ᠰᠢᠯᠢᠳᠡᠭ᠌ ᠰᠠᠢ᠌ᠨ ᠶᠤᠰᠤ ᠮᠤᠷᠠᠯ ᠤᠨ ᠳᠠᠳᠬᠠᠯ ᠢ ᠭᠡᠷᠭᠢᠨ ᠭᠦᠮᠦᠵᠢᠭᠦᠯᠭᠦ ᠳᠤᠬᠠᠢ

ᠰᠢᠯᠢᠳᠡᠭ᠌ ᠰᠠᠢ᠌ᠨ ᠶᠤᠰᠤ ᠮᠤᠷᠠᠯ ᠤᠨ ᠳᠠᠳᠬᠠᠯ ᠨᠢ ᠭᠦᠮᠤᠨ ᠤ ᠨᠠᠰᠤᠨ ᠳᠤᠷᠰᠢ ᠶᠢᠨ ᠠᠮᠢᠳᠤᠷᠠᠯ ᠳᠤ ᠪᠠᠶᠠᠷ ᠪᠠᠶᠠᠰᠤᠯ ᠢ ᠣᠯᠭᠤᠬᠤ ᠪᠠᠷ ᠦᠯᠦ ᠪᠠᠷᠠᠨ ᠳᠠᠷᠠ ᠨᠢ ᠨᠢᠭᠡ ᠭᠦᠮᠤᠨ ᠢ ᠠᠮᠵᠢᠯᠳᠠ ᠶᠢᠨ ᠵᠠᠮ ᠣᠷᠤᠭᠤ ᠭᠦᠳᠦᠯᠳᠡᠭ᠌᠃ ᠭᠡᠯᠪᠠᠷᠢ ᠶᠢᠨ ᠳᠠᠯ᠎ᠠ ᠡᠴᠠ ᠨᠢ ᠦᠵᠡᠪᠠᠯ᠂ ᠶᠤᠰᠤ ᠮᠤᠷᠠᠯ ᠭᠡᠳᠡᠭ᠌ ᠨᠢ ᠨᠢᠭᠡ ᠭᠦᠮᠤᠨ ᠤ ᠥᠭᠡ ᠶᠠᠷᠢᠶ᠎ᠠ᠂ ᠣᠢ᠌ᠯᠠ ᠠᠵᠢᠯᠯᠠᠭᠠᠨ ᠤ ᠭᠠᠳᠠᠷ ᠢᠯᠠᠷᠠᠯ ᠪᠣᠶᠤ ᠪᠣᠰᠤᠳ ᠲᠡᠶ ᠬᠠᠷᠢᠯᠴᠠᠬᠤ ᠬᠠᠷᠢᠯᠴᠠᠭᠠᠨ ᠤ ᠭᠡᠯᠪᠠᠷᠢ ᠪᠣᠯᠤᠨ᠎ᠠ᠃ ᠮᠦᠨ ᠴᠢᠨᠠᠷ ᠤᠨ ᠳᠠᠯ᠎ᠠ ᠡᠴᠠ ᠥᠭᠦᠯᠡᠪᠠᠯ᠂ ᠨᠢᠭᠡ ᠭᠦᠮᠤᠨ ᠤ ᠦᠪᠡᠷ ᠤᠨ ᠪᠠᠶ᠎ᠠ ᠶᠢᠨ ᠭᠢᠨᠢ ᠪᠣᠰᠤᠳ ᠲᠤ ᠬᠠᠠᠳᠤᠭᠰᠠᠨ ᠬᠠᠢ᠌ᠷ᠎ᠠ ᠭᠦᠡᠳᠦᠳᠭᠡᠯ ᠤᠨ ᠰᠡᠳᠬᠢᠯᠭᠡ ᠪᠣᠯᠤᠨ᠎ᠠ᠃ ᠡᠢ᠌ᠮᠤ ᠡᠴᠠ ᠵᠢᠩᠭᠢᠨᠢ ᠶᠤᠰᠤ ᠮᠤᠷᠠᠯ ᠨᠢ ᠭᠦᠮᠤᠨ ᠤ ᠳᠤᠳᠤᠭᠠᠳᠤ ᠰᠡᠳᠬᠢᠯᠭᠡ ᠡᠴᠠ ᠣᠠᠳᠤᠷᠤᠨ ᠭᠠᠷᠤᠭᠰᠠᠨ ᠨᠢ ᠵᠠᠢ᠌ᠯᠠᠰᠢ ᠦᠭᠡᠶ᠃

ᠣᠳᠤᠬᠠᠨ ᠳᠤ ᠣᠯᠠᠩᠭᠢ ᠭᠡᠷ ᠪᠦᠯᠢ ᠳᠤ ᠭᠠᠭᠴᠠ ᠬᠤᠶᠠᠷᠬᠠᠨ ᠬᠡᠦᠬᠡᠳ ᠲᠡᠶ ᠪᠣᠯᠤᠭᠰᠠᠨ ᠡᠴᠠ ᠭᠡᠷ ᠤᠨ ᠠᠬᠠᠮᠠᠤᠨ ᠪᠣᠯᠤᠭᠰᠠᠤᠨ ᠬᠡᠦᠬᠡᠳ ᠶᠢᠡᠨ ᠭᠡᠳᠦᠷᠭᠡᠢ ᠡᠩᠭᠦᠷᠡᠢ᠌ᠯᠡᠨ ᠬᠠᠢ᠌ᠷᠠᠯᠠᠵᠤ᠂ ᠳ᠋ᠠᠩ ᠭᠠᠭᠴᠠ ᠰᠤᠷᠤᠯᠭ᠎ᠠ ᠶᠢᠨ ᠭᠢᠷᠢ ᠪᠦᠳᠦᠮᠵᠢ ᠶᠢ ᠨᠢ ᠴᠢᠬᠤᠯᠠᠴᠢᠯᠠᠨ ᠪᠣᠰᠤᠳ ᠳᠠᠯ᠎ᠠ ᠪᠠᠷ ᠭᠢ ᠭᠦᠮᠦᠵᠢᠯ ᠢ ᠣᠮᠳᠤᠭᠠᠢ᠌ᠯᠠᠬᠤ ᠳᠤ ᠭᠦᠷᠴᠤ ᠪᠣᠢ᠃ ᠦᠨᠡᠨ ᠳᠤ ᠪᠠᠨ ᠬᠡᠦᠬᠡᠳ ᠢ ᠬᠠᠷᠠᠬᠠᠨ ᠪᠠᠭ᠎ᠠ ᠡᠴᠠ ᠨᠢ ᠰᠢᠯᠢᠳᠡᠭ᠌ ᠰᠠᠢ᠌ᠨ ᠶᠤᠰᠤ ᠮᠤᠷᠠᠯ ᠤᠨ ᠳᠠᠳᠬᠠᠯ ᠲᠡᠶ ᠪᠣᠯᠭᠠᠨ ᠭᠦᠮᠦᠵᠢᠭᠦᠯᠭᠦ ᠨᠢ ᠳᠡᠭᠦᠨ ᠤ ᠡᠯ᠎ᠡ ᠳᠠᠯ᠎ᠠ ᠶᠢᠨ ᠭᠦᠭ᠍ᠵᠢᠯᠳᠡ ᠳᠤ ᠪᠦᠷ ᠠᠰᠢᠭᠳᠠᠢ᠃ ᠳᠠᠷᠠᠴᠢᠯᠠᠨ ᠬᠠᠷᠠᠬᠠᠨ ᠪᠠᠭ᠎ᠠ ᠡᠴᠠ ᠪᠠᠨ ᠶᠤᠰᠤ ᠮᠤᠷᠠᠯ ᠢ ᠣᠢ᠌ᠯᠠᠭᠠᠵᠤ ᠡᠷᠭᠢᠮᠨᠡᠳᠡᠭ᠌ ᠬᠡᠦᠬᠡᠳ ᠨᠢ ᠣᠯᠠᠨ ᠭᠦᠮᠤᠨ ᠤ ᠬᠠᠢ᠌ᠷ᠎ᠠ ᠭᠦᠷᠢᠶᠡᠯᠡᠯ ᠢ ᠣᠯᠵᠤ᠂ ᠴᠢᠯᠦᠭᠡᠳᠡᠢ ᠭᠦᠭ᠍ᠵᠢᠭᠦ ᠠᠭᠤᠳᠠᠮ ᠣᠷᠤᠨ ᠵᠠᠢ ᠭᠦᠷᠳᠡᠳᠡᠭ᠌᠃ ᠳᠡᠭᠡᠪᠠᠯ ᠬᠡᠦᠬᠡᠳ ᠤᠨ ᠰᠢᠯᠢᠳᠡᠭ᠌ ᠰᠠᠢ᠌ᠨ ᠶᠤᠰᠤ ᠮᠤᠷᠠᠯ ᠤᠨ ᠳᠠᠳᠬᠠᠯ ᠢ ᠭᠡᠷᠭᠢᠨ ᠭᠦᠮᠦᠵᠢᠭᠦᠯᠭᠦ ᠪᠣᠢ ︖

ᠨᠢᠭᠡ᠂ ᠶᠠᠭᠤᠨ ᠤ ᠡᠮᠤᠨ᠎ᠡ ᠭᠡᠷ ᠤᠨ ᠠᠬᠠᠮᠠᠤᠨ ᠪᠠ ᠴᠡᠴᠡᠷᠯᠢᠭ᠌ ᠤᠨ ᠪᠠᠭᠰᠢ ᠪᠣᠯᠤᠭᠰᠠᠤᠨ ᠬᠡᠦᠬᠡᠳ ᠲᠤ ᠶᠤᠰᠤ ᠮᠤᠷᠠᠯ ᠤᠨ ᠳᠠᠯ᠎ᠠ ᠪᠠᠷ ᠰᠠᠢ᠌ᠨ ᠭᠡᠪ ᠳᠠᠭᠤᠷᠢᠶᠠᠯ ᠪᠣᠯᠬᠤ ᠭᠡᠷᠡᠭ᠍ᠳᠡᠢ᠃

ᠬᠡᠦᠬᠡᠳ ᠡᠭᠡ ᠡᠴᠠ ᠪᠠᠨ ᠳᠦᠷᠦᠭᠦ ᠳᠤ ᠮᠤᠷᠠᠯ ᠲᠡᠶ ᠬᠠᠮᠳᠤ ᠳᠦᠷᠦᠳᠡᠭ᠌ ᠪᠣᠰᠤ᠂ ᠬᠠᠷᠢᠨ ᠬᠠᠷᠠᠬᠠᠨ ᠪᠠᠭ᠎ᠠ ᠡᠴᠠ ᠪᠠᠨ ᠭᠡᠷ ᠤᠨ ᠭᠦᠮᠦᠵᠢᠯ ᠪᠠ ᠰᠤᠷᠭᠠᠭᠤᠯᠢ ᠶᠢᠨ ᠭᠦᠮᠦᠵᠢᠯ ᠢ ᠭᠦᠷᠳᠡᠭᠦ᠂ ᠣᠷᠴᠢᠨ ᠳᠤᠭᠤᠷᠢᠨ ᠤ ᠨᠥᠯᠦᠭᠡ ᠭᠦᠷᠳᠡᠭᠦ ᠵᠡᠷᠭᠡ ᠪᠠᠷ ᠳᠠᠮᠵᠢᠨ ᠢᠳᠡᠭ᠌ ᠢᠳᠡᠭ᠌ ᠶᠢᠡᠷ ᠶᠤᠰᠤ ᠮᠤᠷᠠᠯ ᠤᠨ ᠭᠡᠪ ᠵᠠᠩᠰᠢᠯ ᠲᠡᠶ ᠪᠣᠯᠵᠤ ᠪᠦᠷᠢᠯᠳᠦᠳᠡᠭ᠌᠃ ᠬᠡᠦᠬᠡᠳ ᠳᠦᠷᠦᠭ᠍ᠰᠡᠨ ᠡᠴᠠ ᠪᠠᠨ ᠬᠣᠢ᠌ᠰᠢ ᠴᠡᠴᠡᠷᠯᠢᠭ᠌ ᠲᠤ ᠣᠷᠤᠬᠤ ᠪᠣᠯᠳᠠᠯ᠎ᠠ ᠪᠠᠨ ᠣᠯᠠᠩᠭᠢ ᠨᠢ ᠠᠪᠣ ᠡᠵᠢ ᠶᠢᠨ ᠶᠢᠡᠨ ᠳᠡᠷᠭᠡᠳᠡ ᠪᠠᠢ᠌ᠵᠤ᠂ ᠥᠭᠡ ᠭᠡᠯᠡᠭᠦ ᠡᠴᠠ ᠡᠭᠢᠯᠡᠨ ᠣᠢ᠌ᠯᠠ ᠭᠦᠳᠡᠯᠦᠯ ᠢ ᠨᠢ ᠭᠦᠷᠳᠡᠯ᠎ᠡ ᠪᠦᠷ ᠢᠯᠭᠠᠯ ᠦᠭᠡᠶ ᠰᠤᠷᠳᠠᠭ᠃ ᠡᠨᠡ ᠦᠶᠡᠰ ᠠᠪᠣ ᠡᠵᠢ ᠶᠢᠨ ᠭᠢᠨᠢ ᠥᠭᠡ ᠶᠠᠷᠢᠶ᠎ᠠ᠂ ᠣᠢ᠌ᠯᠠ ᠭᠦᠳᠡᠯᠦᠯ ᠨᠢ ᠪᠣᠯᠪᠠᠰᠤᠨ ᠶᠤᠮ ᠦᠦ ᠪᠦᠳᠦᠭᠦᠯᠢᠭ᠌ ᠶᠤᠮ ᠦᠦ ᠭᠡᠳᠡᠭ᠌ ᠢ ᠬᠡᠦᠬᠡᠳ ᠢᠯᠭᠠᠵᠤ ᠴᠢᠳᠠᠬᠤ ᠦᠭᠡᠶ ᠪᠣᠯᠬᠤᠷ ᠶᠠᠮᠠᠷ ᠴᠤ ᠥᠭᠡ ᠶᠠᠷᠢᠶ᠎ᠠ ᠣᠢ᠌ᠯᠠ ᠭᠦᠳᠡᠯᠦᠯ ᠢ ᠨᠢ ᠪᠦᠷ ᠰᠤᠩᠭ᠋ᠤᠯᠳᠠ ᠦᠭᠡᠶ ᠰᠤᠷᠳᠠᠭ᠃ ᠡᠢ᠌ᠮᠤ ᠪᠣᠯᠬᠤᠷ ᠭᠡᠷ ᠤᠨ ᠠᠬᠠᠮᠠᠤᠨ ᠪᠣᠯᠤᠭᠰᠠᠤᠨ ᠠᠯᠢ ᠪᠣᠯᠬᠤ ᠶᠢᠨ ᠳᠤᠳᠤᠷ᠎ᠠ ᠬᠡᠦᠬᠡᠳ ᠤᠨ ᠡᠮᠤᠨ᠎ᠡ ᠡᠶᠡᠯᠳᠡᠭ᠌ ᠳᠤᠳᠤᠨᠤ᠂ ᠪᠣᠯᠪᠠᠰᠤᠨ ᠶᠤᠰᠤᠷᠬᠠᠭ ᠪᠠᠢ᠌ᠵᠤ᠂ ᠪᠣᠭᠢᠷ ᠪᠦᠳᠦᠭᠦᠯᠢᠭ᠌ ᠥᠭᠡ ᠶᠠᠷᠢᠬᠤ ᠦᠭᠡᠶ᠂ ᠪᠣᠰᠤᠳ ᠢ ᠵᠤᠳᠤᠵᠤ ᠵᠠᠩᠨᠠᠬᠤ ᠦᠭᠡᠶ ᠪᠠᠢ᠌ᠪᠠᠯ ᠵᠤᠭᠢᠨ᠎ᠠ᠃ ᠴᠡᠴᠡᠷᠯᠢᠭ᠌ ᠤᠨ ᠪᠠᠭᠰᠢ ᠴᠤ ᠭᠡᠷ ᠤᠨ ᠠᠬᠠᠮᠠᠤᠨ ᠲᠡᠶ ᠠᠳᠠᠯᠢᠬᠠᠨ ᠬᠡᠦᠬᠡᠳ ᠲᠤ ᠡᠶᠡᠯᠰᠡᠭ᠌ ᠳᠤᠳᠤᠨᠤ ᠬᠠᠠᠳᠤᠵᠤ᠂ ᠦᠪᠡᠷ ᠤᠨ ᠪᠣᠯᠪᠠᠰᠤᠨ ᠶᠤᠰᠤᠷᠬᠠᠭ ᠥᠭᠡ ᠶᠠᠷᠢᠶ᠎ᠠ᠂ ᠣᠢ᠌ᠯᠠ ᠭᠦᠳᠡᠯᠦᠯ ᠶᠢᠡᠷ ᠶᠢᠡᠨ ᠬᠡᠦᠬᠡᠳ ᠢ ᠨᠥᠯᠦᠭᠡᠯᠡᠪᠠᠯ ᠵᠤᠭᠢᠰᠳᠠᠢ᠃ ᠣᠴᠢᠷ ᠨᠢ ᠴᠡᠴᠡᠷᠯᠢᠭ᠌ ᠤᠨ ᠨᠠᠰᠤᠨ ᠤ ᠱᠠᠳᠤ ᠦᠶ᠎ᠡ ᠪᠣᠯ ᠭᠦᠮᠤᠨ ᠤ ᠨᠢᠭᠡ ᠨᠠᠰᠤᠨ ᠤ ᠵᠠᠩ ᠴᠢᠨᠠᠷ ᠪᠦᠷᠢᠯᠳᠤᠨ ᠳᠤᠭᠳᠠᠬᠤ ᠰᠠᠭᠤᠷᠢ ᠱᠠᠳᠤ ᠦᠶ᠎ᠡ ᠪᠣᠯᠤᠨ᠎ᠠ᠃ ᠡᠨᠡᠭᠦ ᠰᠠᠭᠤᠷᠢ ᠶᠢ ᠰᠠᠢ᠌ᠨ ᠳᠠᠯᠪᠢᠬᠤ ᠨᠢ ᠴᠡᠴᠡᠷᠯᠢᠭ᠍ᠴᠢ ᠪᠠᠭᠰᠢ ᠪᠣᠯᠤᠭᠰᠠᠤᠨ ᠤᠨ ᠵᠠᠢ᠌ᠯᠠᠭᠤᠯᠵᠤ ᠪᠣᠯᠤᠰᠢ ᠦᠭᠡᠶ ᠳᠠᠷᠬᠠᠨ ᠡᠭᠦᠷᠭᠡ ᠶᠤᠮ᠃

ᠬᠤᠶᠠᠷ᠂ ᠬᠡᠦᠬᠡᠳ ᠤᠨ ᠥᠭᠡ ᠭᠡᠯᠡᠨ ᠤ ᠣᠷᠴᠢᠨ ᠳᠤᠭᠤᠷᠢᠨ ᠢ ᠨᠢ ᠴᠡᠪᠠᠷᠰᠢᠭᠦᠯᠭᠦ ᠭᠡᠷᠡᠭ᠍ᠳᠡᠢ᠃

ᠬᠡᠦᠬᠡᠳ ᠶᠢᠡᠨ ᠦᠨᠡᠩᠬᠦ ᠨᠢᠭᠡᠨ ᠶᠤᠰᠤᠷᠬᠠᠭ ᠪᠣᠯᠪᠠᠰᠤᠨ ᠭᠦᠮᠤᠨ ᠪᠣᠯᠭᠠᠶ᠎ᠠ ᠭᠡᠪᠠᠯ ᠪᠣᠯᠪᠠᠰᠤᠨ ᠶᠤᠰᠤᠷᠬᠠᠭ ᠥᠭᠡ ᠶᠠᠷᠢᠶ᠎ᠠ ᠲᠡᠶ ᠪᠣᠯᠭᠠᠬᠤ ᠶᠢ ᠣᠮᠳᠤᠭᠠᠢ᠌ᠯᠠᠵᠤ ᠪᠣᠯᠬᠤ ᠦᠭᠡᠶ᠃ ᠬᠡᠦᠬᠡᠳ ᠤᠨ ᠪᠣᠯᠪᠠᠰᠤᠨ ᠪᠣᠰᠤ ᠥᠭᠡ ᠶᠠᠷᠢᠶ᠎ᠠ ᠨᠢ ᠣᠯᠠᠩᠭᠢ ᠳᠤ ᠪᠠᠨ ᠣᠷᠴᠢᠨ ᠳᠤᠭᠤᠷᠢᠨ ᠡᠴᠠ ᠢᠷᠠᠯᠳᠠᠢ᠃

ᠨᠢᠭᠡᠨ ᠡᠳᠦᠷ ᠵᠢᠷᠭᠤᠭᠠᠨ ᠨᠠᠰᠤᠳᠠᠢ ᠭᠡᠦᠭᠡᠨ ᠮᠢᠨᠢ ᠳᠤᠭᠯᠠᠵᠤ ᠪᠠᠢ᠌ᠭᠰᠠᠭᠠᠷ ᠭᠡᠨᠡᠳᠲᠡ ᠪᠦᠰ ᠭᠡᠦᠭᠡᠯᠳᠡᠢ ᠳᠤ ᠪᠠᠨ ᠴᠢᠭᠢᠨ ᠳᠤ ᠣᠷᠤᠮᠠᠷ ᠦᠭᠡᠶ ᠨᠢᠭᠡ ᠪᠣᠵᠠᠷ ᠥᠭᠡ ᠭᠡᠯᠡᠴᠢᠭᠡᠪᠡ᠃ ᠪᠢ ᠰᠤᠴᠢᠵᠤ ᠳᠡᠭᠦᠨ ᠡᠴᠠ 《ᠭᠡᠦᠭᠡᠨ ᠮᠢᠨᠢ ᠶᠠᠭᠤ ᠭᠡᠯᠡᠵᠤ ᠪᠠᠢ᠌ᠨ᠎ᠠ ᠪᠣᠢ ︖ ᠳᠠᠷᠠ ᠴᠢᠨᠢ ᠳᠠᠩᠴᠤ ᠮᠠᠭᠤᠬᠠᠢ ᠥᠭᠡ ᠰᠢᠤ》 ᠭᠡᠭᠦ ᠳᠤ ᠳᠠᠷᠠ ᠬᠠᠷᠢᠨ ᠨᠠᠮ᠎ᠠ ᠶᠢ ᠦᠯᠦ ᠢᠳᠡᠭᠡᠭ᠍ᠰᠡᠨ ᠬᠠᠷᠠᠴᠠ ᠪᠠᠷ ᠨᠢᠭᠡ ᠬᠠᠷᠠᠵᠤ ᠠᠪᠣᠭᠠᠤᠨ ᠦᠨᠦᠭᠢ ᠥᠭᠡ ᠪᠠᠨ ᠳᠠᠪᠳᠠᠨ ᠶᠠᠷᠢᠵᠤ ᠪᠠᠢ᠌ᠯ᠎ᠠ᠃ 《ᠭᠡᠨ ᠴᠢᠮ᠎ᠠ ᠳᠤ ᠡᠢ᠌ᠮᠤ ᠥᠭᠡ ᠵᠢᠭᠠᠵᠤ ᠦᠭ‍ᠭᠦᠭ᠍ᠰᠡᠨ ᠪᠣᠢ ︖》 ᠭᠡᠪᠠᠯ ᠳᠠᠷᠠ ᠬᠠᠷᠢᠨ 《ᠭᠡᠨ ᠴᠤ ᠵᠢᠭᠠᠭᠰᠠᠨ ᠦᠭᠡᠶ᠂ ᠪᠢ ᠦᠪᠡᠷ ᠶᠢᠡᠨ ᠰᠤᠷᠤᠭᠰᠠᠨ》 ᠭᠡᠵᠤ ᠠᠵᠢᠭ ᠦᠭᠡᠶ ᠬᠠᠷᠢᠭᠤᠯᠤᠭᠠᠤᠨ ᠮᠦᠨ ᠯᠠ ᠦᠨᠦᠭᠢ ᠥᠭᠡ ᠪᠠᠨ ᠠᠮᠠᠨ ᠳᠤ ᠪᠠᠨ ᠲᠦᠳᠦᠨᠡᠵᠤ ᠯᠠ ᠪᠠᠢ᠌ᠪᠠ᠃ ᠪᠢ ᠳᠡᠭᠦᠨ ᠳᠤ᠄ 《ᠳᠠᠭᠢᠭᠠᠤᠨ ᠪᠢᠳᠡᠭᠡᠢ ᠭᠡᠯᠡᠭᠡᠷᠡᠢ᠂ ᠳᠠᠷᠠ ᠴᠢᠨᠢ ᠳᠤᠩ ᠮᠠᠭᠤᠬᠠᠢ ᠥᠭᠡ ᠰᠢᠤ》 ᠭᠡᠭᠦ ᠳᠤ᠄ 《ᠳᠡᠭᠡᠭᠡᠳ ᠶᠠᠭᠠᠭᠢᠭᠠᠤᠨ ᠠᠪᠣ ᠨᠢ ᠭᠡᠯᠡᠵᠤ ᠪᠠᠢ᠌ᠳᠠᠭ ᠪᠣᠢ ︖》 ᠭᠡᠵᠤ ᠥᠭᠡᠳᠡ ᠡᠴᠠ ᠮᠢᠨᠢ ᠭᠠᠢ᠌ᠬᠠᠨ ᠠᠰᠠᠭᠤᠯ᠎ᠠ᠃ 《ᠠᠪᠣ ᠴᠢᠨᠢ ᠭᠡᠵᠢᠶ᠎ᠡ ᠨᠢ ᠳᠠᠢ᠌ᠮᠤ ᠮᠠᠭᠤᠬᠠᠢ ᠥᠭᠡ ᠭᠡᠯᠡᠵᠤ ᠪᠠᠢ᠌ᠪᠠ ︖》 ᠭᠡᠭᠦᠯᠡᠷ ᠨᠢ 《ᠳᠦᠷᠦᠭᠦᠤ ᠡᠳᠦᠷ ᠪᠢ ᠠᠪᠣ ᠶᠢᠨ ᠳᠡᠷᠭᠡᠨ ᠳᠤ ᠰᠠᠭᠤᠭᠠᠤᠨ ᠵᠡᠭᠡᠯᠢ ᠳᠡᠭᠡᠷ᠎ᠡ ᠶᠠᠪᠣᠵᠤ ᠪᠠᠢ᠌ᠳᠠᠯ᠎ᠠ ᠨᠢᠭᠡ ᠳᠡᠷᠭᠡ ᠠᠪᠣ ᠶᠢᠨ ᠳᠡᠷᠭᠡ ᠶᠢ ᠮᠦᠷᠭᠦᠭᠦ ᠰᠢᠬᠠᠭᠰᠠᠨ ᠳᠤ ᠠᠪᠣ ᠡᠨᠡ ᠥᠭᠡ ᠶᠢ ᠭᠡᠯᠡᠭ᠍ᠰᠡᠨ》 ᠭᠡᠵᠤ ᠴᠠᠭᠠᠪᠣᠷᠯᠠᠪᠠ᠃ ᠪᠢ ᠳᠡᠭᠦᠨ ᠳᠤ᠄ 《ᠠᠪᠣ ᠴᠢᠨᠢ ᠳᠠᠷᠠ ᠦᠶᠡᠰ ᠰᠠᠠᠳᠤᠷᠬᠤ ᠳᠤ ᠪᠠᠨ ᠶᠠᠭᠤ ᠭᠡᠯᠡᠭᠦ ᠪᠠᠨ ᠴᠤ ᠮᠡᠳᠡᠭᠦ ᠦᠭᠡᠶ ᠪᠣᠯᠵᠤ ᠡᠢ᠌ᠮᠤ ᠮᠠᠭᠤᠬᠠᠢ ᠥᠭᠡ ᠶᠢ ᠶᠠᠷᠢᠭᠰᠠᠨ ᠪᠠᠢ᠌ᠬᠤ ᠳ᠋ᠠ᠂ ᠥᠭᠡᠷ᠎ᠡ ᠪᠣᠰᠤᠳ ᠴᠠᠭ ᠲᠤ ᠬᠠᠮᠢᠭ᠎ᠠ ᠨᠢ ᠡᠢ᠌ᠮᠤ ᠥᠭᠡ ᠭᠡᠯᠡᠵᠤ ᠪᠠᠢ᠌ᠨ᠎ᠠ ︖ ᠳᠠᠷᠠ ᠴᠢᠨᠢ ᠪᠣᠵᠠᠷ ᠮᠠᠭᠤᠬᠠᠢ ᠥᠭᠡ ᠰᠢᠤ》 ᠭᠡᠭᠦ ᠳᠤ ᠭᠡᠦᠭᠡᠨ ᠮᠢᠨᠢ ᠰᠠ‍‌ᠶᠢ ᠵᠢᠭᠠᠬᠠᠨ ᠦᠨᠡᠮᠰᠢᠵᠤ ᠦᠨᠦᠭᠢ ᠥᠭᠡ ᠪᠠᠨ ᠭᠡᠯᠡᠭᠦ ᠪᠠᠨ ᠪᠠᠢ᠌ᠵᠤ ᠪᠢᠯᠠ᠃

ᠡᠨᠡ ᠣᠴᠢᠷ ᠥᠩᠭᠡᠷᠡᠭᠡᠳ ᠭᠡᠳᠤᠨ ᠵᠢᠯ ᠪᠣᠯᠵᠤ ᠪᠠᠢ᠌ᠭ᠎ᠠ ᠪᠣᠯᠪᠠᠴᠤ ᠨᠠᠳᠠ ᠳᠤ ᠬᠠᠷᠢᠨ ᠮᠠᠷᠳᠠᠭᠳᠠᠰᠢ ᠦᠭᠡᠶ ᠰᠠᠭᠤᠭᠳᠠᠯ ᠥᠯᠡᠳᠡᠭᠡᠵᠤ᠂ ᠶᠡᠭᠡ ᠭᠦᠮᠦᠰ ᠤᠨ ᠪᠣᠯᠭᠤᠮᠵᠢ ᠦᠭᠡᠶ ᠵᠠᠷᠢᠮ ᠥᠭᠡ ᠨᠢ ᠬᠡᠦᠬᠡᠳ ᠢ ᠰᠠᠨᠠᠮᠰᠠᠷ ᠦᠭᠡᠶ ᠨᠥᠯᠦᠭᠡᠯᠡᠨ᠎ᠡ ᠭᠡᠳᠡᠭ᠌ ᠢ ᠦᠨᠡᠩᠬᠦ ᠮᠡᠳᠡᠭᠦᠯᠵᠤ ᠪᠢᠯᠠ᠃ ᠡᠢ᠌ᠮᠤ ᠡᠴᠠ ᠪᠠᠭᠰᠢ ᠪᠣᠶᠤ ᠭᠡᠷ ᠤᠨ ᠠᠬᠠᠮᠠᠤᠨ ᠪᠣᠯᠤᠭᠰᠠᠤᠨ ᠬᠡᠦᠬᠡᠳ ᠤᠨ ᠭᠡᠯᠡ ᠶᠠᠷᠢᠶᠠᠨ ᠤ ᠣᠷᠴᠢᠨ ᠢ ᠰᠠᠢ᠌ᠳᠤᠷ ᠠᠩᠬᠠᠷᠴᠤ ᠪᠠᠢ᠌ᠪᠠᠯ ᠵᠤᠭᠢᠨ᠎ᠠ᠃ ᠬᠡᠦᠬᠡᠳ ᠢ ᠪᠣᠯᠬᠤ ᠶᠢᠨ ᠳᠤᠳᠤᠷ᠎ᠠ ᠪᠣᠵᠠᠷ ᠥᠭᠡ ᠶᠠᠷᠢᠳᠠᠭ ᠭᠦᠮᠦᠰ ᠡᠴᠠ ᠵᠠᠢ᠌ᠳᠠᠢ ᠪᠠᠢ᠌ᠯᠭᠠᠬᠤ ᠪᠣᠶᠤ ᠬᠡᠦᠬᠡᠳ ᠪᠣᠵᠠᠷ ᠪᠦᠳᠦᠭᠦᠯᠢᠭ᠌ ᠥᠭᠡ ᠰᠤᠷᠤᠭᠰᠠᠨ ᠦᠶ᠎ᠡ ᠳᠤ ᠦᠨᠳᠦᠰᠦ ᠰᠤᠷᠪᠣᠯᠵᠢ ᠶᠢ ᠨᠢ ᠡᠷᠢᠨ ᠭᠠᠷᠭᠠᠵᠤ ᠴᠠᠭ ᠳᠤᠬᠠᠢ ᠳ᠋ᠤᠨᠢ ᠵᠠᠰᠠᠵᠤ ᠵᠠᠯᠠᠷᠠᠭᠤᠯᠬᠤ ᠶᠢ ᠠᠩᠬᠠᠷᠪᠠᠯ ᠵᠤᠭᠢᠨ᠎ᠠ᠃

ᠭᠤᠷᠪᠠ᠂ ᠬᠡᠦᠬᠡᠳ ᠲᠤ ᠬᠠᠷᠠᠬᠠᠨ ᠪᠠᠭ᠎ᠠ ᠡᠴᠠ ᠨᠢ ᠵᠤᠴᠢᠨ ᠭᠦᠮᠤᠨ ᠳᠤ ᠶᠤᠰᠤᠷᠬᠠᠭ ᠪᠣᠯᠪᠠᠰᠤᠨ ᠪᠠᠢ᠌ᠬᠤ ᠶᠢ ᠰᠤᠷᠭᠠᠨ᠎ᠠ᠃

ᠶᠠᠮᠠᠷᠪᠠ ᠨᠢᠭᠡᠨ ᠭᠡᠷ ᠪᠦᠯᠢ ᠳᠤ ᠪᠦᠷ ᠵᠤᠴᠢᠨ ᠢᠷᠡᠳᠡᠭ᠌ ᠶᠤᠮ᠃ ᠡᠴᠢᠭᠡ ᠡᠭᠡ ᠪᠣᠯᠤᠭᠰᠠᠤᠨ ᠬᠡᠦᠬᠡᠳ ᠶᠢᠡᠨ ᠵᠤᠷᠢᠯᠭ᠎ᠠ ᠲᠡᠶ ᠪᠠᠷ ᠡᠵᠡᠨ ᠭᠦᠮᠤᠨ ᠤ ᠶᠤᠰᠤᠭᠠᠷ ᠢᠷᠡᠭ᠍ᠰᠡᠨ ᠵᠤᠴᠢᠨ ᠳᠤ ᠪᠠᠨ ᠶᠤᠰᠤᠷᠬᠠᠭ ᠪᠣᠯᠪᠠᠰᠤᠨ ᠬᠠᠠᠳᠤᠵᠤ᠂ ᠭᠦᠡᠳᠦᠳᠭᠡᠨ ᠳᠠᠢ᠌ᠯᠠᠬᠤ ᠶᠢ ᠰᠤᠷᠭᠠᠬᠤ ᠭᠡᠷᠡᠭ᠍ᠳᠡᠢ᠃ ᠡᠨᠡ ᠳᠠᠯ᠎ᠠ ᠪᠠᠷ ᠮᠠᠨ ᠤ ᠣᠯᠤᠰ ᠤᠨ ᠤᠢ᠌ᠷ᠎ᠡ ᠦᠶ᠎ᠡ ᠶᠢᠨ ᠠᠯᠳᠠᠷᠳᠤ ᠤᠳᠬ᠎ᠠ ᠵᠤᠬᠢᠶᠠᠯᠴᠢ᠂ ᠵᠢᠷᠤᠭᠴᠢᠨ ᠹᠧᠩ ᠽᠢ ᠺᠠᠢ ᠠᠪᠣᠭᠠᠢ ᠶᠢᠨ ᠠᠷᠭ᠎ᠠ ᠳᠤᠷᠰᠢᠯᠭ᠎ᠠ ᠨᠢ ᠪᠢᠰᠢᠷᠠᠯᠳᠠᠢ ᠪᠠᠢ᠌ᠨ᠎ᠠ᠃ ᠳᠡᠭᠦᠨ ᠤ ᠭᠦᠤ ᠹᠧᠩ ᠴᠧᠨ ᠪᠣᠤ ᠪᠠᠭ᠎ᠠ ᠳᠤ ᠪᠠᠨ ᠳᠠᠨᠢᠯ ᠪᠣᠰᠤ ᠭᠦᠮᠤᠨ ᠡᠴᠠ ᠳᠤᠩ ᠠᠶᠤᠳᠠᠭ ᠪᠣᠯᠬᠤᠷ ᠭᠡᠷ ᠲᠤ ᠢᠷᠡᠭ᠍ᠰᠡᠨ ᠵᠤᠴᠢᠨ ᠢ ᠶᠠᠷᠤ ᠬᠠᠷᠠᠵᠤ ᠥᠵᠡᠭᠦ ᠵᠤᠷᠢᠭ ᠦᠭᠡᠶ ᠪᠠᠢ᠌ᠵᠤ ᠵᠤᠴᠢᠨ ᠤ ᠡᠮᠤᠨ᠎ᠡ ᠶᠤᠰᠤᠷᠬᠠᠭ ᠪᠣᠰᠤ ᠪᠠᠢ᠌ᠳᠠᠯ ᠭᠠᠷᠭᠠᠳᠠᠭ ᠪᠠᠢ᠌ᠯ᠎ᠠ᠃ ᠨᠢᠭᠡ ᠣᠳᠠᠭ᠎ᠠ ᠹᠧᠩ ᠽᠢ ᠺᠠᠢ ᠱᠠᠩᠬᠠᠢ ᠳ᠋ᠠᠭᠢ ᠨᠢᠭᠡᠨ ᠨᠤᠮ ᠤᠨ ᠳᠡᠯᠭᠡᠭᠦᠷ ᠤᠨ ᠨᠢᠭᠡ ᠨᠠᠢ᠌ᠷᠠᠭᠤᠯᠬᠤ ᠠᠵᠢᠯ ᠢ ᠭᠠᠷᠳᠠᠨ ᠭᠢᠭᠦ ᠪᠠᠷ ᠶᠠᠪᠣᠬᠤ ᠳᠤ ᠪᠠᠨ ᠠᠷᠪᠠᠨ ᠭᠤᠷᠪᠠ ᠳᠦᠷᠪᠠᠳᠠᠢ ᠪᠠᠢ᠌ᠭᠰᠠᠨ ᠴᠧᠨ ᠪᠣᠤ ᠪᠠᠨ ᠪᠢᠴᠢᠵᠤ ᠵᠢᠷᠤᠬᠤ ᠳᠤ ᠬᠠᠮᠵᠢᠭᠤᠯᠬᠤ ᠪᠠᠷ ᠳᠠᠭᠠᠭᠤᠯᠤᠨ ᠣᠴᠢᠪᠠ᠃ ᠨᠢᠭᠡᠨ ᠡᠳᠦᠷ ᠨᠢᠭᠡ ᠦᠯᠦ ᠳᠠᠨᠢᠭᠴᠢ ᠵᠤᠴᠢᠨ ᠢᠷᠠᠵᠤ ᠹᠧᠩ ᠽᠢ ᠺᠠᠢ ᠲᠡᠶ ᠨᠠᠯᠢᠶᠠᠤᠨ ᠣᠳᠠᠭᠠᠨ ᠴᠠᠭ ᠶᠢᠡᠷ ᠶᠠᠷᠢᠯᠴᠠᠵᠤ ᠰᠠᠭᠤᠳᠠᠯ᠎ᠠ ᠪᠢᠴᠢᠬᠠᠨ ᠴᠧᠨ ᠪᠣᠤ ᠳᠠᠷᠠ ᠵᠤᠴᠢᠨ ᠳᠤ ᠮᠠᠠᠳᠤ ᠮᠡᠳᠡᠭ᠍ᠰᠡᠨ ᠦᠭᠡᠶ ᠪᠠᠢ᠌ᠵᠠᠢ᠃ ᠦᠨᠦᠭᠢ ᠵᠤᠴᠢᠨ ᠹᠧᠩ ᠽᠢ ᠺᠠᠢ ᠠᠪᠣᠭᠠᠢ ᠲᠡᠶ ᠶᠠᠷᠢᠯᠴᠠᠵᠤ ᠪᠠᠷᠠᠭᠰᠠᠨ ᠬᠣᠢ᠌ᠨ᠎ᠡ ᠪᠢᠴᠢᠬᠠᠨ ᠴᠧᠨ ᠪᠣᠤ ᠶᠢᠨ ᠳᠡᠷᠭᠡᠳᠡ ᠢᠷᠠᠵᠤ ᠮᠠᠠᠳᠤᠯᠠᠵᠤ᠂ ᠳᠡᠭᠦᠨ ᠲᠡᠶ ᠰᠠᠯᠬᠤ ᠶᠤᠰᠤ ᠭᠢᠪᠠ᠃ ᠡᠨᠡ ᠦᠶᠡᠰ ᠳᠠᠷᠠ ᠶᠠᠭᠠᠭᠢᠬᠤ ᠪᠠᠨ ᠣᠯᠵᠤ ᠶᠠᠳᠠᠨ ᠮᠡᠯᠡᠷᠡᠴᠢᠭᠡᠪᠡ᠃ ᠹᠧᠩ ᠽᠢ ᠺᠠᠢ ᠠᠪᠣᠭᠠᠢ ᠵᠤᠴᠢᠨ ᠶᠢᠡᠨ ᠮᠤᠷᠳᠠᠭᠤᠯᠤᠭᠰᠠᠨ ᠬᠣᠢ᠌ᠨ᠎ᠠ᠂ ᠭᠦᠡᠳᠤ ᠰᠡᠳᠬᠢᠯᠭᠡ ᠲᠡᠶ ᠪᠠᠷ ᠭᠦᠤ ᠳᠤ ᠪᠠᠨ᠄ 《ᠭᠦᠮᠤᠨ ᠴᠢᠮ᠎ᠠ ᠳᠤ ᠮᠠᠠᠳᠤ ᠠᠰᠠᠭᠤᠵᠤ ᠰᠠᠯᠬᠤ ᠶᠤᠰᠤ ᠭᠢᠵᠤ ᠪᠠᠢ᠌ᠳᠠᠯ᠎ᠠ᠂ ᠴᠢ ᠭᠦᠮᠤᠨ ᠢ ᠣᠢ᠌ᠰᠢᠶᠠᠬᠤ ᠦᠭᠡᠶ ᠪᠠᠢ᠌ᠵᠤ ᠶᠠᠭᠠᠭᠢᠭᠰᠠᠨ ᠪᠣᠯᠬᠤ ᠪᠣᠢ ︖》 ᠭᠡᠪᠡ᠃ ᠰᠡᠭᠦᠯᠡᠷ ᠨᠢ ᠹᠧᠩ ᠽᠢ ᠺᠠᠢ ᠦᠷᠭᠦᠯᠵᠢ ᠭᠦᠤ ᠳᠤ ᠪᠠᠨ ᠶᠤᠰᠤᠯᠠᠯ ᠤᠨ ᠭᠦᠮᠦᠵᠢᠯ ᠭᠢᠭᠦ ᠶᠢ ᠠᠩᠬᠠᠷᠤᠨ ᠦᠵᠡᠵᠤ᠂ ᠢᠷᠡᠭ᠍ᠰᠡᠨ ᠵᠤᠴᠢᠨ ᠲᠡᠶ ᠬᠠᠯᠠᠭᠤᠮᠰᠤᠭ ᠮᠠᠠᠳᠤᠯᠠᠵᠤ᠂ ᠣᠰᠤ ᠴᠠᠢ ᠭᠢᠵᠤ᠂ ᠪᠣᠳᠠᠭ᠎ᠠ ᠠᠶᠠᠭᠠᠯᠠᠨ ᠪᠠᠷᠢᠬᠤ ᠵᠡᠷᠭᠡ ᠶᠢ ᠭᠡᠯᠡᠵᠤ ᠰᠤᠷᠭᠠᠳᠠᠭ ᠪᠣᠯᠵᠠᠢ᠃ ᠳᠡᠭᠦᠡᠴᠢᠯᠡᠨ ᠴᠠᠢ ᠪᠣᠳᠠᠭ᠎ᠠ ᠠᠶᠠᠭᠠᠯᠠᠵᠤ ᠪᠠᠷᠢᠬᠤ ᠳᠤ ᠪᠠᠨ ᠬᠤᠶᠠᠷ ᠭᠠᠷ ᠶᠢᠡᠷ ᠪᠠᠷᠢᠬᠤ ᠪᠦᠭᠡᠳ ᠵᠤᠴᠢᠨ ᠤ ᠥᠭᠡᠳᠡ ᠡᠴᠠ ᠬᠠᠯᠠᠭᠤᠮᠰᠤᠭ ᠬᠠᠠᠳᠤᠬᠤ ᠭᠡᠷᠡᠭ᠍ᠳᠡᠢ ᠭᠡᠵᠤ ᠭᠢᠨᠠᠮᠠᠭᠠᠢ ᠭᠡᠯᠡᠵᠤ ᠰᠤᠷᠭᠠᠳᠠᠭ᠃ ᠡᠳᠡᠭᠡᠷ ᠶᠤᠰᠤᠯᠠᠯ ᠢ ᠳᠠᠷᠠ ᠶᠦᠮᠦᠷᠯᠢᠭ᠌ ᠶᠢᠡᠷ 《ᠭᠡᠷᠪᠡ ᠨᠢᠭᠡ ᠭᠠᠷ ᠶᠢᠡᠷ ᠶᠢᠡᠨ ᠴᠠᠢ ᠪᠣᠳᠠᠭ᠎ᠠ ᠠᠶᠠᠭᠠᠯᠠᠵᠤ ᠪᠠᠷᠢᠬᠤ ᠨᠢ ᠶᠠᠭ ᠯᠠ ᠬᠠᠭᠠᠨ ᠨᠢ ᠰᠠᠢ᠌ᠳ ᠲᠦᠰᠢᠮᠠᠤᠨ ᠲᠤ ᠪᠠᠨ ᠱᠠᠩᠨᠠᠵᠤ ᠥᠭ᠍ᠴᠤ ᠪᠠᠢ᠌ᠭ᠎ᠠ ᠪᠣᠶᠤ ᠡᠭᠦᠳᠡᠨ ᠳᠤ ᠢᠷᠡᠭ᠍ᠰᠡᠨ ᠭᠤᠶᠤᠯᠭᠠᠴᠢᠨ ᠳᠤ ᠥᠭᠯᠢᠭᠡ ᠦᠭ‍ᠭᠦᠭ᠍ᠰᠡᠨ ᠲᠡᠶ ᠠᠳᠠᠯᠢ᠂ ᠪᠠᠰᠠ ᠡᠴᠢᠭᠡ ᠡᠭᠡ ᠨᠢ ᠬᠡᠦᠬᠡᠳ ᠲᠤ ᠪᠠᠨ ᠭᠠᠭᠴᠠ ᠭᠠᠷ ᠶᠢᠡᠷ ᠶᠢᠡᠨ ᠣᠰᠤ᠂ ᠪᠣᠳᠠᠭ᠎ᠠ ᠠᠶᠠᠭᠠᠯᠠᠵᠤ ᠢᠳᠡᠭᠦᠯᠦᠭ᠍ᠰᠡᠨ ᠲᠡᠶ ᠠᠳᠠᠯᠢ ᠪᠠᠷ ᠭᠦᠮᠤᠨ ᠢ ᠭᠦᠡᠳᠦᠳᠭᠡᠭ᠍ᠰᠡᠨ ᠦᠭᠡᠶ ᠶᠠᠪᠣᠳᠠᠯ ᠪᠣᠯᠤᠨ᠎ᠠ》 ᠭᠡᠵᠤ ᠳᠦᠷᠰᠤᠯᠠᠨ ᠰᠤᠷᠭᠠᠵᠤ ᠪᠠᠢ᠌ᠯ᠎ᠠ᠃ ᠳᠠᠷᠠ ᠪᠠᠰᠠ ᠬᠡᠦᠬᠡᠳ ᠲᠤ ᠪᠠᠨ 《ᠵᠤᠴᠢᠨ ᠭᠦᠮᠤᠨ ᠴᠢᠮ᠎ᠠ ᠳᠤ ᠶᠠᠮᠠᠷ ᠨᠢᠭᠡ ᠶᠠᠭᠤᠮ᠎ᠠ ᠭᠦᠷᠭᠡᠵᠤ ᠦᠭ‍ᠭᠦ ᠦᠶ᠎ᠡ ᠳᠤ᠂ ᠴᠢ ᠵᠠᠪᠠᠯ ᠪᠠᠶ᠎ᠠ ᠮᠡᠭᠦᠢᠨ ᠬᠤᠶᠠᠷ ᠭᠠᠷ ᠶᠢᠡᠷ ᠶᠢᠡᠨ ᠳᠤᠰᠬᠤ ᠭᠡᠷᠡᠭ᠍ᠳᠡᠢ᠃ ᠪᠠᠶ᠎ᠠ ᠮᠡᠭᠦᠢᠭᠦ ᠨᠢ ᠳᠠᠯᠠᠷᠬᠠᠭᠰᠠᠨ ᠶᠢᠡᠨ ᠢᠯᠡᠳᠭᠡᠵᠤ᠂ ᠬᠤᠶᠠᠷ ᠭᠠᠷ ᠶᠢᠡᠷ ᠳᠤᠰᠬᠤ ᠨᠢ ᠭᠦᠡᠳᠦᠳᠭᠡᠭ᠍ᠰᠡᠨ ᠶᠢᠡᠨ ᠢᠯᠡᠳᠭᠡᠵᠤ ᠪᠠᠢ᠌ᠭ᠎ᠠ ᠶᠤᠮ》 ᠭᠡᠵᠤ ᠭᠡᠯᠡᠵᠤ ᠰᠤᠷᠭᠠᠳᠠᠭ᠃ ᠡᠳᠡᠭᠡᠷ ᠥᠭᠡᠰ ᠨᠢ ᠪᠢᠴᠢᠬᠠᠨ ᠴᠧᠨ ᠪᠣᠤ ᠶᠢᠨ ᠰᠡᠳᠭᠢᠯ ᠳᠤ ᠭᠦᠨ ᠬᠠᠳᠠᠩᠰᠢᠵᠤ᠂ ᠬᠤᠵᠢᠮ ᠨᠢ ᠳᠠᠷᠠ ᠳᠠᠷᠤᠤ ᠭᠦᠩᠭᠡᠮᠰᠦᠭ᠌ ᠪᠣᠰᠤᠳ ᠲᠤ ᠶᠤᠰᠤᠷᠬᠠᠭ ᠭᠦᠮᠤᠨ ᠪᠣᠯᠤᠨ ᠭᠦᠮᠦᠵᠢᠵᠤ ᠪᠢᠯᠠ᠃

ᠳᠦᠷᠪᠠ᠂ ᠬᠡᠦᠬᠡᠳ ᠢ ᠭᠦᠡᠳᠦᠳᠭᠡᠭᠦ ᠭᠡᠷᠡᠭ᠍ᠳᠡᠢ᠃

ᠪᠣᠯᠪᠠᠰᠤᠨ ᠶᠤᠰᠤ ᠮᠤᠷᠠᠯ ᠨᠢ ᠥᠵᠡᠭᠦ ᠳᠤ ᠭᠡᠳᠥᠢᠪᠠᠷ ᠨᠢᠭᠡ ᠵᠣᠢ᠌ᠯ ᠤᠨ ᠭᠠᠳᠠᠷ ᠣᠢ᠌ᠯᠠ ᠠᠵᠢᠯᠯᠠᠭᠠᠨ ᠤ ᠢᠯᠠᠷᠠᠯ ᠳᠠᠳᠤᠢ ᠪᠣᠯᠪᠠᠴᠤ ᠦᠨᠡᠨ ᠳᠤ ᠪᠠᠨ ᠳᠠᠷᠠ ᠨᠢ ᠨᠢᠭᠡ ᠭᠦᠮᠤᠨ ᠤ ᠳᠤᠳᠤᠭᠠᠳᠤ ᠰᠡᠳᠬᠢᠯᠭᠡ ᠶᠢᠨ ᠪᠣᠯᠪᠠᠰᠤᠷᠠᠭᠤᠯᠤᠯᠳᠠ ᠶᠤᠮ᠃ ᠠᠩᠭ᠍ᠯᠢ ᠶᠢᠨ ᠨᠢᠭᠡᠨ ᠠᠯᠳᠠᠷᠳᠤ ᠰᠤᠷᠭᠠᠨ ᠭᠦᠮᠦᠵᠢᠯ ᠤᠨ ᠵᠢᠳᠭᠦᠯᠳᠡᠨ ᠡᠴᠠ 《ᠵᠡᠷᠯᠢᠭ᠌ ᠡᠴᠠ ᠵᠡᠷᠯᠢᠭ᠌ ᠪᠣᠢ ᠪᠣᠯᠵᠤ᠂ ᠨᠢᠭᠦᠯᠡᠰᠦᠩᠭᠦᠢ ᠡᠴᠠ ᠨᠢᠭᠦᠯᠡᠰᠦᠩᠭᠦᠢ ᠳᠦᠷᠦᠭ᠍ᠳᠡᠨ᠎ᠡ᠃ ᠡᠨᠡ ᠪᠣᠯ ᠳᠠᠷᠤᠢ ᠦᠨᠡᠨ ᠶᠤᠰᠤ᠃ ᠳᠠ ᠬᠡᠦᠬᠡᠳ ᠲᠤ ᠦᠷᠤᠪᠴᠢ ᠰᠡᠳᠬᠢᠯᠭᠡ ᠦᠭᠡᠶ ᠬᠠᠠᠳᠤᠪᠠᠯ᠂ ᠳᠠᠳᠠ ᠳᠠᠷᠤᠢ ᠦᠷᠤᠪᠴᠢ ᠰᠡᠳᠬᠢᠯᠭᠡ ᠦᠭᠡᠶ ᠭᠦᠮᠤᠨ ᠪᠣᠯᠤᠨ᠎ᠠ᠃ ᠳᠠ ᠬᠡᠦᠬᠡᠳ ᠲᠤ ᠨᠥᠭᠦᠷᠰᠡᠭ᠌ ᠬᠠᠠᠳᠤᠪᠠᠯ᠂ ᠳᠠᠳᠠ ᠳᠠᠷᠤᠢ ᠨᠥᠭᠦᠷᠰᠡᠭ᠌ ᠭᠦᠮᠤᠨ ᠪᠣᠯᠤᠨ ᠭᠦᠮᠦᠵᠢᠭ᠍ᠳᠡᠨ᠎ᠡ》 ᠭᠡᠵᠤ ᠭᠡᠯᠡᠵᠤ ᠥᠩᠭᠡᠷᠡᠪᠡ᠃ ᠡᠨᠡ ᠨᠢ ᠳᠠᠷᠤᠢ ᠬᠡᠦᠬᠡᠳ ᠢ ᠭᠦᠡᠳᠦᠳᠭᠡᠵᠤ ᠪᠠᠢ᠌ᠭ᠎ᠠ ᠨᠢ ᠦᠨᠡᠨ ᠳᠤ ᠪᠠᠨ ᠬᠡᠦᠬᠡᠳ ᠲᠤ ᠪᠣᠰᠤᠳ ᠢ ᠭᠡᠷᠭᠢᠨ ᠭᠦᠡᠳᠦᠳᠭᠡᠭᠦ ᠶᠢ ᠵᠢᠭᠠᠵᠤ ᠪᠠᠢ᠌ᠭ᠎ᠠ ᠶᠠᠪᠣᠳᠠᠯ ᠪᠣᠯᠤᠨ᠎ᠠ ᠭᠡᠳᠡᠭ᠌ ᠢ ᠬᠠᠷᠠᠭᠤᠯᠵᠤ ᠪᠣᠢ᠃

ᠭᠧᠷᠮᠡᠨ ᠤ ᠨᠢᠭᠡᠨ ᠭᠡᠷ ᠪᠦᠯᠢ ᠳᠤ᠂ ᠡᠭᠡ ᠨᠢ ᠬᠡᠦᠬᠡᠳ ᠶᠢᠡᠷ ᠶᠢᠡᠨ ᠶᠠᠮᠠᠷ ᠨᠢᠭᠡᠨ ᠠᠵᠢᠯ ᠬᠠᠪᠰᠤᠷᠤᠭᠤᠯᠬᠤ ᠴᠢᠬᠤᠯᠠᠳᠠᠢ ᠪᠣᠯᠪᠠᠯ ᠭᠡᠵᠢᠶᠡᠳᠡ ᠣᠷᠢᠳᠠᠪᠠᠷ ᠬᠡᠦᠬᠡᠳ ᠲᠤ ᠪᠠᠨ᠄ 《ᠳᠠ ᠨᠠᠮ᠎ᠠ ᠶᠢ ᠬᠠᠪᠰᠤᠷᠤᠭᠠᠤᠨ ᠦᠭ‍ᠭᠦᠨ᠎ᠡ ᠦᠦ ︖》 ᠭᠡᠭᠦ ᠪᠣᠶᠤ 《ᠳᠠ᠁ ᠪᠣᠯᠤᠨ᠎ᠠ ᠦᠦ ︖》 ᠭᠡᠵᠤ ᠵᠥᠪᠳᠡᠯᠴᠡᠭᠦ ᠮᠠᠶ‍ᠢᠭ ᠶᠢᠡᠷ ᠭᠡᠯᠡᠳᠡᠭ᠌᠃ ᠶᠠᠮᠠᠷᠪᠠ ᠠᠵᠢᠯ ᠢ ᠭᠡᠳ ᠬᠡᠦᠬᠡᠳ ᠢ ᠵᠠᠷᠯᠢᠭᠳᠠᠭᠰᠠᠨ ᠪᠣᠶᠤ ᠠᠯᠪᠠᠳᠠᠭᠰᠠᠨ ᠥᠭᠡ ᠪᠠᠷ ᠵᠠᠭᠢᠷᠴᠤ ᠶᠠᠷᠤ ᠭᠢᠯᠭᠡᠳᠡᠭ᠌ ᠦᠭᠡᠶ᠃ ᠭᠢᠵᠤ ᠪᠠᠷᠠᠭᠰᠠᠨ ᠳᠠᠷᠠᠭ᠎ᠠ ᠨᠢ 《ᠳᠠᠯᠠᠷᠬᠠᠯ᠎ᠠ》 ᠭᠡᠵᠤ ᠭᠡᠯᠡᠭᠦ ᠪᠠᠨ ᠶᠠᠷᠤ ᠮᠠᠷᠳᠠᠳᠠᠭ ᠦᠭᠡᠶ᠃ ᠡᠴᠢᠭᠡ ᠨᠢ ᠬᠡᠦᠬᠡᠳ ᠲᠡᠶ ᠪᠠᠨ ᠬᠠᠮᠳᠤ ᠳᠸᠯᠸᠢᠰ ᠦᠵᠡᠵᠤ ᠪᠠᠢ᠌ᠭᠠᠤᠨ ᠭᠡᠷᠪᠡ ᠳᠸᠯᠸᠢᠰ ᠤᠨ ᠶᠢᠡᠨ ᠰᠤᠪᠠᠭ ᠶᠢᠡᠨ ᠰᠤᠯᠢᠬᠤ ᠰᠠᠨᠠᠭ᠎ᠠ ᠲᠡᠶ ᠪᠣᠯ ᠣᠷᠢᠳᠠᠪᠠᠷ ᠬᠡᠦᠬᠡᠳ ᠲᠤ ᠪᠠᠨ 《ᠪᠢᠳᠠ ᠥᠭᠡᠷ᠎ᠡ ᠨᠢᠭᠡ ᠰᠤᠪᠠᠭ ᠰᠤᠯᠢᠵᠤ ᠦᠵᠡᠵᠤ ᠪᠣᠯᠤᠨ᠎ᠠ ᠦᠦ ︖》 ᠭᠡᠵᠤ ᠠᠰᠠᠭᠤᠳᠠᠭ᠃ ᠬᠡᠦᠬᠡᠳ ᠲᠤ ᠪᠠᠨ ᠪᠠᠯᠡᠭ᠌ ᠪᠣᠯᠭᠠᠨ ᠭᠦᠷᠭᠡᠭ᠍ᠰᠡᠨ ᠨᠤᠮ ᠢ ᠥᠵᠡᠭᠦ ᠳᠤ ᠪᠠᠨ ᠴᠤ 《ᠳᠠᠨ ᠤ ᠨᠤᠮ ᠢ ᠪᠢ ᠵᠢᠭᠡᠯᠡᠵᠤ ᠦᠵᠡᠵᠤ ᠪᠣᠯᠬᠤ ᠦᠦ ︖》 ᠭᠡᠵᠤ ᠵᠦᠪᠰᠢᠶᠠᠷᠠᠯ ᠠᠪᠳᠠᠭ᠃ ᠡᠴᠢᠭᠡ ᠡᠭᠡ ᠶᠢᠨ ᠭᠢᠨᠢ ᠶᠠᠪᠣᠳᠠᠯ ᠪᠣᠯᠭᠠᠨ ᠳᠤ ᠶᠤᠰᠤᠷᠬᠠᠭ ᠪᠣᠯᠪᠠᠰᠤᠨ ᠬᠠᠠᠳᠤᠬᠤ ᠳᠠᠳᠬᠠᠯ ᠲᠡᠶ ᠪᠣᠯᠭᠠᠵᠤ ᠴᠢᠳᠠᠵᠠᠢ᠃

ᠡᠭᠦᠨ ᠡᠴᠠ ᠥᠵᠡᠭᠦ ᠳᠤ ᠡᠴᠢᠭᠡ ᠡᠭᠡ ᠪᠣᠯᠤᠭᠰᠠᠤᠨ ᠡᠷᠭᠡᠪᠰᠢ ᠬᠡᠦᠬᠡᠳ ᠶᠢᠡᠨ ᠭᠦᠡᠳᠦᠳᠭᠡᠭᠦ ᠶᠢᠨ ᠳᠠᠭᠠᠤ ᠳᠤ ᠡᠷ᠎ᠡ ᠡᠮ᠎ᠡ ᠬᠤᠭᠤᠷᠤᠠᠳᠤ ᠪᠠᠨ ᠬᠠᠷᠢᠯᠴᠠᠨ ᠭᠦᠡᠳᠦᠳᠭᠡᠵᠤ ᠬᠡᠦᠬᠡᠳ ᠲᠤ ᠪᠠᠨ ᠰᠠᠢ᠌ᠨ ᠨᠥᠯᠦᠭᠡ ᠥᠭ᠍ᠪᠠᠯ ᠵᠤᠭᠢᠨ᠎ᠠ᠃

ᠳᠠᠪᠣ᠂ ᠬᠡᠦᠬᠡᠳ ᠲᠤ ᠦᠪᠡᠷ ᠪᠣᠰᠤᠳ ᠢ ᠭᠦᠡᠳᠦᠳᠭᠡᠭᠦ ᠶᠢ ᠰᠤᠷᠭᠠᠨ᠎ᠠ᠃

ᠦᠪᠡᠷ ᠢ ᠪᠠᠨ ᠭᠦᠡᠳᠦᠳᠭᠡᠭᠦ ᠬᠡᠦᠬᠡᠳ ᠪᠣᠯ ᠦᠪᠡᠷ ᠤᠨ ᠨᠠᠷ᠎ᠠ ᠭᠦᠡᠳᠤ ᠪᠠ ᠭᠦᠮᠤᠨ ᠴᠢᠨᠠᠷ ᠶᠢᠡᠨ ᠬᠠᠮᠠᠭᠠᠯᠠᠬᠤ ᠶᠢ ᠯᠠ ᠮᠡᠳᠡᠳᠡᠭ᠌᠃ ᠪᠣᠰᠤᠳ ᠢ ᠭᠦᠡᠳᠦᠳᠭᠡᠭᠦ ᠶᠢ ᠣᠢ᠌ᠯᠠᠭᠠᠳᠠᠭ ᠬᠡᠦᠬᠡᠳ ᠪᠣᠯ ᠥᠭᠡ ᠭᠡᠯᠡᠭᠦ ᠳᠤ ᠪᠠᠨ ᠦᠷᠭᠦᠯᠵᠢ ᠪᠣᠰᠤᠳ ᠭᠦᠮᠤᠨ ᠤ ᠵᠤᠭᠰᠤᠴᠠ ᠡᠴᠠ ᠪᠣᠳᠤᠯᠭᠢᠯᠠᠵᠤ ᠭᠦᠮᠤᠨ ᠳᠤ ᠦᠭ‍ᠭᠦ ᠳᠦᠷᠦᠭ᠍ᠳᠡᠯ ᠢ ᠨᠢ ᠪᠣᠳᠤᠯᠭᠢᠯᠠᠳᠠᠭ᠃ ᠣᠳᠤ ᠶᠢᠨ ᠵᠠᠷᠢᠮ ᠬᠡᠦᠬᠡᠳ ᠦᠷᠭᠦᠯᠵᠢ ᠦᠪᠡᠷ ᠤᠨ ᠪᠠᠶ᠎ᠠ ᠪᠠᠷ ᠶᠢᠡᠨ ᠭᠤᠤᠯ ᠪᠣᠯᠭᠠᠳᠠᠭ᠃ ᠡᠨᠡ ᠨᠢ ᠳᠡᠭᠦᠨ ᠤ ᠬᠤᠪᠢᠠᠴᠢᠷ ᠭᠡᠳᠡᠭ᠌ ᠢ ᠬᠠᠷᠠᠭᠤᠯᠬᠤ ᠪᠣᠰᠤ᠂ ᠬᠠᠷᠢᠨ ᠪᠠᠯᠴᠢᠷ ᠪᠠᠭ᠎ᠠ ᠬᠡᠦᠬᠡᠳ ᠦᠪᠡᠷ ᠡᠴᠠ ᠪᠠᠨ ᠪᠣᠰᠤᠳ ᠭᠦᠮᠤᠨ ᠢ ᠭᠡᠷᠭᠢᠨ ᠬᠠᠯᠠᠮᠵᠢᠯᠠᠬᠤ ᠶᠢ ᠣᠢ᠌ᠯᠠᠭᠠᠬᠤ ᠦᠭᠡᠶ ᠪᠠᠢ᠌ᠭ᠎ᠠ ᠳᠠᠳᠤᠢ᠃ ᠡ᠊ᠨᠳᠡ ᠮᠦᠨ ᠯᠠ ᠹᠧᠩ ᠽᠢ ᠺᠠᠢ ᠠᠪᠣᠭᠠᠢ ᠶᠢᠨ ᠥᠯᠢᠭᠡᠷ ᠵᠢᠱᠢᠶ᠎ᠠ ᠶᠢ ᠳᠤᠷᠠᠳᠤᠭᠤᠰᠢᠳᠠᠢ᠃ ᠳᠠᠷᠠ ᠨᠢᠭᠡᠨ ᠣᠳᠠᠭ᠎ᠠ ᠬᠤᠭᠤᠯᠠᠨ ᠭᠡᠷ ᠲᠤ ᠨᠠᠢ᠌ᠵᠠ ᠪᠠᠨ ᠣᠷᠢᠵᠤ ᠪᠣᠳᠠᠭᠠᠯᠠᠬᠤ ᠳᠤ ᠪᠠᠨ ᠠᠷᠪᠠᠭᠠᠤᠨ ᠨᠠᠰᠤᠳᠠᠢ ᠭᠡᠳᠤᠨ ᠬᠡᠦᠬᠡᠳ ᠶᠢᠡᠨ ᠳᠠᠭᠠᠭᠤᠯᠤᠭᠰᠠᠨ ᠪᠠᠢ᠌ᠵᠠᠢ᠃ ᠪᠣᠳᠠᠭ᠎ᠠ ᠢᠳᠠᠵᠤ ᠪᠠᠷᠠᠮᠠᠭᠴᠠ ᠪᠠᠨ ᠵᠠᠷᠢᠮ ᠬᠡᠦᠬᠡᠳ ᠨᠢ ᠭᠡᠷ ᠲᠤ ᠬᠠᠷᠢᠶ᠎ᠠ ᠭᠡᠵᠤ ᠱᠠᠯᠠᠪᠳᠠᠭᠤᠯᠵᠠᠢ᠃ ᠳᠠᠷᠠ ᠳᠠᠷᠤᠢ ᠳᠦᠷᠭᠡᠨ ᠬᠡᠦᠬᠡᠳ ᠶᠢᠡᠨ ᠰᠠᠮ ᠳᠤᠭᠢᠵᠤ ᠬᠤᠷᠢᠭᠯᠠᠭᠠᠤᠨ᠂ ᠣᠴᠢᠷ ᠶᠠᠪᠣᠳᠠᠯ ᠥᠩᠭᠡᠷᠡᠭ᠍ᠰᠡᠨ ᠬᠣᠢ᠌ᠨ᠎ᠠ ᠭᠡᠷ ᠲᠤ ᠪᠠᠨ ᠬᠠᠷᠢᠭᠠᠤᠨ 《ᠮᠠᠨ ᠤ ᠭᠢᠨ ᠭᠦᠮᠤᠨ ᠢ ᠵᠤᠴᠢᠯᠠᠭᠰᠠᠨ ᠶᠤᠮ ᠴᠢᠨᠢ ᠳᠠ ᠨᠡᠷ ᠴᠤ ᠨᠠᠳᠠ ᠲᠡᠶ ᠠᠳᠠᠯᠢᠬᠠᠨ ᠡᠵᠡᠨ ᠭᠦᠮᠤᠨ ᠰᠢᠤ᠂ ᠡᠵᠡᠨ ᠭᠦᠮᠤᠨ ᠵᠤᠴᠢᠨ ᠡᠴᠠ ᠪᠠᠨ ᠣᠷᠢᠳᠠᠪᠠᠷ ᠶᠠᠪᠣᠬᠤ ᠨᠢ ᠵᠤᠴᠢᠨ ᠶᠢᠡᠨ ᠭᠦᠡᠳᠦᠯᠡᠭ᠍ᠰᠡᠨ ᠦᠭᠡᠶ ᠶᠠᠪᠣᠳᠠᠯ ᠪᠣᠯᠤᠨ᠎ᠠ》 ᠭᠡᠵᠤ ᠡᠶᠡᠯᠳᠡᠭ᠌ ᠶᠢᠡᠷ ᠰᠤᠷᠭᠠᠪᠠ᠃ ᠬᠡᠦᠬᠡᠳ ᠨᠢ ᠠᠪᠣ ᠶᠢᠨ ᠶᠢᠡᠨ ᠭᠡᠯᠡᠭᠦ ᠶᠢ ᠰᠤᠨᠤᠰᠤᠭᠠᠤᠨ ᠣᠴᠢᠷ ᠶᠤᠰᠤ ᠶᠢ ᠨᠢ ᠣᠢ᠌ᠯᠠᠭᠠᠵᠤ ᠬᠤᠵᠢᠮ ᠤᠨ ᠳᠠᠢ᠌ᠯᠠᠯᠭ᠎ᠠ ᠳᠤ ᠪᠦᠷ ᠵᠤᠴᠢᠠᠰᠠᠭ ᠡᠵᠡᠨ ᠪᠣᠯᠬᠤ ᠪᠠᠷ ᠴᠢᠷᠮᠠᠢ᠌ᠵᠠᠢ᠃

ᠡᠭᠦᠨ ᠡᠴᠠ ᠥᠵᠡᠭᠦ ᠳᠤ ᠡᠴᠢᠭᠡ ᠡᠭᠡ ᠪᠣᠯᠤᠭᠰᠠᠤᠨ ᠡᠳᠦᠷ ᠳᠤᠳᠤᠮ ᠤᠨ ᠠᠮᠢᠳᠤᠷᠠᠯ ᠤᠨ ᠳᠤᠮᠳᠠ ᠬᠡᠦᠬᠡᠳ ᠲᠤ ᠪᠠᠨ ᠬᠠᠷᠠᠬᠠᠨ ᠪᠠᠭ᠎ᠠ ᠡᠴᠠ ᠨᠢ ᠪᠣᠰᠤᠳ ᠢ ᠭᠦᠡᠳᠦᠳᠭᠡᠭᠦ ᠶᠢ ᠰᠤᠷᠭᠠᠬᠤ ᠭᠡᠷᠡᠭ᠍ᠳᠡᠢ᠃ ᠵᠢᠱᠢᠶᠠᠯᠠᠪᠠᠯ᠂ ᠬᠡᠦᠬᠡᠳ ᠲᠤ ᠪᠠᠨ ᠰᠤᠷᠭᠠᠭᠤᠯᠢ ᠳᠤ ᠪᠠᠨ ᠣᠴᠢᠪᠠᠯ ᠪᠠᠭᠰᠢ ᠪᠠ ᠨᠥᠭᠦᠤᠨ ᠲᠤ ᠪᠠᠨ ᠭᠡᠷᠭᠢᠨ ᠠᠮᠤᠷ ᠮᠠᠠᠳᠤ ᠠᠰᠠᠭᠤᠬᠤ᠂ ᠳᠠᠨᠢᠯ ᠭᠦᠮᠤᠨ ᠲᠡᠶ ᠣᠴᠠᠷᠠᠪᠠᠯ ᠶᠠᠭᠠᠭᠢᠵᠤ ᠬᠠᠯᠠᠭᠤᠮᠰᠤᠭ ᠶᠢᠡᠷ ᠮᠡᠡᠳᠦᠯᠡᠭᠦ᠂ ᠪᠣᠰᠤᠳ ᠤᠨ ᠬᠠᠪᠰᠤᠷᠤᠯᠭ᠎ᠠ ᠳᠡᠮᠵᠢᠯᠭᠡ ᠶᠢ ᠣᠯᠤᠭᠰᠠᠨ ᠦᠶ᠎ᠡ ᠳᠤ ᠳᠠᠯᠠᠷᠬᠠᠵᠤ ᠭᠡᠯᠡᠭᠦ᠂ ᠪᠣᠰᠤᠳ ᠣᠰᠤᠯ ᠪᠣᠷᠤᠭᠤ ᠭᠢᠭ᠍ᠰᠡᠨ ᠦᠶ᠎ᠡ ᠳᠤ ᠠᠭᠤᠴᠢᠯᠠᠯ ᠭᠦᠰᠡᠭᠦ᠁ ᠭᠡᠭᠦ ᠮᠠᠳᠤ ᠶᠢᠨ ᠦᠷᠭᠦᠯᠵᠢ ᠲᠤᠬᠢᠶᠠᠯᠳᠤᠬᠤ ᠬᠠᠷᠢᠯᠴᠠᠭᠠᠨ ᠤ ᠶᠤᠰᠤ ᠮᠤᠷᠠᠯ ᠢ ᠰᠤᠷᠭᠠᠵᠤ ᠪᠠᠢ᠌ᠪᠠᠯ ᠵᠤᠭᠢᠨ᠎ᠠ᠃ ᠡᠭᠦᠨ ᠤ ᠬᠠᠮᠳᠤ ᠬᠡᠦᠬᠡᠳ ᠲᠤ ᠪᠠᠨ ᠰᠠᠨᠠᠭᠠᠴᠢᠯᠠᠭ᠎ᠠ ᠲᠡᠶ ᠪᠠᠷ ᠰᠠᠢ᠌ᠨ ᠨᠠᠢ᠌ᠵᠠ ᠨᠥᠭᠦᠤᠨ ᠤᠨ ᠶᠢᠡᠨ ᠰᠢᠯᠢᠳᠡᠭ᠌ ᠰᠤᠷᠳᠠᠯ᠂ ᠳᠠᠪᠠᠭᠤᠯᠢᠭ ᠳᠠᠯ᠎ᠠ ᠶᠢ ᠶᠠᠷᠢᠵᠤ ᠦᠭ‍ᠭᠦᠨ ᠳᠡᠳᠡᠭᠡᠷ ᠡᠴᠠ ᠲᠠᠭᠠᠨ ᠰᠤᠷᠤᠯᠴᠠᠬᠤ ᠶᠢ ᠵᠤᠷᠢᠭᠵᠢᠭᠤᠯᠤᠨ᠎ᠠ᠃

ᠵᠠᠷᠢᠮ ᠦᠶᠡᠰ ᠬᠡᠦᠬᠡᠳ ᠪᠣᠰᠤᠳ ᠢ ᠦᠯᠦ ᠭᠦᠡᠳᠦᠳᠭᠡᠭᠦ ᠠᠵᠢᠯᠯᠠᠭ᠎ᠠ ᠭᠢᠵᠤ ᠮᠠᠳᠠᠨ᠎ᠡ᠃ ᠵᠢᠱᠢᠶᠠᠯᠠᠪᠠᠯ᠂ ᠭᠦᠮᠤᠨ ᠢ ᠬᠤᠴᠢᠯᠠᠨ ᠳᠠᠭᠤᠳᠠᠬᠤ᠂ ᠵᠡᠮᠳᠡᠭ᠌ ᠭᠦᠮᠤᠨ ᠢ ᠭᠦᠷᠢᠶᠡᠯᠡᠨ ᠥᠵᠡᠭᠦ᠂ ᠭᠦᠮᠤᠨ ᠠᠷᠭ᠎ᠠ ᠪᠠᠷᠠᠭᠳᠠᠵᠤ ᠪᠠᠢ᠌ᠬᠤ ᠦᠶᠡᠰ ᠡᠯᠡᠭᠯᠡᠭᠦ᠂ ᠪᠣᠰᠤᠳ ᠤᠨ ᠵᠤᠪᠠᠬᠤ ᠶᠢ ᠥᠵᠡᠭᠡᠳ ᠪᠠᠶᠠᠷᠯᠠᠬᠤ ᠭᠡᠭᠦ ᠮᠠᠳᠤ᠃ ᠬᠡᠦᠬᠡᠳ ᠤᠨ ᠡᠢ᠌ᠮᠦᠷᠭᠦ ᠣᠢ᠌ᠯᠠ ᠠᠵᠢᠯᠯᠠᠭ᠎ᠠ ᠨᠢ ᠵᠠᠷᠢᠮ ᠦᠶᠡᠰ ᠥᠢᠮᠡᠭᠡᠨ ᠳᠤ ᠳᠤᠷᠠᠯᠠᠬᠤ ᠪᠣᠶᠤ ᠰᠤᠨᠢᠭᠤᠴᠢᠯᠠᠬᠤ᠂ ᠵᠠᠷᠢᠮ ᠳᠤ ᠪᠠᠨ ᠭᠦᠮᠤᠨ ᠲᠡᠶ ᠳᠤᠭᠯᠠᠭᠠᠮ ᠭᠢᠭᠦ ᠡᠰᠡᠭᠦᠯ᠎ᠡ ᠰᠤᠬᠤᠷ ᠪᠠᠯᠠᠢ ᠪᠠᠷ ᠪᠣᠰᠤᠳ ᠬᠡᠦᠬᠡᠳ ᠢ ᠳᠠᠭᠤᠷᠢᠶᠠᠭᠰᠠᠨ ᠡᠴᠠ ᠪᠣᠯᠤᠭᠰᠠᠨ ᠶᠤᠮ᠃ ᠡᠢ᠌ᠮᠦᠷᠭᠦ ᠥᠵᠡᠭ᠍ᠳᠡᠯ ᠲᠤᠬᠢᠶᠠᠯᠳᠤᠬᠤ ᠦᠶᠡᠰ ᠡᠴᠢᠭᠡ ᠡᠭᠡ ᠪᠣᠯᠤᠭᠰᠠᠤᠨ ᠡᠷᠭᠡᠪᠰᠢ ᠳᠤᠭᠳᠠᠭᠤᠨ ᠪᠠᠢ᠌ᠵᠤ᠂ ᠣᠷᠢᠳᠠᠪᠠᠷ ᠬᠡᠦᠬᠡᠳ ᠡᠴᠠ ᠪᠠᠨ ᠶᠠᠭᠤᠨ ᠳᠤ ᠢᠩᠭᠢᠵᠤ ᠭᠢᠳᠡᠭ᠌ ᠢ ᠨᠢ ᠠᠰᠠᠭᠤᠵᠤ ᠳᠤᠳᠤᠯᠠᠬᠤ ᠭᠡᠷᠡᠭ᠍ᠳᠡᠢ᠃ ᠳᠠᠷᠠᠭ᠎ᠠ ᠨᠢ ᠬᠡᠦᠬᠡᠳ ᠤᠨ ᠪᠠᠢ᠌ᠳᠠᠯ ᠳ᠋ᠤᠨᠢ ᠳᠤᠭᠢᠷᠠᠭᠤᠯᠤᠨ ᠢᠩᠭᠢᠵᠤ ᠭᠢᠳᠡᠭ᠌ ᠤᠨ ᠮᠠᠭᠤ ᠳᠠᠯ᠎ᠠ ᠶᠢ ᠨᠢ ᠵᠢᠭᠠᠨ ᠭᠠᠷᠭᠠᠵᠤ ᠦᠭ‍ᠭᠦᠨ ᠬᠡᠦᠬᠡᠳ ᠲᠤ ᠪᠣᠰᠤᠳ ᠭᠦᠮᠤᠨ ᠤ ᠵᠤᠭᠰᠤᠴᠠ ᠡᠴᠠ ᠪᠣᠳᠤᠯᠭᠢᠯᠠᠬᠤ ᠶᠢ ᠰᠤᠷᠭᠠᠨ᠎ᠠ᠃ ᠪᠠᠰᠠ ᠦᠷᠭᠦᠯᠵᠢ ᠬᠡᠦᠬᠡᠳ ᠲᠤ ᠪᠠᠨ ᠮᠤᠷᠠᠯ ᠰᠤᠷᠳᠠᠯ ᠲᠡᠶ ᠭᠦᠮᠤᠨ ᠪᠣᠯ ᠪᠣᠰᠤᠳ ᠢ ᠦᠷᠤᠪᠳᠤᠨ ᠳᠤᠰᠠᠯᠠᠵᠤ ᠭᠦᠡᠳᠦᠯᠡᠳᠡᠭ᠌᠃ ᠪᠣᠰᠤᠳ ᠢ ᠭᠦᠡᠳᠦᠳᠭᠡᠳᠡᠭ᠌ ᠭᠦᠮᠤᠨ ᠰᠠ‍‌ᠶᠢ ᠪᠣᠰᠤᠳ ᠤᠨ ᠭᠦᠡᠳᠦᠳᠭᠡᠯ ᠢ ᠣᠯᠵᠤ ᠴᠢᠳᠠᠨ᠎ᠠ᠂ ᠪᠣᠰᠤᠳ ᠢ ᠭᠦᠡᠳᠦᠯᠡᠵᠤ ᠪᠠᠢ᠌ᠭ᠎ᠠ ᠨᠢ ᠦᠨᠡᠨ ᠳᠤ ᠪᠠᠨ ᠦᠪᠡᠷ ᠢ ᠪᠠᠨ ᠭᠦᠡᠳᠦᠯᠡᠵᠤ ᠪᠠᠢ᠌ᠭ᠎ᠠ ᠶᠠᠪᠣᠳᠠᠯ ᠪᠣᠯᠤᠨ᠎ᠠ ᠭᠡᠭᠦ ᠶᠤᠰᠤ ᠣᠴᠢᠷ ᠢ ᠪᠣᠳᠠᠳᠤ ᠵᠢᠱᠢᠶ᠎ᠠ ᠲᠡᠶ ᠭᠡᠯᠡᠵᠤ ᠰᠤᠷᠭᠠᠵᠤ ᠪᠠᠢ᠌ᠪᠠᠯ ᠵᠤᠭᠢᠨ᠎ᠠ᠃

ᠵᠠᠷᠢᠮ ᠡᠴᠢᠭᠡ ᠡᠭᠡᠴᠦᠦᠯ 《ᠬᠡᠦᠬᠡᠳ ᠪᠠᠰᠠ ᠪᠠᠭ᠎ᠠ ᠪᠠᠢ᠌ᠭᠰᠠᠭᠠᠷ᠂ ᠳᠠᠢ᠌ᠮᠤ ᠠᠷᠪᠢᠨ ᠶᠤᠰᠤ ᠵᠠᠩᠰᠢᠯ ᠢ ᠬᠠᠷᠠᠬᠠᠨ ᠣᠢ᠌ᠯᠠᠭᠠᠬᠤ ᠪᠣᠯᠤᠭᠠᠳᠤᠢ᠂ ᠰᠤᠷᠤᠯᠭ᠎ᠠ ᠳᠤ ᠪᠠᠨ ᠰᠠᠢ᠌ᠨ ᠪᠣᠯ ᠬᠤᠵᠢᠮ ᠠᠶᠠᠠᠳᠠᠭᠠᠨ ᠶᠤᠰᠤ ᠮᠤᠷᠠᠯ ᠲᠡᠶ ᠬᠡᠦᠬᠡᠳ ᠪᠣᠯᠴᠢᠬᠠᠨ᠎ᠠ》 ᠭᠡᠵᠤ ᠪᠣᠳᠤᠬᠤ ᠮᠠᠭᠠᠤᠨ᠃ ᠦᠨᠡᠨ ᠳᠤ ᠪᠠᠨ ᠶᠤᠰᠤ ᠮᠤᠷᠠᠯ ᠤᠨ ᠭᠦᠮᠦᠵᠢᠯ ᠢ ᠠᠯᠢ ᠡᠷᠳᠡ ᠭᠢᠪᠠᠯ ᠠᠯᠢ ᠰᠠᠢ᠌ᠨ ᠪᠠᠢ᠌ᠳᠠᠭ᠃ ᠡᠷᠳᠡᠨ ᠤ ᠰᠤᠷᠭᠠᠨ ᠭᠦᠮᠦᠵᠢᠯ ᠤᠨ ᠵᠢᠳᠭᠦᠯᠳᠡᠨ ᠺᠦᠩᠽᠢ᠄ 《ᠮᠤᠳᠤ ᠶᠢ ᠵᠠᠰᠠᠬᠤ ᠳᠤ ᠨᠢᠷᠠᠢ ᠡᠴᠠ ᠨᠢ᠂ ᠭᠦᠮᠤᠨ ᠢ ᠰᠤᠷᠭᠠᠬᠤ ᠳᠤ ᠪᠠᠭ᠎ᠠ ᠡᠴᠠ ᠨᠢ》 ᠭᠡᠵᠤ ᠭᠡᠯᠡᠭ᠍ᠰᠡᠨ ᠪᠠᠢ᠌ᠳᠠᠭ᠃ ᠮᠠᠨ ᠤ ᠮᠤᠩᠭ᠋ᠤᠯ ᠤᠨ ᠵᠣᠢ᠌ᠷ ᠰᠠᠴᠠᠨ ᠥᠭᠡᠨ ᠳᠤ ᠴᠤ 《ᠭᠦᠮᠤᠨ ᠪᠣᠯᠬᠤ ᠪᠠᠭ᠎ᠠ ᠡᠴᠠ ᠪᠠᠨ᠂ ᠭᠦᠯᠦᠭ᠌ ᠪᠣᠯᠬᠤ ᠣᠨᠠᠭᠠᠨ ᠡᠴᠠ ᠪᠠᠨ》 ᠭᠡᠵᠤ ᠪᠠᠢ᠌ᠳᠠᠭ ᠪᠢᠰᠢᠤ᠃ ᠡᠢ᠌ᠮᠤ ᠡᠴᠠ ᠵᠠᠯᠠᠭᠤ ᠡᠴᠢᠭᠡ ᠡᠭᠡ ᠪᠣᠯᠤᠭᠰᠠᠤᠨ ᠬᠡᠦᠬᠡᠳ ᠤᠨ ᠶᠢᠡᠨ ᠶᠤᠰᠤ ᠮᠤᠷᠠᠯ ᠤᠨ ᠭᠦᠮᠦᠵᠢᠯ ᠢ ᠪᠠᠭ᠎ᠠ ᠡᠴᠠ ᠨᠢ ᠱᠠᠯᠠᠪᠳᠠᠨ ᠭᠢᠭᠦ ᠶᠢ ᠣᠮᠳᠤᠭᠠᠢ᠌ᠯᠠᠵᠤ ᠪᠣᠯᠤᠰᠢ ᠦᠭᠡᠶ᠃


ᠵᠤᠬᠢᠶᠠᠭᠴᠢ ᠶᠢᠨ ᠬᠠ‍‌ᠶᠢᠭ ᠄ ᠦᠣᠰᠢᠨ ᠬᠤᠰᠢᠭᠤᠨ ᠤ ᠮᠤᠩᠭ᠋ᠤᠯ ᠬᠡᠦᠬᠡᠳ ᠤᠨ ᠴᠡᠴᠡᠷᠯᠢᠭ᠌

ᠵᠤᠬᠢᠶᠠᠭᠴᠢ᠄ ᠴᠢᠩ ᠮᠸᠢ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2518
ᠴᠠᠭ᠄ 2013 ᠤᠨ ᠤ 07 ᠰᠠᠷ᠎ᠠ ᠶᠢᠨ 12