ᠢᠯᠡᠴᠢᠯᠡᠭᠦ ᠡᠷᠭᠡ ᠥᠭᠡᠢ

ᠳᠦᠴᠢ ᠭᠠᠷᠤᠭᠰᠠᠨ ᠡᠷ᠎ᠡ ᠳᠤ

ᠳᠤᠷᠠᠯᠠᠵᠤ ᠳᠤᠭᠳᠤᠯᠬᠤ ᠰᠠᠤᠠᠭᠢᠯ ᠤᠨ

ᠳᠦᠭᠦᠷᠡᠩ ᠳᠠᠷᠤᠭᠰᠠᠨ ᠬᠠᠢ᠌ᠷ᠎ᠠ ᠶᠢᠨ

ᠴᠢᠮᠡᠭᠡ ᠨᠢ ᠳᠠᠩᠴᠢ ᠬᠤᠯᠠᠬᠠᠨ᠃

ᠳᠦᠷᠪᠡᠨ ᠪᠠᠷᠭᠡ ᠦᠬᠢᠳ ᠲᠡᠭᠡᠨ

ᠰᠢᠪᠰᠢᠭ᠌ ᠮᠠᠳᠤ ᠨᠢᠭᠤᠴᠢᠯᠠᠵᠤ

ᠳᠦᠷᠪᠡᠨ ᠣᠯᠠᠷᠢᠯ ᠤᠨ ᠠᠯᠢᠨ ᠳᠤᠨᠢ ᠴᠤ

ᠥᠭᠡ ᠠᠯᠳᠠᠬᠤ ᠦᠭᠡᠶ ᠬᠠᠢ᠌ᠷᠠᠨ᠃

ᠳᠤᠷᠳᠤᠮ ᠠᠯᠴᠢᠭᠤᠷ ᠤᠨ ᠥᠵᠦᠭᠦᠷ ᠢ

ᠬᠠᠢ᠌ᠷ᠎ᠠ ᠪᠠᠷ ᠵᠠᠩᠭᠢᠯᠠᠵᠤ ᠥᠵᠡᠭᠦ ᠰᠠᠨ

ᠳᠤᠳᠠᠭᠤ ᠣᠷᠭᠢᠭᠰᠠᠨ ᠰᠢᠯᠦᠭ᠌ ᠶᠢᠡᠨ

ᠢᠳᠡᠭᠡᠯ ᠰᠢ᠌ᠦᠡᠭᠡᠵᠤ ᠣᠷᠭᠢᠬᠤ ᠰᠠᠨ᠃

ᠠᠷᠠᠤᠨ ᠤᠨ ᠰᠠᠢ᠌ᠬᠠᠨ ᠳᠠᠭᠤᠨ ᠳᠤ

ᠪᠠᠳᠠᠭ ᠨᠠᠮᠠᠵᠤ ᠳᠠᠭᠤᠯᠠᠬᠤ ᠰᠠᠨ᠃

ᠠᠮᠠᠷᠠᠭ ᠨᠢ ᠪᠣᠯᠵᠤ ᠵᠡᠭᠦᠳᠦᠯᠡᠭᠦ ᠶᠢ

ᠨᠢᠭᠡ ᠴᠤ ᠣᠳᠠᠭ᠎ᠠ ᠥᠵᠡᠭᠦ ᠰᠠᠨ᠃

ᠡᠡᠭ᠌ ᠤᠨ ᠳᠦᠯᠭᠡᠨ ᠠᠭᠠᠰᠢᠨ ᠳᠤᠨᠢ

ᠡᠭᠡᠰᠢᠭ᠌  ᠨᠡᠮᠡᠵᠤ ᠬᠠᠢ᠌ᠷᠠᠯᠠᠭᠰᠠᠨ

ᠡᠩᠭᠦᠷᠡᠢ ᠰᠠᠢ᠌ᠬᠠᠨ ᠳᠦᠷᠢ ᠨᠢ

ᠪᠣᠳᠤᠯ ᠳᠠᠮᠵᠢᠵᠤ ᠨᠠᠯᠣᠢ᠌ᠭᠰᠠᠨ

ᠣᠶᠠᠷᠠᠯ ᠣᠴᠠᠷᠠᠯ ᠤᠨ ᠭᠦᠦᠷ

ᠨᠠᠳᠠ ᠡᠴᠡ ᠬᠤᠯᠠᠳᠠᠵᠤ ᠰᠠᠪᠠᠯᠠᠭᠰᠠᠨ

ᠤᠬᠠᠭᠠᠨ  ᠲ᠋ᠡᠩᠳᠡᠭᠦᠤ ᠬᠠᠷᠠᠴᠠ ᠳᠤᠨᠢ

ᠤᠨᠳᠡᠯᠭ᠎ᠠ ᠨᠢᠭᠡ ᠠᠯᠳᠠᠭᠤᠯᠤᠭᠰᠠᠨ ᠶ‍ᠦᠮ᠃

ᠡᠷᠭᠢᠵᠤ ᠭᠦᠷᠪᠠᠭᠦ ᠠᠮᠢᠳᠤᠷᠠᠯ ᠢ

ᠡᠪᠯᠡᠭᠦᠯᠵᠤ ᠠᠷᠭᠠᠳᠠᠬᠤ ᠭᠡᠰᠡᠨ ᠶᠤᠮ᠃

ᠳᠦᠯᠭᠡᠨ ᠨᠢᠳᠤ ᠶᠢᠨ ᠬᠠᠷᠠᠴᠠᠨ ᠳᠤ

ᠰᠥᠭᠦᠳᠴᠤ ᠣᠶᠠᠷᠠᠬᠤ ᠭᠡᠰᠡᠨ ᠶᠤᠮ᠃

ᠳᠦᠴᠢ ᠭᠠᠷᠤᠭᠰᠠᠨ ᠡᠷ᠎ᠡ ᠳᠤ ᠪᠢ

ᠬᠠᠢ᠌ᠷᠠᠯᠠᠭᠤᠯᠵᠤ ᠨᠢᠭᠡ ᠥᠵᠡᠭᠦ ᠭᠡᠰᠡᠨ ᠶᠤᠮ᠃

ᠭᠦᠷᠴᠤ ᠪᠣᠯᠤᠮ᠎ᠠ ᠦᠭᠡᠶ ᠭᠢᠰᠠᠭᠠᠯ ᠳᠠᠭᠠᠨ

ᠭᠦᠡᠳᠦᠯᠡᠭᠦᠯᠵᠤ  ᠭᠤᠮᠤᠳᠡᠬᠤ ᠭᠡᠰᠡᠨ ᠶᠤᠮ᠃

ᠭᠦᠭᠯᠡᠭᠡᠷ ᠣᠷᠴᠢᠯᠠᠩ ᠡᠴᠡ

ᠣᠬᠠᠭᠠᠨ ᠭᠤᠶᠤᠬᠤ ᠭᠡᠰᠡᠨ ᠶᠤᠮ᠃

ᠳᠡᠩᠳᠡᠭᠦᠤ ᠵᠤᠪᠠᠭᠰᠠᠨ ᠳᠤᠬᠤ ᠶᠢᠨ ᠭᠢᠨᠢ

ᠥᠷᠴᠢᠯᠡᠭᠡ ᠪᠦᠷᠢ ᠳᠤ ᠨᠢᠭᠤᠭᠳᠠᠬᠤ ᠭᠡᠰᠡᠨ ᠶ‍ᠦᠮ᠃

ᠳᠡᠯᠡᠭᠡᠢ ᠶᠢᠨ ᠴᠢᠨᠡᠭᠡᠨ ᠨᠦᠮᠦᠷᠢ ᠳ᠋ᠤᠨᠢ

ᠭᠡᠰᠡᠭ᠌ ᠬᠤᠷᠤᠮ ᠬᠤᠷᠭᠤᠳᠠᠬᠤ ᠭᠡᠰᠡᠨ ᠶᠤᠮ᠃

ᠣᠷᠤᠭᠤᠯ ᠳᠠᠪᠠᠬᠤ ᠦᠭᠡᠶ ᠬᠠᠢ᠌ᠷ᠎ᠠ ᠶᠢ

ᠨᠢᠭᠤᠵᠤ ᠠᠷᠭᠠᠳᠠᠬᠤ ᠭᠡᠰᠡᠨ ᠶᠤᠮ᠃

ᠨᠠᠰᠤᠨ ᠤ ᠵᠦᠷᠢᠶ᠎ᠠ ᠲᠡᠶ ᠬᠠᠢ᠌ᠷ᠎ᠠ ᠳᠤ

ᠣᠶᠠᠷᠠᠵᠤ ᠮᠡᠳᠡᠭᠦ ᠭᠡᠰᠡᠨ ᠶᠤᠮ᠃

ᠨᠠᠳᠠ ᠡᠴᠡ ᠥᠭᠡᠷ᠎ᠡ ᠴᠤ ᠦᠭᠡᠶ

ᠵᠤᠪᠠᠬᠤ ᠰᠠᠤᠠᠭᠢᠯ ᠳ᠋ᠤᠨᠢ ᠳᠤᠨᠤᠬᠤ ᠭᠡᠰᠡᠨ ᠶ‍ᠦᠮ᠃

ᠳᠦᠴᠢ ᠭᠠᠷᠤᠭᠰᠠᠨ ᠡᠷ᠎ᠡ ᠳᠤ

ᠳᠤᠷᠠᠯᠠᠵᠤ ᠳᠤᠭᠳᠤᠯᠬᠤ ᠰᠠᠤᠠᠭᠢᠯ ᠤᠨ

ᠳᠦᠭᠦᠷᠡᠩ ᠳᠠᠷᠤᠭᠰᠠᠨ ᠬᠠᠢ᠌ᠷ᠎ᠠ ᠶᠢᠨ

ᠴᠢᠮᠡᠭᠡ ᠨᠢ ᠳᠠᠩᠴᠢ ᠬᠤᠯᠠᠬᠠᠨ᠃

ᠳᠦᠷᠪᠡᠨ ᠪᠠᠷᠭᠡ ᠦᠬᠢᠳ ᠲᠡᠭᠡᠨ

ᠰᠢᠪᠰᠢᠭ᠌ ᠮᠠᠳᠤ ᠨᠢᠭᠤᠴᠢᠯᠠᠵᠤ

ᠳᠦᠷᠪᠡᠨ ᠣᠯᠠᠷᠢᠯ ᠤᠨ ᠠᠯᠢᠨ ᠳᠤᠨᠢ ᠴᠤ

ᠥᠭᠡ ᠠᠯᠳᠠᠬᠤ ᠦᠭᠡᠶ ᠬᠠᠢ᠌ᠷᠠᠨ᠃

ᠵᠤᠬᠢᠶᠠᠭᠴᠢ᠄ ᠪᠠ᠊·ᠰᠠᠷᠠᠠᠳᠤᠶᠠᠭ᠎ᠠ
ᠬᠠᠷᠢᠶ᠎ᠠ᠄ ᠰᠢᠯᠦᠭ
ᠳᠠᠷᠤᠮ᠄ 2907
ᠴᠠᠭ᠄ 2005 ᠤᠨ ᠤ 08 ᠰᠠᠷ᠎ᠠ ᠶᠢᠨ 04