ᠭᠦᠭᠡᠷᠦᠭᠦᠢ ᠣᠨᠢᠰᠤ ᠶᠢᠨ ᠣᠴᠢᠷᠯᠠᠯ

ᠭᠠᠭᠴᠠᠭᠠᠷᠳᠠᠵᠤ ᠪᠢᠴᠢᠭ᠍ᠰᠡᠨ ᠰᠢᠯᠦᠭ᠌

               ᠊᠊᠊᠊᠊᠊᠊᠊᠊᠊᠊᠊᠊᠊᠊ ᠪᠦᠳᠤᠨ ᠰᠦᠨᠢ ᠨᠣᠢ᠌ᠷ ᠬᠤᠯᠵᠢᠭᠠᠤᠨ

                  ᠪᠣᠰᠤᠳ ᠡᠴᠡ ᠪᠢᠷ ᠵᠢᠭᠡᠯᠡᠵᠤ ᠪᠢᠴᠢᠪᠠᠢ

                          

ᠠᠭᠠᠰᠢ ᠮᠠᠭᠤᠳᠠᠢ ᠠᠮᠢᠳᠤᠷᠠᠯ ᠴᠢ

ᠠᠯᠢᠪᠠ ᠶᠢ ᠳᠠᠩᠳᠠ ᠨᠠᠳᠠ ᠡᠴᠡ ᠬᠠᠷᠠᠮᠨᠠᠭᠠᠤᠨ ᠪᠠᠢ᠌ᠬᠤ ᠶᠤᠮ ᠡ

ᠠᠷᠭ᠎ᠠ ᠪᠠᠷᠠᠭᠳᠠᠵᠤ ᠪᠣᠭᠢᠨᠢᠳᠤᠯ ᠭᠡᠴᠡᠭᠦᠳᠡᠭᠦ ᠳᠤ ᠯᠠ ᠴᠢ

ᠠᠵᠠ ᠮᠠᠭᠤᠳᠠᠢ ᠨᠣᠢ᠌ᠷ ᠢ ᠮᠢᠨᠢ ᠬᠤᠯᠵᠢᠭᠤᠯᠤᠭᠠᠤᠨ ᠵᠢᠷᠭᠠᠳᠠᠭ ᠯᠠ ᠪᠠᠢ᠌ᠯᠭᠦᠢ

ᠠᠮᠢᠳᠤᠷᠠᠯ ᠴᠢ ᠭᠡᠷᠪᠡ ᠨᠢᠭᠡᠨ ᠶᠡᠭᠡᠳᠡᠭᠦᠤ ᠵᠠᠩ ᠳᠠᠢ

ᠦᠬᠢᠨ ᠭᠦᠮᠤᠨ ᠪᠣᠯᠤᠭᠰᠠᠨ ᠪᠣᠯ

ᠠᠷᠠᠢ ᠨᠠᠮ᠎ᠠ ᠶᠢ ᠳᠡᠷᠭᠡᠳᠡ ᠪᠠᠨ ᠪᠠᠢ᠌ᠯᠭᠠᠬᠤ ᠦᠭᠡᠶ ᠪᠠᠢ᠌ᠬᠤ ᠳ᠋ᠠ

ᠠᠮᠢᠳᠤᠷᠠᠯ ᠴᠢ ᠭᠡᠷᠪᠡ ᠨᠢᠭᠡᠨ ᠭᠦᠴᠤ ᠳᠤᠷᠪᠢᠳᠤ

ᠡᠷ᠎ᠡ ᠴᠢᠳᠠᠯᠳᠠᠨ ᠪᠣᠯᠤᠭᠰᠠᠨ ᠪᠣᠯ

ᠠᠯᠢ ᠭᠡᠳᠥᠢᠨ ᠨᠠᠮ᠎ᠠ ᠶᠢ ᠢᠰᠭᠦᠯᠵᠤ ᠬᠤᠯᠠ ᠶᠠᠪᠣᠭᠤᠯᠴᠢᠬᠠᠭᠰᠠᠨ ᠯᠠ ᠪᠠᠢ᠌ᠬ᠎ᠠ ⁈

ᠠᠮᠢᠳᠤᠷᠠᠯ ᠴᠢ ᠭᠡᠷᠪᠡ ᠵᠠᠩ ᠵᠥᠭᠡᠯᠡᠨ ᠶᠠᠰᠤ ᠬᠠᠳᠠᠭᠤ

ᠠᠪᠣ ᠭᠦᠮᠤᠨ ᠪᠣᠯᠤᠭᠰᠠᠨ ᠪᠣᠯ

ᠠᠯᠢᠪᠠ ᠳᠤ ᠭᠤᠳᠤᠷᠠᠩᠭ᠋ᠤᠢ ᠶᠠᠪᠣᠬᠤ ᠶᠢ ᠮᠢᠨᠢ ᠥᠵᠡᠭᠡᠳ

ᠠᠷᠭᠠᠳᠠᠯ ᠥᠭᠡ᠂  ᠡᠡᠯᠳᠡᠩᠭᠡᠨ ᠰᠤᠷᠭᠠᠯ ᠶᠤᠭᠠᠨ ᠬᠠᠢ᠌ᠷᠠᠯᠠᠬᠤ ᠪᠠᠢ᠌ᠬ᠎ᠠ ⁈

ᠠᠮᠢᠳᠤᠷᠠᠯ ᠴᠢ ᠭᠡᠷᠪᠡ ᠡᠶᠡᠯᠳᠡᠭ᠌ ᠵᠥᠭᠡᠯᠡᠨ

ᠡᠵᠢ ᠭᠦᠮᠤᠨ ᠪᠣᠯᠤᠭᠰᠠᠨ ᠪᠣᠯ

ᠦᠪᠡᠷ ᠶᠢᠡᠨ ᠦᠪᠡᠷ ᠢ ᠪᠠᠨ ᠠᠷᠭᠠᠳᠠᠬᠤ ᠳᠤ ᠮᠢᠨᠢ ᠪᠠᠶᠠᠷᠬᠠᠵᠤ

ᠰᠦᠨ ᠰᠠᠴᠤᠯᠢ᠂ ᠰᠡᠳᠭᠢᠯ ᠤᠨ ᠴᠠᠭᠠᠨ ᠢᠷᠦᠭᠡᠯ ᠶᠢᠡᠨ ᠪᠠᠯᠭᠡᠯᠡᠭᠦ ᠪᠠᠢ᠌ᠬ᠎ᠠ ⁈

ᠠᠮᠢᠳᠤᠷᠠᠯ ᠴᠢ ᠭᠡᠷᠪᠡ ᠳᠦᠷᠤ ᠶᠢᠨ ᠰᠢᠳᠤᠷᠭᠤ ᠰᠢᠭᠦᠭ᠍ᠴᠢ

ᠲᠦᠮᠡᠨ ᠤ ᠭᠤᠤᠯᠴᠢ ᠳᠠᠭᠤᠳᠠᠨ

ᠲᠦᠪ ᠶᠤᠰᠤ ᠶᠢ ᠨᠡᠭᠡᠷᠡᠨ ᠳᠡᠷᠢᠭᠦᠨ ᠳᠤ ᠴᠢᠬᠤᠯᠴᠢᠯᠠᠳᠠᠭ ᠶᠤᠮ ᠪᠣᠯ

ᠠᠢ᠌ᠪᠢ ᠴᠠᠢ᠌ᠪᠢ ᠶᠠᠪᠣᠭᠴᠢ ᠦᠴᠦᠭᠡᠨ ᠪᠢ ᠴᠤ ᠢᠩᠭᠢᠵᠤ ᠣᠴᠢᠷᠯᠠᠬᠤ ᠪᠠᠷ ᠦᠭᠡᠶ ᠳ᠋ᠤᠤ

  

ᠠᠮᠢᠳᠤᠷᠠᠯ᠂ ᠴᠢ ᠨᠠᠮ᠎ᠠ ᠵᠢ

ᠬᠤᠪᠢ ᠵᠠᠶᠠᠭ᠎ᠠ ᠪᠠᠷ ᠡᠵᠡᠮᠰᠢᠵᠤ ᠪᠣᠯᠤᠨ᠎ᠠ

ᠭᠡᠭᠦ ᠳᠤ ᠪᠠᠨ

ᠦᠪᠡᠷ ᠤᠨ ᠮᠢᠨᠢ ᠡᠷᠭᠡ ᠴᠢᠯᠦᠭᠡ ᠶᠢ ᠬᠠᠰᠤᠵᠤ ᠪᠣᠯᠬᠤ ᠦᠭᠡᠶ

ᠠᠮᠢᠳᠤᠷᠠᠯ᠂ ᠴᠢ ᠨᠠᠮ᠎ᠠ ᠵᠢ

ᠬᠤᠷᠤᠰᠴᠤ ᠡᠯᠳᠡᠪ ᠶᠠᠯᠠᠳᠠᠯᠭ᠎ᠠ ᠪᠠᠷ ᠰᠢᠳᠭᠡᠵᠤ ᠪᠣᠯᠤᠨ᠎ᠠ

ᠭᠡᠭᠦ ᠳᠤ ᠪᠠᠨ

ᠬᠠᠢ᠌ᠷ᠎ᠠ ᠪᠣᠴᠠᠯᠤᠭᠰᠠᠨ ᠬᠠᠯᠠᠭᠤᠨ ᠠᠮᠢᠳᠤᠷᠠᠯ ᠡᠴᠡ ᠭᠦᠡᠳᠡᠢ᠌ᠷᠡᠭᠦᠯᠵᠤ ᠪᠣᠯᠬᠤ ᠦᠭᠡᠶ

ᠠᠮᠢᠳᠤᠷᠠᠯ᠂ ᠴᠢ ᠨᠠᠮ᠎ᠠ ᠵᠢ

ᠡᠩᠭᠦᠷᠡᠢ᠌ᠯᠡᠵᠤ ᠡᠯᠢᠭᠡᠨ ᠳᠤ ᠪᠠᠨ ᠨᠠᠭᠠᠯᠳᠤᠭᠤᠯᠬᠤ ᠦᠭᠡᠶ ᠪᠠᠢ᠌ᠵᠤ ᠪᠣᠯᠤᠨ᠎ᠠ

ᠭᠡᠭᠦ ᠳᠤ ᠪᠠᠨ

ᠠᠮᠢᠳᠤᠷᠠᠯ ᠤᠨ ᠠᠯᠢ ᠪᠣᠯᠭᠢ ᠪᠠᠷ ᠭᠠᠴᠢᠵᠤ ᠳᠠᠷᠴᠢᠯᠭᠠᠵᠤ ᠪᠣᠯᠬᠤ ᠦᠭᠡᠶ

ᠠᠮᠢᠳᠤᠷᠠᠯ᠂ ᠴᠢ ᠨᠠᠮ᠎ᠠ ᠵᠢ

ᠥᠭᠡᠳᠡ ᠦᠭᠡᠶ ᠦᠴᠦᠭᠡᠨ ᠠᠮᠢᠳᠠᠨ ᠶᠢᠡᠷ ᠥᠯᠢᠳᠭᠡᠵᠤ ᠪᠣᠯᠤᠨ᠎ᠠ

ᠭᠡᠭᠦ ᠳᠤ ᠪᠠᠨ

ᠦᠴᠦᠭᠡᠳᠦᠷ ᠤᠨ ᠥᠡᠳᠡᠭᠡ᠂ ᠥᠨᠦᠳᠦᠷ ᠤᠨ ᠵᠤᠯᠵᠠᠭ᠎ᠠ ᠶᠢᠡᠷ ᠯᠠ ᠰᠠᠨᠠᠵᠤ

ᠭᠠᠯᠪᠠ ᠳᠤ ᠭᠠᠭᠴᠠᠭᠠᠷᠳᠠᠭᠤᠯᠬᠤ ᠶᠢ ᠴᠢᠨᠢ ᠪᠢ ᠦᠪᠡᠷ ᠶᠢᠡᠨ ᠭᠦᠯᠴᠢᠭᠦ ᠦᠭᠡᠶ

    

  

                  

           ᠭᠤᠮᠤᠳᠠᠵᠤ ᠪᠢᠴᠢᠭ᠍ᠰᠡᠨ ᠰᠢᠯᠦᠭ᠌

               ᠊᠊᠊᠊᠊᠊᠊᠊᠊᠊᠊᠊᠊᠊᠊   ᠭᠤᠶᠤ ᠭᠡᠦᠭᠡᠨ ᠤ ᠪᠠᠶᠠᠰᠤᠯ

                  ᠭᠤᠨᠢᠭᠳᠤ ᠡᠷ᠎ᠡ ᠶᠢᠨ ᠭᠤᠳᠤᠷᠠᠯ

  

ᠭᠤᠮᠤᠳᠠᠨ᠎ᠠ ᠭᠡᠵᠤ ᠪᠢ

ᠭᠤᠤᠯ ᠤᠨ ᠳᠠᠭᠤᠨ ᠶᠢᠡᠷ ᠴᠢᠮ᠎ᠠ ᠳᠤ ᠶᠠᠷᠢᠭ᠎ᠠ ᠥᠭᠡᠢ

ᠭᠤᠮᠤᠳᠠᠭᠰᠠᠨ ᠰᠡᠳᠭᠢᠯ ᠶᠢᠡᠨ ᠪᠢ

ᠴᠠᠭ ᠤᠨ ᠰᠠᠯᠭᠢᠨ ᠳᠤ ᠰᠡᠮᠡᠭᠡᠷ ᠰᠢᠪᠠᠨᠠᠶ᠎ᠠ

  

ᠭᠤᠮᠤᠳᠠᠨ᠎ᠠ ᠭᠡᠵᠤ

ᠭᠤᠮᠤᠳᠠᠭᠰᠠᠨ ᠪᠢᠰᠢ᠂

ᠭᠤᠮᠤᠳᠠᠬᠤ ᠶᠢᠨ ᠡᠷᠭᠡᠨ ᠳ᠋ᠤ

ᠭᠤᠳᠤᠷᠠᠭᠰᠠᠨ ᠡᠮᠵᠡᠭ᠍ᠭᠡᠨ ᠰᠡᠳᠭᠢᠯ ᠪᠢ ︕

ᠬᠠᠷᠢᠶᠠᠯᠭᠠᠨ᠎ᠠ ᠭᠡᠵᠤ

ᠬᠠᠷᠢᠶᠠᠯᠭᠠᠭᠰᠠᠨ ᠪᠢᠰᠢ᠂

ᠬᠠᠮᠤᠭ ᠲᠤ ᠳᠦᠳᠡᠭᠡᠯᠵᠡᠯ ᠲᠡᠶ ᠬᠤᠨᠤᠭᠠᠤᠨ

ᠬᠠᠷ᠎ᠠ ᠳᠠᠷᠤᠵᠤ ᠰᠡᠷᠢᠭ᠍ᠰᠡᠨ ᠰᠦᠨᠢ ᠶᠢᠨ ᠨᠢᠭᠡᠨ ᠵᠡᠭᠦᠳᠤ ᠪᠢ ︕

  

ᠳᠦᠷᠢᠶᠠᠰᠤᠨ ᠮᠠᠰᠢᠨ ᠡᠴᠡ

ᠲᠦᠰᠢᠵᠤ ᠡᠪᠯᠡᠭᠦᠯᠵᠤ ᠪᠠᠭᠤᠬᠤ ᠳᠤ ᠮᠢᠨᠢ

ᠳᠦᠷᠦᠭᠦᠤ ᠳᠡᠭᠡᠭᠦᠷ ᠭᠢᠰᠭᠢᠴᠢᠮᠠᠷ ᠭᠠᠷᠤᠭᠰᠠᠨ ᠴᠢ ︕

ᠰᠦᠨᠠᠰᠤ ᠪᠠᠨ ᠭᠡᠭᠡᠭ᠍ᠰᠡᠨ ᠮᠠᠳᠤ

ᠰᠥᠭ᠌ ᠰᠦᠯᠳᠡ ᠦᠭᠡᠶ ᠪᠠᠢ᠌ᠬᠤ ᠳᠤ ᠮᠢᠨᠢ

ᠰᠦᠰᠦ ᠬᠠᠳᠠᠭᠤ ᠵᠤᠷᠢᠭ ᠢ ᠪᠠᠷᠢᠵᠤ

ᠰᠦᠯᠵᠢᠶᠠᠨ ᠳᠤ ᠪᠠᠨ ᠶᠠᠭᠠᠷᠠᠭᠰᠠᠨ ᠴᠢ ︕

  

ᠨᠠᠮ᠎ᠠ ᠶᠢ ᠦᠷᠤᠪᠳᠠᠵᠤ ᠬᠠᠯᠠᠮᠵᠢᠯᠠᠭᠴᠢ

ᠴᠤᠬᠤᠮ ᠭᠡᠨ ᠭᠦᠮᠤᠨ ᠶᠠᠪᠣᠨ᠎ᠠ ᠪᠣᠢ ⁈

ᠨᠠᠮ᠎ᠠ ᠶᠢ ᠬᠠᠷᠢᠶᠠᠨ ᠵᠥᠭᠡᠭ᠍ᠴᠢ

ᠴᠤᠬᠤᠮ ᠭᠡᠨ ᠭᠦᠮᠤᠨ ᠭᠠᠩᠬᠤᠨ᠎ᠠ ᠪᠣᠢ ⁈

  

ᠬᠠᠷ᠎ᠠ ᠪᠠᠷ ᠪᠣᠳᠤᠵᠤ

ᠬᠠᠳᠠᠭᠤ ᠰᠠᠨᠠᠳᠠᠭ ᠨᠢ

ᠬᠠᠮᠤᠭ ᠢ ᠣᠬᠠᠭᠠᠷᠠᠭᠴᠢ ᠴᠢ ᠦᠦ ︖

  

ᠬᠠᠢ᠌ᠷ᠎ᠠ ᠪᠠᠨ ᠨᠢᠭᠤᠵᠤ

ᠬᠠᠠᠳᠢᠪᠯᠠᠬᠤ ᠦᠭᠡᠶ ᠶᠠᠪᠣᠳᠠᠭ ᠨᠢ

ᠬᠠᠷᠠᠩᠭ᠋ᠤᠢ ᠰᠦᠨᠢ ᠨᠣᠢ᠌ᠷ ᠢ ᠬᠤᠯᠵᠢᠭᠤᠯᠳᠠᠭ ᠴᠢ ᠦᠦ ︖

  

ᠪᠢ ᠶᠠᠮᠠᠷ ᠣᠢ᠌ᠯᠠ ᠲᠡᠶ ᠭᠦᠮᠤᠨ ᠶᠠᠪᠣᠨ᠎ᠠ ᠪᠣᠢ ⁈

ᠪᠢ ᠶᠠᠮᠠᠷ ᠪᠣᠷᠤᠭᠤ ᠲᠡᠶ ᠭᠦᠮᠤᠨ ᠭᠤᠳᠤᠷᠠᠨ᠎ᠠ ᠪᠣᠢ ⁈

  

  

                    

            ᠬᠤᠷᠤᠰᠴᠤ ᠪᠢᠴᠢᠭ᠍ᠰᠡᠨ ᠰᠢᠯᠦᠭ᠌

  

                   ᠊᠊᠊᠊᠊᠊᠊᠊᠊᠊᠊᠊᠊᠊᠊   ᠢᠨᠠᠭ ᠦᠬᠢᠨ ᠤ ᠪᠠᠨ 《ᠭᠠᠩᠭ᠋ᠠᠩ ᠵᠠᠯᠠᠭᠤ》 ᠭᠡᠭᠦ

                      ᠭᠠᠭᠴᠠ ᠥᠭᠡᠨ ᠳᠤ ᠬᠤᠷᠤᠰᠴᠤ ᠪᠢᠴᠢᠭ᠍ᠰᠡᠨ ᠰᠢᠯᠦᠭ᠌

    

ᠭᠡᠦᠭᠡᠡᠴᠦᠳ ᠡ ︕

    ᠭᠦᠮᠤᠨ ᠢ ᠨᠢ ᠦᠵᠡ

    ᠭᠦᠭᠡᠷᠭᠦᠢᠯᠡᠯᠳᠡᠢ ᠠᠪᠣᠷᠢ ᠳᠤ ᠨᠢ ᠪᠢᠳᠡᠭᠡᠢ ᠳᠠᠳᠠᠭᠳᠠᠴᠢᠬ᠎ᠠ ︕

    ᠵᠢᠷᠦᠭᠡ ᠡᠴᠡ ᠨᠢ ᠭᠠᠳᠠᠷᠯᠠ

    ᠵᠥᠭᠡᠷ ᠨᠢᠭᠡ ᠥᠭᠡᠨ ᠳᠤ ᠨᠢ ᠪᠢᠳᠡᠭᠡᠢ ᠬᠠᠭᠤᠷᠳᠠᠴᠢᠬ᠎ᠠ ︕

    

    ᠵᠢᠰᠤ ᠢ ᠨᠢ ᠬᠠᠷ᠎ᠠ ᠭᠡᠵᠤ ᠪᠢᠳᠡᠭᠡᠢ ᠭᠤᠯᠤ ᠡ ︕

           ᠴᠠᠭᠠᠨ ᠭᠡᠵᠤ ᠪᠢᠳᠡᠭᠡᠢ ᠭᠤᠷᠢᠯᠠ ᠡ ︕

    

    ᠴᠢᠨᠤ ᠳᠠᠷᠠ ᠵᠢᠰᠤ ᠨᠢ ᠴᠠᠭᠠᠨ ᠨᠢᠭᠡᠨ ᠤ ᠭᠢᠨᠢ

    ᠵᠢᠷᠦᠭᠡ ᠨᠢ ᠭᠦ᠋ ᠡᠴᠡ ᠬᠠᠷ᠎ᠠ

           ᠴᠢᠯᠠᠭᠤ ᠡᠴᠡ ᠬᠠᠳᠠᠭᠤ ᠪᠠᠢ᠌ᠵᠤ ᠴᠤ ᠮᠠᠭᠠᠤᠨ ︕

    

    ᠴᠢᠨᠤ ᠡᠨᠡ ᠵᠢᠰᠤ ᠨᠢ ᠬᠠᠷ᠎ᠠ ᠨᠢᠭᠡᠨ ᠤ ᠴᠢᠨᠢ

    ᠵᠢᠷᠦᠭᠡ ᠨᠢ ᠴᠠᠰᠤᠨ ᠡᠴᠡ ᠴᠠᠭᠠᠨ

           ᠳᠤᠷᠭᠠᠨ ᠡᠴᠡ ᠵᠥᠭᠡᠯᠡᠨ ᠪᠠᠢ᠌ᠵᠤ ᠴᠤ ᠮᠡᠳᠡᠭᠦ ᠶᠤᠮ ᠳ᠋ᠠ ︕

    

    ᠬᠠᠷᠠᠩᠭ᠋ᠤᠢ ᠰᠦᠨᠢ ᠭᠢᠷᠠᠭᠤ ᠪᠠᠭᠤᠬᠤ ᠪᠠᠷ ᠨᠢ

    ᠬᠠᠮᠤᠭ ᠴᠡᠴᠡᠭᠡᠰ ᠬᠠᠷᠢᠭᠤᠯᠳᠠ ᠦᠭᠡᠶ ᠵᠤᠯᠭᠠᠷᠠᠳᠠᠭ ᠰᠢᠤ ᠳ᠋ᠠ

    ᠬᠠᠭᠠᠷᠠᠬᠠᠢ ᠳᠤᠯᠢᠨ ᠳᠤ ᠵᠢᠰᠤ ᠪᠠᠨ ᠳᠤᠯᠢᠳᠠᠪᠠᠯ

    ᠬᠠᠢ᠌ᠷ᠎ᠠ ᠶᠢᠨ ᠰᠠᠢ᠌ᠬᠠᠨ ᠵᠢᠰᠤ ᠡᠪᠳᠡᠷᠡᠳᠡᠭ᠌ ᠰᠢᠤ ᠳ᠋ᠠ

    

    ᠬᠠᠢ᠌ᠷ᠎ᠠ ᠶᠢᠨ ᠴᠢᠨᠢ ᠬᠠᠷᠠᠴᠠ ᠪᠣᠯᠤᠭ ︕

    ᠬᠠᠷᠠᠴᠠᠨ ᠤ ᠴᠢᠨᠢ ᠭᠠᠷᠤᠵᠠ ᠨᠢ ᠪᠠᠢ᠌ᠭ ︕

    

    

                        

         ᠥᠮᠦᠭᠯᠡᠵᠤ  ᠪᠢᠴᠢᠭ᠍ᠰᠡᠨ ᠰᠢᠯᠦᠭ᠌

  

               ᠊᠊᠊᠊᠊᠊᠊᠊᠊᠊᠊᠊᠊᠊᠊ ᠦᠪᠡᠷ ᠢ ᠪᠠᠨ ᠦᠷᠤᠪᠳᠤᠵᠤ

                  ᠦᠨᠡᠨ ᠤ ᠲᠦᠯᠦᠭᠡ

                  ᠥᠮᠦᠭᠯᠡᠵᠤ ᠪᠢᠴᠢᠭ᠍ᠰᠡᠨ ᠰᠢᠯᠦᠭ᠌

        

    

ᠡᠷᠡᠴᠦᠳ ᠡ ︕

    ᠭᠡᠦᠭᠡᠨ ᠭᠦᠮᠤᠨ ᠢ ᠳᠠ ᠨᠡᠷ ᠭᠦᠡᠳᠦᠯᠡᠭᠦ ᠶᠢ ᠪᠠᠭ᠎ᠠ ᠴᠡᠭᠡᠷᠯᠡ ︕

    ᠭᠡᠦᠭᠡᠨ ᠭᠦᠮᠤᠨ ᠢ ᠭᠡᠳᠤ ᠭᠦᠡᠳᠦᠯᠡᠵᠤ ᠴᠢᠳᠠᠭᠰᠠᠨ ᠭᠦᠮᠤᠨ ᠦᠪᠡᠷ ᠶᠢᠡᠨ ᠭᠡᠦᠭᠡᠨ ᠭᠦᠮᠤᠨ ᠳᠤ ᠦᠨᠡᠨ ᠰᠡᠳᠭᠢᠯ ᠡᠴᠡ ᠪᠠᠨ 《᠁   ᠬᠠᠢ᠌ᠷᠠᠯᠠᠯᠴᠠᠶ᠎ᠠ ︕ ᠳᠤᠷᠠᠯᠠᠯᠴᠠᠶ᠎ᠠ ︕》 ᠭᠡᠳᠡᠭ᠌ ᠰᠠᠨᠠᠭ᠎ᠠ ᠪᠠᠨ ᠯᠠᠪ ᠭᠢᠯᠪᠠᠷ ᠶᠢᠡᠷ ᠢᠯᠡᠳᠭᠡᠵᠤ ᠴᠢᠳᠠᠬᠤ ᠦᠭᠡᠶ ᠭᠠᠵᠠᠷᠳᠠᠭᠤᠯᠬᠤ ᠪᠣᠢ ᠳ᠋ᠠ ⁈

    ᠬᠠᠷᠢᠨ ᠦᠪᠡᠷ ᠢ ᠪᠠᠨ ᠠᠷᠭᠠᠳᠠᠬᠤ ᠶᠢ ᠰᠤᠷ ︕

     ᠁ ᠦᠪᠡᠷ ᠢ ᠪᠠᠨ ᠠᠷᠭᠠᠳᠠᠵᠤ ᠪᠠᠢ᠌ᠭᠰᠠᠭᠠᠷ ᠦᠷᠦᠭᠡᠯ ᠪᠣᠰᠤᠳ ᠢ ᠪᠢᠳᠡᠭᠡᠢ ᠠᠯᠪᠠᠳᠠᠴᠢᠬ᠎ᠠ ︕

    ᠴᠠᠭᠠᠳᠠᠭᠢ ᠴᠢᠨᠢ ᠡᠮᠵᠡᠭ᠌ ᠰᠡᠳᠭᠢᠯ ᠤᠨ ᠲᠤᠢ᠌ᠯ ᠪᠠᠢ᠌ᠵᠤ ᠮᠠᠭᠠᠤᠨ ᠦᠭᠡᠶ ᠰᠢᠤ ⁈

    ᠢᠨᠠᠭ ᠤᠨ ᠰᠡᠳᠭᠢᠯ ᠳᠤ ᠨᠢᠯᠬᠠᠷᠠᠭᠰᠠᠨ ᠡᠷᠡᠴᠦᠳ ᠮᠠᠨᠢ

    ᠢᠨᠠᠭ ᠦᠬᠢᠨ ᠶᠢᠡᠨ 《ᠬᠠᠢ᠌ᠷ᠎ᠠ ᠶᠢᠨ ᠴᠡᠴᠡᠭ᠌》 ᠪᠣᠯᠭᠠᠨ

    ᠬᠠᠢ᠌ᠷᠠᠯᠠᠳᠠᠭ ᠶᠤᠮ ᠪᠣᠯ ᠬᠠᠢ᠌ᠷ᠎ᠠ ᠪᠠᠨ ᠥᠭ᠍ᠴᠤ ᠭᠦᠷᠳᠡᠭᠡᠵᠤ ᠬᠠᠢ᠌ᠷᠠᠯᠠ ︕

    ᠬᠠᠯᠠᠮᠵᠢᠯᠠᠳᠠᠭ ᠶᠤᠮ ᠪᠣᠯ ᠬᠠᠯᠠ ᠠᠮᠰᠠᠭᠤᠯᠬᠤ ᠦᠭᠡᠶ ᠶᠢᠨ ᠲᠦᠯᠦᠭᠡ ᠪᠣᠳᠤᠯᠭᠢᠯᠠᠵᠤ ᠬᠠᠯᠠᠮᠵᠢᠯᠠᠮᠤ ⁈     

    

    

                       2011 ᠣᠨ ᠤ 11 ᠰᠠᠷ᠎ᠠ     

                            ᠬᠦᠬᠡᠬᠤᠲᠠᠨ᠎ᠡ   

  


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ ᠶᠢᠨ ᠰᠤᠨᠢᠨ ᠮᠡᠳᠡᠭᠡᠨ ᠤ ᠰᠠᠯᠪᠣᠷᠢ ᠵᠢᠨ 2009 ᠣᠨ ᠰᠤᠷᠪᠣᠯᠵᠢᠯᠭ᠎ᠠ ᠨᠠᠢ᠌ᠷᠠᠭᠤᠯᠭ᠎ᠠ ᠶᠢᠨ ᠠᠩᠭᠢ

ᠵᠤᠬᠢᠶᠠᠭᠴᠢ᠄ ᠬᠦᠷᠡᠯ‍ᠤ᠋ᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1648
ᠴᠠᠭ᠄ 2011 ᠤᠨ ᠤ 11 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ