ᠤᠰᠤ ᠡᠭᠦᠷᠳᠡᠭ᠌ ᠡᠪᠦᠯᠵᠢᠶᠡᠨ ᠤ ᠪᠠᠭᠤᠷᠢ

ᠬᠤᠳᠠᠨ ᠵᠠᠬ᠎ᠠ ᠡᠴᠠ ᠰᠠᠮᠠᠷᠠᠨ ᠪᠠᠯᠴᠢᠭᠦ ᠮᠠᠯ ᠶᠢᠡᠨ

ᠬᠤᠮᠢᠷᠠᠭᠤᠯᠠᠨ ᠬᠤᠷᠢᠶᠠᠭᠠᠤᠨ ᠠᠮᠢᠰᠬᠤᠵᠤ ᠢᠷᠡᠭᠦ ᠳ᠋ᠤ

ᠬᠤᠷᠭᠠᠰᠤ ᠦᠷᠤᠪᠳᠠᠨ ᠳᠦᠷᠵᠢᠭᠢᠨᠡᠭᠦ ᠭᠠᠯ

ᠭᠡᠷ ᠤᠨ ᠭᠠᠳᠠᠨ᠎ᠠ ᠰᠤᠨᠤᠰᠳᠠᠨ᠎ᠠ

ᠳᠤᠩᠪᠣ ᠰᠠᠭᠤᠯᠭ᠎ᠠ ᠪᠠᠨ ᠱᠠᠭᠰᠢᠭᠤᠯᠤᠨ

ᠡᠪᠦᠯᠵᠢᠶᠡᠨ ᠤ ᠭᠤᠤᠯ ᠵᠦᠷᠢᠭᠦ ᠳ᠋ᠤ

ᠳᠤᠭᠵᠢᠭᠠᠷ ᠬᠠᠷ᠎ᠠ ᠭᠦᠯᠦᠭᠡ ᠮᠢᠨᠢ

ᠭᠢᠠᠵᠢ ᠳᠤ ᠣᠭᠵᠤᠷᠠᠭᠳᠠᠨ ᠱᠤᠮᠪᠣᠢ᠌ᠵᠤ ᠬᠤᠴᠤᠷᠤᠨ᠎ᠠ

ᠮᠦᠰᠤᠳᠤ ᠶᠢᠨ ᠭᠤᠤᠯ ᠳᠠᠰ ᠭᠦᠯᠳᠡᠭᠦᠤ

ᠮᠦᠰᠤ ᠴᠠᠪᠴᠢᠭᠰᠠᠨ ᠰᠥᠭᠡ ᠪᠣᠯᠤᠷ ᠰᠠᠴᠤᠵᠤ ᠰᠢᠭᠢᠳᠤᠨ᠎ᠡ ᠁

ᠴᠤᠭᠢᠭᠰᠠᠭᠠᠷ ᠪᠠᠢ᠌ᠳᠠᠯ᠎ᠠ ᠮᠦᠰᠤ ᠭᠡᠨᠡᠳᠭᠡᠨ ᠴᠤᠭᠤᠷᠴᠤ

ᠴᠤᠷᠭᠢᠭᠰᠠᠨ ᠣᠰᠤ ᠭᠤᠯᠭᠤᠳᠠᠨ ᠪᠠᠳᠠᠷᠠᠨ᠎ᠠ

ᠡᠵᠡᠨ ᠯᠤᠤᠰ ᠣᠰᠤ ᠪᠠᠨ ᠱᠤᠷᠭᠢᠭᠤᠯᠤᠨ ᠪᠠᠶᠠᠷᠯᠠᠵᠤ

ᠡᠷᠳᠡ ᠶᠢᠨ ᠨᠠᠷᠠ ᠰᠠᠭᠤᠯᠭᠠᠨ ᠳᠤ ᠴᠠᠯᠭᠢᠨ ᠪᠣᠴᠠᠨ᠎ᠠ

ᠭᠡᠵᠢᠮ ᠨᠤᠤᠰᠤ ᠨᠢ ᠰᠢᠷᠢᠯᠳᠦᠭ᠍ᠰᠡᠨ ᠵᠦᠷᠢᠭᠦᠤ ᠪᠣᠬ᠎ᠠ

ᠭᠦᠮᠤᠨ ᠡᠴᠠ ᠦᠷᠭᠦᠨ ᠰᠦᠷᠦᠭ᠌ ᠵᠥᠭ᠌ ᠶᠢᠡᠨ ᠭᠡᠯᠳᠦᠷᠢᠨ᠎ᠡ

ᠭᠡᠷ ᠤᠨ ᠬᠠᠶᠠᠭ᠎ᠠ ᠳᠦᠭᠦᠳᠡᠯ᠎ᠡ ᠭᠡᠡᠵᠡ ᠪᠣᠷᠤ ᠢᠰᠢᠭᠡ

ᠳᠡᠭ᠍ᠳᠡᠭᠡᠨᠡᠨ ᠢᠷᠡᠭᠡᠳ ᠰᠠᠭᠤᠯᠭ᠎ᠠ ᠲᠡᠶ ᠣᠰᠤ ᠦᠨᠦᠷᠯᠠᠨ ᠡᠷᠭᠡᠯᠡᠨ᠎ᠡ

ᠡᠭᠦᠷᠦᠭ᠍ᠰᠡᠨ ᠣᠰᠤ ᠪᠠᠨ ᠭᠡᠷ ᠤᠨ ᠪᠠᠭᠢᠰ ᠳ᠋ᠤ

ᠱᠠᠯᠢᠩ ᠱᠤᠯᠤᠩ ᠪᠠᠭᠤᠯᠭᠠᠬᠤ ᠳ᠋ᠤ

ᠡᠵᠢ ᠳᠠᠪᠣᠷ᠎ᠠ ᠣᠷᠤᠭᠤ ᠳᠤᠩᠪᠣ ᠳᠤᠩᠭᠣᠢ᠌ᠯᠭᠠᠨ

ᠭᠤᠷᠳᠢ ᠭᠤᠷᠳᠤ ᠭᠡᠳᠡᠯ᠎ᠡ ᠣᠰᠤ ᠳᠦᠭᠦᠷᠭᠡᠨ᠎ᠡ

ᠳᠤᠰᠤᠯ ᠮᠡᠯᠳᠡᠭᠡᠨᠡᠭ᠍ᠰᠡᠨ ᠳᠠᠪᠣᠷ᠎ᠠ ᠪᠠᠨ

ᠵᠤᠤᠬᠠᠨ ᠳᠤ ᠱᠢᠷᠵᠢᠭᠢᠨᠡᠭᠦᠯᠤᠨ ᠨᠡᠷᠡᠭᠦ ᠳ᠋ᠤ

ᠳᠤᠳᠤᠭᠤ ᠶᠢᠨ ᠠᠮᠢᠰᠬᠤᠭ᠎ᠠ ᠰᠢᠭ ᠴᠠᠭᠠᠨ ᠠᠭᠤᠷ

ᠭᠡᠷ ᠤᠨ ᠵᠤᠯᠠᠢ ᠡᠴᠠ ᠪᠣᠷᠭᠢᠯᠠᠨ᠎ᠠ

ᠮᠠᠨ ᠤ ᠭᠡᠷ ᠤᠨ ᠠᠭᠠᠭ ᠲᠡᠶ ᠰᠢᠷᠭᠠᠯ ᠴᠠᠢ ᠳᠠᠷᠭᠢᠵᠤ ᠪᠣᠴᠠᠯᠤᠨ᠎ᠠ

ᠮᠠᠯᠴᠢᠨ ᠠᠢ᠌ᠯ ᠤᠨ ᠠᠮᠢᠳᠤᠷᠠᠯ ᠢᠩᠭᠢᠵᠤ ᠯᠠ ᠡᠭᠢᠯᠡᠨ᠎ᠡ

ᠦᠴᠦᠭᠡᠳᠦᠷᠭᠡᠨ ᠶᠤᠮ ᠰᠢᠭ ᠪᠠᠭ᠎ᠠ ᠶᠢᠨ ᠦᠶ᠎ᠡ ᠮᠢᠨᠢ ᠰᠠᠢ᠌ᠬᠠᠨ

ᠣᠰᠤ ᠡᠭᠦᠷᠳᠡᠭ᠌ ᠪᠠᠢ᠌ᠭᠰᠠᠨ ᠡᠪᠦᠯᠵᠢᠶᠡᠨ ᠤ ᠪᠠᠭᠤᠷᠢ ᠮᠢᠨᠢ ᠳᠤᠯᠠᠭᠠᠬᠠᠨ ᠁



ᠵᠤᠬᠢᠶᠠᠭᠴᠢ ᠶᠢᠨ ᠬᠠ‍‌ᠶᠢᠭ ᠄ ᠳᠡᠯᠡᠭᠡᠢ ᠬᠤᠳᠠ

ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1682
ᠴᠠᠭ᠄ 2011 ᠤᠨ ᠤ 04 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ