎ᠠ ᠭᠤᠷᠪᠠᠨ ᠭᠦᠤ ᠨᠢ ᠡᠮᠡᠰ ᠬᠡᠦᠬᠡᠳ ᠲᠡᠶ ᠪᠠᠨ ᠨᠡᠭᠡᠨ ᠭᠦᠭᠡᠭᠡᠵᠤ ᠢᠷᠡᠭᠦ ᠬᠠᠷᠠᠭᠳᠠᠪᠠ᠃ ᠭᠠᠢ᠌ᠬᠠᠵᠤ ᠪᠠᠢ᠌ᠳᠠᠯ᠎ᠠ ᠭᠦᠤ ᠨᠢ᠄

᠊᠊᠊᠊᠊᠊᠊᠊᠊᠊᠊᠊᠊᠊᠊ ᠠᠪᠣ ᠡ ︕ ᠳᠠ ᠬᠠᠮᠢᠭ᠎ᠠ ᠣᠴᠢᠬᠤ ᠪᠣᠢ ︖ ᠭᠡᠰᠡᠨ ᠳᠤ ᠰᠠᠩᠪᠣᠤ᠄

᠊᠊᠊᠊᠊᠊᠊᠊᠊᠊᠊᠊᠊᠊᠊ ᠠᠪᠣ ᠶᠢ ᠴᠢᠨᠢ ᠬᠤᠳᠠᠯᠳᠤᠴᠢᠬᠠᠭᠰᠠᠨ ︕ ᠭᠡᠪᠡ᠃ ᠭᠦᠤ ᠨᠢ᠄

᠊᠊᠊᠊᠊᠊᠊᠊᠊᠊᠊᠊᠊᠊᠊ ᠵᠤᠭᠤᠰ ᠨᠢ ︖ ᠭᠡᠪᠡ᠃


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠦᠨᠳᠦᠰᠦᠳᠠᠨ ᠤ ᠶᠡᠭᠡ ᠰᠤᠷᠭᠠᠭᠤᠯᠢ

ᠵᠤᠬᠢᠶᠠᠭᠴᠢ᠄ ᠲᠤᠭᠤᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 3186
ᠴᠠᠭ᠄ 2014 ᠤᠨ ᠤ 12 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁