ᠲᠦᠰᠢᠶᠠᠳᠤ ᠮᠢᠨᠤ

ᠡᠶ᠎ᠡ ᠬᠤᠩᠭ᠋ᠤᠷ ᠳᠠᠭᠤ ᠪᠠᠷ ᠣᠭᠢᠯᠠᠩᠨᠠᠨ ᠮᠡᠡᠳᠦᠯᠡᠭᠦ ᠳ᠋ᠤ

ᠡᠵᠢ ᠶᠢᠨ ᠪᠦᠪᠠᠢ ᠪᠠᠷ ᠠᠶᠠᠯᠤᠨ ᠳᠤᠰᠤᠭᠰᠠᠨ

ᠦᠪ ᠰᠤᠶᠤᠯ ᠤᠨ ᠵᠢᠷᠭᠠᠯ ᠢ ᠠᠮᠳᠠᠯᠠᠬᠤ ᠳ᠋ᠤ

ᠡᠴᠢᠭᠡ ᠶᠢᠨ ᠮᠦᠰᠢᠶᠠᠳᠤ ᠪᠠᠷ ᠬᠠᠨᠤᠮᠰᠢᠨ ᠪᠠᠶᠠᠰᠤᠭᠰᠠᠨ

ᠵᠢᠷᠦᠭᠡᠨ ᠤ ᠭᠤᠸ᠎ᠠ ᠲᠦᠰᠢᠶᠠᠳᠤ ᠮᠢᠨᠤ

ᠵᠠᠶᠠᠭᠠᠨ ᠤ ᠬᠤᠪᠢᠯᠭᠠᠨ ᠳᠡᠭ᠍ᠷᠢ ᠮᠢᠨᠤ ︕


ᠣᠮᠤᠭ ᠤᠨ ᠰᠠᠭᠢᠭᠤᠰᠤ ᠳᠤᠭᠰᠢᠷᠠᠵᠤ

ᠣᠮᠤᠷᠬᠠᠵᠤ ᠶᠠᠪᠣᠭᠰᠠᠨ ᠮᠦᠴᠡ ᠳ᠋ᠤ

ᠠᠭᠤᠳᠠᠮ ᠪᠠᠭᠳᠠᠭᠠᠮᠵᠢᠳᠤ ᠬᠠᠯᠠᠭᠤᠨ ᠣᠪᠣᠷ ᠵᠢᠠᠷ

ᠬᠠᠯᠠᠮᠵᠢᠯᠠᠵᠤ ᠰᠤᠷᠭᠠᠭᠰᠠᠨ ᠪᠠᠭᠰᠢ ᠮᠢᠨᠤ

ᠣᠬᠠᠭᠠᠨ ᠤ ᠳᠤᠯᠢ ᠪᠣᠵᠠᠷᠳᠠᠨ

ᠪᠠᠯᠠᠷᠳᠠᠵᠤ ᠶᠠᠪᠣᠭᠰᠠᠨ ᠴᠠᠭ ᠳᠤ

ᠣᠶᠠᠬᠠᠨ ᠪᠦᠪᠠᠢ ᠠᠶᠠᠯᠭᠤ ᠪᠠᠷ

ᠠᠷᠭᠠᠳᠠᠵᠤ ᠰᠤᠷᠭᠠᠭᠰᠠᠨ ᠡᠵᠢ ᠮᠢᠨᠤ


ᠭᠠᠵᠠᠷ ᠤᠨ ᠬᠤᠯᠠ ᠡᠴᠠ ᠡᠮᠢᠶᠡᠨ

ᠵᠤᠷᠢᠭ ᠠᠯᠳᠠᠭᠰᠠᠨ ᠦᠶ᠎ᠡ ᠳ᠋ᠤ

ᠭᠠᠳᠠ ᠮᠠᠢ᠌ᠷᠠᠨ ᠢ ᠳᠠᠭᠤᠯᠠᠨ ᠰᠤᠷ ᠭᠡᠵᠤ

ᠰᠦᠰᠦ ᠬᠠᠢ᠌ᠷᠠᠯᠠᠳᠠᠭ ᠡᠴᠢᠭᠡ ᠮᠢᠨᠤ

ᠳᠠᠰᠬᠠᠯ ᠳᠠᠭᠠᠭᠠᠯᠪᠣᠷᠢ ᠳᠤ ᠪᠠᠨ ᠬᠠᠱᠠᠩᠳᠠᠨ

ᠪᠠᠭᠰᠢ ᠪᠠᠨ ᠠᠭᠤᠷᠯᠠᠭᠤᠯᠬᠤ ᠴᠠᠭ ᠳᠤ

ᠪᠢᠴᠢᠭ᠌ ᠤᠨ ᠪᠠᠯᠠᠢ ᠪᠣᠯ ᠰᠤᠬᠤᠷ ᠭᠡᠵᠤ

ᠴᠡᠭᠡᠵᠢᠯᠡᠭᠦᠯᠵᠤ ᠰᠤᠷᠭᠠᠭᠰᠠᠨ ᠨᠠᠷᠠᠨ ᠮᠢᠨᠤ


ᠬᠤᠯᠠ ᠤᠢ᠌ᠷ᠎ᠡ ᠳᠤ ᠪᠠᠨ

ᠬᠤᠷᠳᠤᠨ ᠮᠤᠷᠢᠳᠠᠨ ᠤ ᠥᠯᠦᠭᠡᠢ ᠴᠤᠯᠠ ᠳᠠᠢ

ᠬᠤᠰᠢᠭᠤ ᠨᠤᠳᠤᠭ ᠲᠤ ᠪᠠᠨ

ᠬᠤᠭᠤᠷ ᠤᠨ ᠡᠭᠡᠰᠢᠭ᠌ ᠤᠨ ᠠᠶᠠᠯᠭᠤ ᠳᠠᠢ

ᠠᠭᠤᠳᠠᠮ ᠭᠡᠪᠠᠯᠢ ᠳᠤ ᠪᠠᠨ

ᠪᠠᠳᠤᠴᠠᠭᠠᠨ ᠤ ᠣᠢ ᠳᠠᠢ

ᠡᠮᠤᠨ᠎ᠡ ᠬᠤᠷᠮᠤᠢ ᠳᠤ ᠪᠠᠨ

ᠴᠢᠠᠳᠠᠮᠤᠨᠢ ᠠᠭᠤᠯᠠ ᠶᠢᠨ ᠭᠦᠰᠢᠶ᠎ᠡ ᠳᠠᠢ

ᠬᠠᠢ᠌ᠷ᠎ᠠ ᠶᠢᠨ ᠡᠭᠡᠰᠢᠭ᠌ ᠴᠢᠪᠬᠠᠳᠠᠭᠰᠠᠨ

ᠬᠠᠳᠤᠨ ᠬᠤᠤᠯᠢᠨ ᠤ ᠱᠤᠤᠭᠢᠶ᠎ᠠ ᠲᠡᠶ

ᠬᠤᠯᠠ ᠶᠢᠨ ᠵᠤᠴᠢᠨ ᠶᠢᠡᠨ ᠣᠭᠳᠤᠭᠰᠠᠨ

ᠬᠠᠩᠭ᠋ᠠᠯ ᠴᠥᠭᠦᠷᠦᠮ ᠤᠨ ᠦᠵᠡᠮᠵᠢ ᠲᠡᠶ

ᠢᠵᠠᠭᠤᠷ ᠣᠷᠠᠯᠢᠭ ᠶᠢᠡᠨ ᠱᠤᠭᠤᠳᠪᠣᠷᠢᠯᠠᠭᠰᠠᠨ

ᠠᠠᠳᠠᠢ ᠪᠦᠵᠢᠭ᠌ ᠤᠨ ᠳᠠᠭᠤᠯᠠᠯᠳᠠᠢ

ᠠᠯᠠᠤᠰ ᠤᠨ ᠪᠠᠷ᠎ᠠ ᠳᠤ ᠰᠥᠡᠳᠡᠷᠯᠡᠭ᠍ᠰᠡᠨ

ᠬᠠᠨ ᠠᠭᠤᠯᠠ ᠶᠢᠨ ᠳᠤᠮᠤᠭ ᠲᠡᠶ

ᠰᠢᠨ᠎ᠡ ᠪᠠᠷ ᠪᠠᠢ᠌ᠭᠤᠯᠤᠭᠰᠠᠨ ᠲᠦᠰᠢᠶᠠᠳᠤ ᠮᠦᠽᠧᠢ

ᠰᠢᠩᠬᠤᠨ ᠨᠠᠷᠠᠨ ᠳᠤ ᠭᠢᠯᠠᠯᠵᠠᠨ᠎ᠠ

ᠰᠢᠨ᠎ᠡ ᠵᠠᠮ ᠤᠨ ᠬᠠᠮᠠᠭᠠᠯᠠᠯᠳᠠ ᠶᠢᠨ ᠣᠢ ᠳ᠋ᠤ

ᠰᠢᠠᠵᠢᠯᠠᠯ ᠤᠨ ᠦᠷᠳᠡᠭᠡ ᠪᠠᠢ᠌ᠭᠤᠯᠤᠭᠳᠠᠨ᠎ᠠ

ᠦᠨᠳᠦᠷ ᠬᠤᠷᠳᠤᠴᠠᠳᠤ ᠵᠠᠰᠠᠮᠠᠯ ᠵᠠᠮ

ᠦᠷᠤᠨ᠎ᠡ ᠳᠤᠷᠤᠨ᠎ᠠ ᠶᠢ ᠬᠤᠯᠪᠣᠨ᠎ᠠ

ᠡᠶ᠎ᠡ ᠨᠠᠢ᠌ᠷ ᠤᠨ ᠡᠭᠡᠰᠢᠭ᠌ ᠬᠤᠯᠪᠣᠭ᠎ᠠ

ᠳᠦᠷᠪᠠᠨ ᠣᠳᠠᠰᠤᠳᠤ ᠪᠠᠷ ᠳᠠᠮᠵᠢᠨ᠎ᠠ

ᠠᠰᠠᠨ ᠳᠦᠷᠡᠯᠵᠡᠭ᠍ᠰᠡᠨ ᠬᠠᠢ᠌ᠷ᠎ᠠ ᠶᠢᠨ ᠭᠠᠯ

ᠠᠰᠠᠨ᠎ᠠ ᠳᠠᠯᠠᠪᠣᠷ ᠲᠤ ᠦᠷᠪᠢᠰᠤᠨ᠎ᠡ

ᠠᠪᠣᠷᠭᠤ ᠦᠨᠳᠦᠷ ᠪᠠᠷᠢᠯᠭ᠎ᠠ ᠶᠢᠨ ᠠᠰᠠᠷ ᠤᠳ

ᠡᠩ ᠵᠢᠭ᠍ᠳᠡᠷᠡᠨ ᠰᠦᠮᠪᠦᠷᠯᠠᠨ᠎ᠡ

ᠳᠠᠯ᠎ᠠ ᠶᠢᠨ ᠬᠡᠦᠬᠡᠳ ᠶᠢᠡᠨ ᠭᠦᠮᠦᠵᠢᠭᠦᠯᠦᠭ᠍ᠰᠡᠨ

ᠳᠠᠪᠤᠨ ᠪᠣᠰᠤᠭ᠎ᠠ ᠮᠤᠩᠭ᠋ᠤᠯ ᠰᠤᠷᠭᠠᠭᠤᠯᠢ

ᠳᠡᠭ᠍ᠷᠢ ᠶᠢᠨ ᠠᠭᠤᠳᠠᠮ ᠢ ᠭᠠᠢ᠌ᠬᠠᠭᠤᠯᠤᠭᠰᠠᠨ

ᠲᠦᠰᠢᠶᠠᠳᠤ ᠳᠠᠯᠠᠪᠣᠷ ᠤᠨ ᠰᠦᠷᠯᠢᠭ᠌ ᠦᠵᠡᠮᠵᠢ

ᠣᠤᠪᠠ ᠶᠢᠨ ᠳᠡᠦᠭᠡ ᠶᠢ ᠮᠡᠳᠡᠭᠦᠯᠦᠭ᠍ᠰᠡᠨ

ᠳᠠᠯᠠᠪᠣᠷ ᠤᠨ ᠬᠠᠵᠠᠭᠤᠳᠠᠭᠢ ᠡᠷᠳᠡᠨᠢᠨ ᠴᠢᠯᠠᠭᠤ

ᠤᠳᠬ᠎ᠠ ᠶᠢᠨ ᠭᠦᠨ ᠢ ᠳᠠᠨᠢᠭᠤᠯᠤᠭᠰᠠᠨ

ᠣᠶᠠᠩᠭ᠋᠎ᠠ ᠶᠢᠨ ᠰᠠᠢ᠌ᠬᠠᠨ ᠰᠤᠶᠤᠯ ᠤᠨ ᠦᠷᠳᠡᠭᠡ

ᠬᠠᠪᠣᠳᠤ ᠡᠪᠦᠭᠡ ᠪᠠᠨ ᠱᠤᠭᠤᠨ ᠠᠮᠢᠯᠠᠭᠤᠯᠤᠭᠰᠠᠨ

ᠬᠠᠰᠢᠷ ᠣᠷᠠᠯᠢᠭᠴᠢᠨ ᠲᠡᠶ ᠲᠦᠰᠢᠶᠠᠳᠤ ᠮᠢᠨᠤ

ᠬᠠᠨ ᠰᠤᠶᠤᠯ ᠶᠢᠡᠨ ᠮᠥᠩᠭᠡᠯᠡᠨ ᠳᠡᠭᠡᠳᠦᠯᠡᠭ᠍ᠰᠡᠨ

ᠬᠠᠠᠳᠢᠪ ᠮᠥᠩᠭᠡ ᠲᠦᠰᠢᠶᠠᠳᠤ ᠮᠢᠨᠤ

ᠠᠷᠪᠠᠨ ᠨᠢ᠋ᠮᠠᠨ ᠣᠪᠣᠭᠠᠨ ᠴᠢᠯᠠᠭᠤ

ᠠᠭᠤᠤ ᠲᠦᠰᠢᠶᠠᠳᠤ ᠶᠢᠨ ᠪᠠᠯᠭᠡ ᠳᠡᠮᠳᠡᠭ᠌

ᠠᠷᠠᠤᠨ ᠤᠨ ᠬᠤᠭᠤᠷᠴᠢ ᠭᠠᠠᠵᠤᠷ ᠤᠨ

ᠠᠶᠠᠯᠭᠤᠨ ᠳᠤᠮᠳᠠᠭᠢ ᠵᠦᠩᠨᠠᠯ ︕


ᠲᠦᠯᠢᠶᠠᠮᠤᠳᠤ ᠶᠢᠨ ᠰᠠᠨ ᠯᠦᠩ ᠱᠠᠨ

ᠳᠡᠭ᠍ᠷᠢ ᠪᠠᠭᠠᠳᠠᠨᠠᠨ ᠰᠥᠡᠳᠡᠷᠯᠡᠭᠡᠳ

ᠭᠤᠤᠯ ᠤᠨ ᠪᠠᠢ᠌ᠰᠢᠩ ᠤᠨ ᠬᠠᠷ᠎ᠠ ᠠᠷᠢᠭᠢ

ᠬᠠᠷᠢ ᠶᠢᠨ ᠳᠡᠯᠭᠡᠭᠦᠷ ᠲᠤ ᠳᠡᠯᠭᠡᠭ᠍ᠳᠡᠭᠦᠢ

ᠬᠤᠶᠠᠷ ᠰᠤᠮᠤ ᠶᠢᠨ ᠵᠠᠬ᠎ᠠ ᠶᠢᠨ ᠳᠡᠯᠭᠡᠭᠦᠷ

ᠬᠤᠰᠢᠭᠤ ᠨᠤᠳᠤᠭ ᠲᠤ ᠪᠠᠨ ᠠᠯᠳᠠᠷᠰᠢᠭᠠᠤᠨ

ᠪᠠᠶᠠᠠᠮᠠᠩᠬ᠎ᠠ ᠶᠢᠨ ᠪᠠᠶᠠᠵᠢᠯ ᠭᠦᠭ᠍ᠵᠢᠯ

ᠪᠠᠳᠠᠭ ᠰᠢᠯᠦᠭ᠌ ᠲᠤ ᠰᠤᠯᠤᠩᠭ᠋ᠠᠷᠠᠬᠤᠢ

ᠭᠦᠡᠳᠡᠯᠡᠨ ᠨᠤᠳᠤᠭ ᠤᠨ ᠭᠦᠭ᠌ ᠣᠶᠠᠩᠭ᠋᠎ᠠ

ᠭᠦᠳᠡᠭᠡ ᠰᠤᠶᠤᠯ ᠶᠢᠡᠨ ᠡᠷᠭᠦᠭᠡᠳ

ᠳᠠᠢ᠌ᠴᠢᠠᠳᠠᠯ᠎ᠠ ᠶᠢᠨ ᠪᠠᠳᠤᠴᠠᠭᠠᠨ

ᠳᠠᠶᠠᠩ ᠤᠨ ᠰᠤᠨᠤᠷ ᠲᠤ ᠣᠶᠠᠩᠭ᠋ᠠᠷᠠᠬᠤᠨ

ᠳᠠᠪᠰᠢᠯᠳᠤ ᠰᠠᠢ᠌ᠳᠠᠢ ᠪᠠᠶᠠᠠᠨᠠᠭᠤᠷ

ᠡᠷᠡᠨ ᠤ ᠵᠢᠪᠬᠤᠭ᠎ᠠ ᠲᠡᠶ ᠳᠡᠩᠭᠡᠢ᠌ᠨ᠎ᠡ

ᠡᠶ᠎ᠡ ᠬᠤᠩᠭ᠋ᠤᠷ ᠳᠠᠭᠤ ᠪᠠᠷ ᠣᠭᠢᠯᠠᠩᠨᠠᠨ ᠮᠡᠡᠳᠦᠯᠡᠭᠦ ᠳ᠋ᠤ

ᠡᠵᠢ ᠶᠢᠨ ᠪᠦᠪᠠᠢ ᠪᠠᠷ ᠠᠶᠠᠯᠤᠨ ᠳᠤᠰᠤᠭᠰᠠᠨ

ᠦᠪ ᠰᠤᠶᠤᠯ ᠤᠨ ᠵᠢᠷᠭᠠᠯ ᠢ ᠠᠮᠳᠠᠯᠠᠬᠤ ᠳ᠋ᠤ

ᠡᠴᠢᠭᠡ ᠶᠢᠨ ᠮᠦᠰᠢᠶᠠᠳᠤ ᠪᠠᠷ ᠬᠠᠨᠤᠮᠰᠢᠨ ᠪᠠᠶᠠᠰᠤᠭᠰᠠᠨ

ᠵᠢᠷᠦᠭᠡᠨ ᠤ ᠭᠤᠸ᠎ᠠ ᠲᠦᠰᠢᠶᠠᠳᠤ ᠮᠢᠨᠤ

ᠵᠠᠶᠠᠭᠠᠨ ᠤ ᠬᠤᠪᠢᠯᠭᠠᠨ ᠳᠡᠭ᠍ᠷᠢ ᠮᠢᠨᠤ ︕



ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠪᠠᠶᠠᠠᠬᠤᠰᠢᠭᠤ ᠳᠦᠷᠪᠠᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1623
ᠴᠠᠭ᠄ 2011 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ