ᠶ‍ᠢᠷᠳᠢᠠᠴᠤ ᠶᠢᠨ ᠳᠦᠷᠪᠡ ᠶᠢᠨ ᠵᠢᠭᠰᠠᠯ

ᠳᠦᠷᠪᠡᠨ ᠬᠠᠳᠠᠭᠤ

ᠬᠠᠳᠠᠭᠠᠵᠤ ᠳᠠᠪᠳᠠᠭᠳᠠᠭᠰᠠᠨ ᠪᠣᠯᠤᠳ ᠬᠠᠳᠠᠭᠤ

ᠬᠠᠮᠳᠤᠷᠠᠨ ᠨᠢᠭᠡᠳᠦᠭ᠍ᠰᠡᠨ ᠪᠦᠯᠢ ᠬᠠᠳᠠᠭᠤ

ᠬᠠᠷᠢᠯᠴᠠᠨ ᠨᠢᠭᠳᠠᠷᠠᠭᠰᠠᠨ ᠪᠦᠯᠭᠦᠮ ᠬᠠᠲᠠᠭᠤ

ᠬᠠᠪᠰᠤᠷᠠᠯᠴᠠᠨ ᠪᠦᠷᠢᠯᠳᠦᠭ᠍ᠰᠡᠨ ᠭᠦᠴᠤᠨ ᠬᠠᠳᠠᠭᠤ

ᠳᠦᠷᠪᠡᠨ ᠳᠦᠭᠡᠷᠢᠨ᠎ᠡ

ᠵᠠᠮ ᠮᠡᠳᠡᠭᠦ ᠦᠭᠡᠶ ᠪᠣᠯ ᠠᠶᠠᠨ ᠳᠤ ᠳᠦᠭᠡᠷᠢᠨ᠎ᠡ

ᠵᠠᠷᠴᠢᠮ ᠮᠡᠳᠡᠭᠦ ᠦᠭᠡᠶ ᠪᠣᠯ ᠠᠵᠢᠯ ᠳᠤ ᠳᠦᠭᠡᠷᠢᠨ᠎ᠡ

ᠵᠦᠢ ᠮᠡᠳᠡᠭᠦ ᠦᠭᠡᠶ ᠪᠣᠯ ᠥᠭᠡᠨ ᠳᠤ ᠳᠦᠭᠡᠷᠢᠨ᠎ᠡ

ᠵᠣᠢ᠌ᠳᠠᠰᠤ ᠮᠡᠳᠡᠭᠦ ᠦᠭᠡᠶ ᠪᠣᠯ ᠣᠶᠤᠳᠠᠯ ᠳᠤ ᠳᠦᠭᠡᠷᠢᠨ᠎ᠡ

ᠳᠦᠷᠪᠡᠨ ᠴᠤᠬᠤᠷ

ᠢᠩ ᠳᠤᠭᠤᠷᠢᠭᠰᠠᠨ ᠪᠣᠳᠠᠭ᠎ᠠ ᠴᠤᠬᠤᠷ

ᠢᠯᠡᠭᠦᠤ ᠰᠠᠨᠠᠭᠰᠠᠨ ᠰᠠᠨᠠᠭ᠎ᠠ ᠴᠤᠬᠤᠷ

ᠢᠯᠠᠭ᠎ᠠ ᠰᠠᠭᠤᠭᠰᠠᠨ ᠰᠢᠯ ᠴᠤᠬᠤᠷ

ᠶᠠᠷᠢᠭᠠᠴᠢ ᠶᠠᠪᠣᠭᠰᠠᠨ ᠵᠠᠮ ᠴᠤᠬᠤᠷ

ᠳᠦᠷᠪᠡᠨ ᠮᠥᠩᠭᠡ

ᠠᠭᠯᠠᠭ ᠬᠠᠢ᠌ᠷᠠᠬᠠᠨ ᠳᠤ ᠨᠠᠷᠠᠰᠤ ᠮᠥᠩᠭᠡ

ᠠᠯᠳᠠᠨ ᠥᠯᠦᠭᠡᠢ ᠳᠤ ᠠᠷᠠᠤᠨ ᠮᠥᠩᠭᠡ

ᠠᠰᠤᠷᠢ ᠬᠤᠷᠸ᠎ᠠ ᠳᠤ ᠨᠠᠷᠠᠨ ᠮᠥᠩᠭᠡ

ᠠᠷᠢᠭᠤᠨ ᠣᠢ᠌ᠯᠠᠰ ᠲᠤ ᠦᠨᠡᠨ ᠮᠥᠩᠭᠡ

ᠳᠦᠷᠪᠡᠨ ᠡᠷᠳᠡᠭᠡᠷ

ᠬᠠᠯᠠᠭᠠᠢ ᠢᠳᠡᠭ᠍ᠰᠡᠨ ᠳᠡᠮᠡᠭᠡ ᠡᠷᠳᠡᠭᠡᠷ

ᠬᠠᠭᠠᠰ ᠮᠡᠳᠡᠭ᠍ᠰᠡᠨ ᠭᠦᠮᠤᠨ ᠡᠷᠳᠡᠭᠡᠷ

ᠬᠠᠠᠳᠠᠯ᠎ᠠ ᠣᠤᠭᠤᠭᠰᠠᠨ ᠥᠭᠡᠷ ᠡᠷᠳᠡᠭᠡᠷ

ᠬᠠᠮᠤᠷᠠᠨ ᠢᠳᠡᠭ᠍ᠰᠡᠨ ᠬᠤᠪᠢᠯᠵᠠ ᠡᠷᠳᠡᠭᠡᠷ

ᠳᠦᠷᠪᠡᠨ ᠰᠠᠢ᠌ᠨ

ᠠᠪᠣ ᠡᠵᠢ ᠳᠡᠭᠡᠨ ᠠᠴᠢᠯᠠᠯ ᠲᠡᠶ ᠰᠠᠢ᠌ᠨ

ᠠᠬ᠎ᠠ ᠳᠡᠭᠦᠤ ᠳᠡᠭᠡᠨ ᠡᠨᠡᠷᠢᠯ ᠲᠡᠶ ᠰᠠᠢ᠌ᠨ

ᠠᠠᠳᠠ ᠨᠥᠭᠦᠤᠨ ᠲᠡᠭᠡᠨ ᠪᠦᠯᠭᠦᠮᠳᠡᠯ ᠲᠡᠶ ᠰᠠᠢ᠌ᠨ

ᠠᠮᠠᠷᠠᠭ ᠬᠤᠩᠭ᠋ᠤᠷ ᠲᠠᠭᠠᠨ ᠵᠢᠷᠤᠮ ᠲᠡᠶ ᠰᠠᠢ᠌ᠨ

ᠳᠦᠷᠪᠡᠨ ᠭᠡᠷᠡᠭ᠍ᠳᠡᠢ

ᠠᠪᠠ ᠳᠤ ᠶᠠᠪᠣᠬᠤ ᠳᠤ ᠨᠤᠬᠠᠢ ᠭᠡᠷᠡᠭ᠍ᠳᠡᠢ

ᠠᠳᠤᠭᠤᠨ ᠳᠤ ᠶᠠᠪᠣᠬᠤ ᠳᠤ ᠣᠷᠭ᠎ᠠ ᠭᠡᠷᠡᠭ᠍ᠳᠡᠢ

ᠠᠶᠠᠨ ᠳᠤ ᠶᠠᠪᠣᠬᠤ ᠳᠤ ᠣᠨᠤᠭ᠎ᠠ ᠭᠡᠷᠡᠭ᠍ᠳᠡᠢ

ᠠᠯᠤᠰ ᠲᠤ ᠶᠠᠪᠣᠬᠤ ᠳᠤ ᠭᠦᠨᠡᠰᠤ ᠭᠡᠷᠡᠭ᠍ᠳᠡᠢ

ᠳᠦᠷᠪᠡᠨ ᠮᠠᠭᠤ

ᠠᠯᠵᠠᠭᠤ ᠵᠠᠯᠬᠠᠭᠤ ᠠᠮᠢᠳᠤᠷᠠᠯ ᠳᠤ ᠮᠠᠭᠤ

ᠠᠷᠢᠭᠢ ᠳᠠᠮᠠᠭᠢ ᠪᠠᠶ᠎ᠠ ᠳᠤ ᠮᠠᠭᠤ

ᠠᠷᠭ᠎ᠠ ᠮᠡᠭᠡ ᠣᠢ᠌ᠯᠠᠰ ᠲᠤ ᠮᠠᠭᠤ

ᠠᠳᠠᠭ᠎ᠠ ᠵᠢᠳᠦᠭᠡ ᠪᠦᠯᠭᠦᠮᠳᠡᠯ ᠳᠤ ᠮᠠᠭᠤ

ᠳᠦᠷᠪᠡᠨ ᠮᠠᠭᠤᠬᠠᠢ

ᠠᠪᠣ ᠡᠵᠢ ᠪᠠᠨ ᠬᠠᠷᠢᠶᠠᠵᠤ ᠵᠠᠩᠨᠠᠪᠠᠰᠤ ᠮᠠᠭᠤᠬᠠᠢ

ᠠᠬ᠎ᠠ ᠳᠡᠭᠦᠤ ᠲᠡᠶ ᠪᠠᠨ ᠭᠡᠷᠡᠯᠳᠦᠵᠤ ᠵᠢᠭᠤᠷᠠᠯᠳᠤᠪᠠᠰᠤ ᠮᠠᠭᠤᠬᠠᠢ

ᠠᠷᠢᠭᠢ ᠳᠠᠮᠠᠭᠢ ᠲᠡᠶ ᠰᠢᠨᠤᠵᠤ ᠠᠠᠳᠠᠯᠠᠪᠠᠰᠤ ᠮᠠᠭᠤᠬᠠᠢ

ᠠᠮᠠ ᠨᠡᠭᠡᠭᠡᠮᠡᠭ᠍ᠴᠡ ᠪᠠᠨ ᠬᠠᠷᠢᠶᠠᠯ ᠳᠠᠯᠪᠢᠪᠠᠰᠤ ᠮᠠᠭᠤᠬᠠᠢ

ᠳᠦᠷᠪᠡᠨ ᠬᠠᠷ᠎ᠠ

ᠨᠠᠷᠠ ᠦᠭᠡᠶ ᠡᠳᠦᠷ ᠬᠠᠷ᠎ᠠ

ᠨᠠᠢ᠌ᠷ ᠦᠭᠡᠶ ᠬᠤᠷᠢᠮ ᠬᠠᠷ᠎ᠠ

ᠰᠦ᠋ ᠦᠭᠡᠶ ᠴᠠᠢ ᠬᠠᠷ᠎ᠠ

ᠰᠤᠶᠤᠯ ᠦᠭᠡᠶ ᠭᠦᠮᠤᠨ ᠬᠠᠷ᠎ᠠ

ᠳᠦᠷᠪᠡᠨ ᠬᠠᠷ᠎ᠠ

ᠬᠠᠷᠢᠶᠠᠯᠴᠢ ᠭᠦᠮᠤᠨ ᠤ ᠠᠮᠠ ᠬᠠᠷ᠎ᠠ

ᠬᠠᠷᠠᠮᠴᠢ ᠭᠦᠮᠤᠨ ᠤ ᠭᠠᠷ ᠬᠠᠷ᠎ᠠ

ᠬᠠᠭᠠᠷᠢᠭᠤᠯ ᠳᠤᠭᠤᠭᠠᠨ ᠤ ᠭᠦ ᠬᠠᠷ᠎ᠠ

ᠭᠡᠷᠡᠭᠦᠯᠴᠢ ᠭᠦᠮᠤᠨ ᠤ ᠰᠡᠳᠭᠢᠯ ᠬᠠᠷ᠎ᠠ

ᠳᠦᠷᠪᠡᠨ ᠪᠣᠵᠠᠷ

ᠭᠢᠮᠤᠰᠤᠨ ᠤ ᠊ᠭ᠍‍ᠬᠢᠷ ᠨᠢᠭᠡ ᠪᠣᠵᠠᠷ

ᠬᠤᠯᠠᠭᠠᠢ᠌ᠴᠢ ᠶᠢᠨ ᠭᠠᠷ ᠬᠤᠶᠠᠷ ᠪᠣᠵᠠᠷ

ᠬᠠᠬᠤᠤᠯᠢ ᠢᠳᠡᠭ᠍ᠴᠢ ᠶᠢᠨ ᠠᠮᠠ ᠭᠤᠷᠪᠠᠨ ᠪᠣᠵᠠᠷ

ᠬᠤᠪᠳᠤᠭ ᠭᠦᠮᠤᠨ ᠤ ᠰᠠᠨᠠᠭ᠎ᠠ ᠳᠦᠷᠪᠡᠨ ᠪᠣᠵᠠᠷ

ᠳᠦᠷᠪᠡᠨ ᠰᠤᠯᠠ

ᠳᠠᠪᠣᠰᠤ ᠦᠭᠡᠶ ᠴᠠᠢ ᠰᠤᠯᠠ

ᠰᠤᠷᠭᠠᠯ ᠦᠭᠡᠶ ᠬᠡᠦᠬᠡᠳ ᠰᠤᠯᠠ

ᠬᠠᠵᠠᠭᠠᠷ ᠦᠭᠡᠶ ᠮᠤᠷᠢ ᠰᠤᠯᠠ

ᠡᠷᠴᠢᠮ ᠦᠭᠡᠶ ᠳᠡᠭᠡᠰᠤ ᠰᠤᠯᠠ

ᠳᠦᠷᠪᠡᠨ ᠠᠢ᠌ᠬᠤᠪᠳᠤᠷ

ᠨᠤᠶᠠᠨ ᠭᠦᠮᠤᠨ ᠤ ᠯᠠᠷᠵᠢᠶᠠᠯᠠᠬᠤ ᠨᠢ ᠠᠢ᠌ᠬᠤᠪᠳᠤᠷ

ᠨᠤᠮᠤᠬᠠᠨ ᠮᠤᠷᠢᠨ ᠤ ᠣᠨᠤᠭᠳᠠᠬᠤ ᠨᠢ ᠠᠢ᠌ᠬᠤᠪᠳᠤᠷ

ᠨᠣᠢ᠌ᠳᠠᠨ ᠮᠤᠳᠤᠨ ᠤ ᠬᠠᠵᠠᠢ᠌ᠬᠤ ᠨᠢ ᠠᠢ᠌ᠬᠤᠪᠳᠤᠷ

ᠨᠤᠷ᠎ᠠ ᠡᠯᠡᠰᠤᠨ ᠤ ᠨᠡᠭᠦᠳᠡᠯᠯᠡᠭᠦ ᠨᠢ ᠠᠢ᠌ᠬᠤᠪᠳᠤᠷ

ᠳᠦᠷᠪᠡᠨ ᠠᠭᠤᠰᠳᠠᠭ

ᠠᠯᠢᠮ᠎ᠠ ᠭᠡᠭ᠍ᠴᠢ ᠠᠷᠠᠭᠠᠨ ᠳᠤ ᠠᠭᠤᠰᠳᠠᠭ

ᠠᠮᠳᠠ ᠭᠡᠭ᠍ᠴᠢ ᠭᠡᠯᠡᠨ ᠳᠤ ᠠᠭᠤᠰᠳᠠᠭ

ᠠᠷᠢᠭᠢ ᠭᠡᠭ᠍ᠴᠢ ᠮᠠᠳᠠᠷᠠᠯ ᠳᠤ ᠠᠭᠤᠰᠳᠠᠭ

ᠠᠮᠠᠷᠠᠭ ᠭᠡᠭ᠍ᠴᠢ ᠰᠡᠳᠭᠢᠯ ᠳᠤ ᠠᠭᠤᠰᠳᠠᠭ

ᠳᠦᠷᠪᠡᠨ ᠠᠭᠤᠳᠠᠮ

ᠣᠯᠤᠮ ᠢᠷᠤᠭᠠᠷ ᠦᠭᠡᠶ ᠳᠠᠯᠠᠢ ᠠᠭᠤᠳᠠᠮ

ᠥᠵᠦᠭᠦᠷ ᠭᠢᠵᠠᠭᠠᠷ ᠦᠭᠡᠶ ᠳᠠᠯ᠎ᠠ ᠠᠭᠤᠳᠠᠮ

ᠬᠤᠯᠠ ᠶᠢ ᠬᠠᠷᠠᠪᠠᠯ ᠬᠠᠷᠠᠭ᠎ᠠ ᠠᠭᠤᠳᠠᠮ

ᠬᠤᠵᠢᠮ ᠢ ᠰᠠᠳᠭᠢᠪᠠᠯ ᠴᠡᠭᠡᠵᠢ ᠠᠭᠤᠳᠠᠮ

ᠳᠦᠷᠪᠡᠨ ᠠᠮᠠᠷᠠᠭ

ᠠᠷᠢᠭᠢᠴᠢᠨ ᠳᠤ ᠯᠤᠩᠬᠤ ᠠᠮᠠᠷᠠᠭ

ᠶᠠᠰᠤᠨ ᠳᠤ ᠨᠤᠬᠠᠢ ᠠᠮᠠᠷᠠᠭ

ᠢᠮᠠᠭᠠᠨ ᠳᠤ ᠬᠠᠮᠠᠭᠤ ᠠᠮᠠᠷᠠᠭ

ᠶᠠᠷ᠎ᠠ ᠳᠤ ᠢᠯᠠᠭ᠎ᠠ ᠠᠮᠠᠷᠠᠭ

ᠳᠦᠷᠪᠡᠨ ᠡᠯᠡᠭ᠌

ᠮᠤᠳᠤᠨ ᠭᠦᠷᠵᠡ ᠰᠢᠪᠠᠷ ᠤᠨ ᠡᠯᠡᠭ᠌

ᠮᠤᠬᠤᠷ ᠠᠠᠵᠢᠰᠤ ᠭᠠᠵᠠᠷ ᠤᠨ ᠡᠯᠡᠭ᠌

ᠶᠠᠷᠵᠠᠩ ᠮᠤᠷᠢ ᠡᠮᠡᠭᠡᠯ ᠤᠨ ᠡᠯᠡᠭ᠌

ᠱᠠᠯᠳᠠᠩ ᠭᠦᠮᠤᠨ ᠬᠡᠦᠬᠡᠳ ᠤᠨ ᠡᠯᠡᠭ᠌

ᠳᠦᠷᠪᠡᠨ ᠡᠯᠳᠡᠩ

ᠡᠷ᠎ᠡ ᠦᠭᠡᠶ ᠡᠮ᠎ᠡ ᠡᠯᠳᠡᠩ

ᠡᠵᠡᠨ ᠦᠭᠡᠶ ᠠᠷᠠᠤᠨ ᠡᠯᠳᠡᠩ

ᠡᠴᠢᠭᠡ ᠦᠭᠡᠶ ᠭᠦᠪᠠᠭᠦᠨ ᠡᠯᠳᠡᠩ

ᠡᠭᠡ ᠦᠭᠡᠶ ᠭᠡᠦᠭᠡᠨ ᠡᠯᠳᠡᠩ

ᠳᠦᠷᠪᠡᠨ ᠡᠷ᠎ᠡ

ᠮᠠᠭᠤ ᠮᠠᠭᠤ ᠳᠠᠭᠠᠨ ᠡᠷ᠎ᠡ

ᠮᠤᠤᠷ ᠬᠤᠯᠤᠭᠠᠨ᠎ᠠ ᠳᠠᠭᠠᠨ ᠡᠷ᠎ᠡ

ᠮᠠᠭᠤ ᠡᠷ᠎ᠡ ᠡᠮ᠎ᠡ ᠳᠡᠭᠡᠨ ᠡᠷ᠎ᠡ

ᠮᠠᠭᠤ ᠡᠯᠢᠶ᠎ᠡ ᠳᠠᠭᠢᠶᠠᠨ ᠳᠠᠭᠠᠨ ᠡᠷ᠎ᠡ

ᠳᠦᠷᠪᠡᠨ ᠡᠷᠭᠡ ᠪᠠᠷ

ᠥᠰᠭᠦ ᠴᠠᠭ ᠲᠤ ᠡᠴᠢᠭᠡ ᠡᠭᠡ ᠶᠢᠨ ᠡᠷᠭᠡ ᠪᠠᠷ

ᠥᠭᠡᠯᠡᠢ ᠴᠠᠭ ᠲᠤ ᠡᠭᠡᠨᠡᠷ ᠤᠨ ᠡᠷᠭᠡ ᠪᠠᠷ

ᠥᠳᠡᠯᠭᠦ ᠴᠠᠭ ᠲᠤ ᠬᠡᠦᠬᠡᠳ ᠤᠨ ᠡᠷᠭᠡ ᠪᠠᠷ

ᠡᠪᠠᠦᠡᠴᠢᠯᠡᠭᠦ ᠴᠠᠭ ᠲᠤ ᠡᠮᠴᠢ ᠶᠢᠨ ᠡᠷᠭᠡ ᠪᠠᠷ

ᠳᠦᠷᠪᠡᠨ ᠣᠭᠤᠴᠠ

ᠦᠨᠳᠦᠷ ᠰᠡᠭᠦᠯ ᠲᠡᠶ ᠥᠭᠡᠷ ᠤᠨ ᠣᠭᠤᠴᠠ

ᠥᠷᠭᠡᠨ ᠰᠡᠭᠦᠯ ᠲᠡᠶ ᠬᠤᠨᠢᠨ ᠤ ᠣᠭᠤᠴᠠ

ᠬᠠᠪᠳᠠᠭᠠᠢ ᠡᠪᠠᠷ ᠲᠡᠶ ᠢᠮᠠᠭᠠᠨ ᠤ ᠣᠭᠤᠴᠠ

ᠬᠠᠷ᠎ᠠ ᠦᠰᠦ ᠲᠡᠶ ᠭᠠᠬᠠᠢ ᠶᠢᠨ ᠣᠭᠤᠴᠠ

ᠳᠦᠷᠪᠡᠨ ᠣᠯᠠᠷᠢᠯ

ᠭᠦᠪᠦᠩ ᠣᠩᠭ᠋ᠠᠷᠢᠯ ᠭᠡᠢ᠌ᠰᠪᠠᠯ ᠬᠠᠪᠣᠷ ᠤᠨ ᠣᠯᠠᠷᠢᠯ

ᠭᠦᠢᠰᠦᠳᠤ ᠴᠡᠴᠡᠭ᠌ ᠳᠡᠯᠭᠡᠷᠡᠪᠠᠯ ᠵᠤᠨ ᠤ ᠣᠯᠠᠷᠢᠯ

ᠭᠦᠭᠡᠰᠦᠳᠤ ᠵᠢᠮᠢᠰ ᠪᠣᠯᠪᠠᠰᠤᠷᠠᠪᠠᠯ ᠨᠠᠮᠤᠷ ᠤᠨ ᠣᠯᠠᠷᠢᠯ

ᠭᠦᠷ ᠴᠠᠰᠤ ᠯᠠᠪᠰᠠᠪᠠᠯ ᠡᠪᠦᠯ ᠤᠨ ᠣᠯᠠᠷᠢᠯ

ᠳᠦᠷᠪᠡᠨ ᠥᠰᠢᠭᠦ

ᠦᠨᠡᠨ ᠥᠭᠡ ᠭᠡᠯᠡᠭ᠍ᠰᠡᠨ ᠭᠦᠮᠤᠨ ᠢ ᠭᠦᠮᠤᠨ ᠥᠰᠢᠭᠦ

ᠦᠨᠳᠦᠷ ᠮᠤᠳᠤ ᠪᠠᠷᠢᠭᠰᠠᠨ ᠭᠦᠮᠤᠨ ᠢ ᠨᠤᠬᠠᠢ ᠥᠰᠢᠭᠦ

ᠣᠯᠠᠢ ᠳᠠᠳᠠᠭᠰᠠᠨ ᠭᠠᠵᠠᠷ ᠲᠤ ᠥᠭᠡᠷ ᠥᠰᠢᠭᠦ

ᠥᠭᠡᠷ ᠳᠡᠷᠭᠡ ᠳᠠᠭᠤᠭᠰᠠᠨ ᠭᠦᠮᠤᠨ ᠢ ᠨᠤᠬᠠᠢ ᠥᠰᠢᠭᠦ

ᠳᠦᠷᠪᠡᠨ ᠨᠡᠢ᠌ᠯᠡᠭᠦ ᠥᠭᠡᠢ

ᠮᠠᠨᠢ ᠣᠩᠰᠢᠪᠠᠴᠤ ᠠᠶᠠᠯᠭᠤ ᠨᠡᠢ᠌ᠯᠡᠭᠦ ᠥᠭᠡᠢ

ᠮᠢᠬ᠎ᠠ ᠴᠢᠨᠠᠪᠠᠴᠤ ᠱᠦᠯᠦ ᠨᠡᠢ᠌ᠯᠡᠭᠦ ᠥᠭᠡᠢ

ᠮᠠᠩᠬᠠᠨ ᠳᠤ ᠶᠠᠪᠣᠪᠠᠴᠤ ᠮᠦᠷ ᠨᠡᠢ᠌ᠯᠡᠭᠦ ᠦᠭᠡᠶ

ᠮᠠᠩᠵᠠ ᠭᠢᠪᠠᠴᠤ ᠪᠣᠶᠠᠨ ᠨᠡᠢ᠌ᠯᠡᠭᠦ ᠥᠭᠡᠢ

ᠳᠦᠷᠪᠡᠨ ᠨᠠᠪᠳᠠ

ᠬᠠᠨ᠎ᠠ ᠶᠢᠨ ᠰᠡᠢ᠌ᠮᠡᠭᠡᠢ ᠰᠠᠯᠭᠢ ᠨᠠᠪᠳᠠ

ᠬᠠᠪᠢᠷᠭᠠᠨ ᠤ ᠨᠢᠮᠭᠡᠨ ᠠᠮᠢᠰᠬᠤᠭ᠎ᠠ ᠨᠠᠪᠳᠠ

ᠬᠠᠷ᠎ᠠ ᠭᠦᠯᠦᠰᠤ ᠳᠠᠪᠠᠯ ᠨᠠᠪᠳᠠ

ᠬᠠᠯᠠᠭᠤᠨ ᠨᠢᠯᠪᠣᠰᠤ ᠬᠠᠠᠴᠤᠢ ᠨᠠᠪᠳᠠ

ᠳᠦᠷᠪᠡᠨ ᠨᠡᠮᠡᠭᠦ

ᠨᠤᠮᠴᠢ ᠯᠠᠮ᠎ᠠ ᠭᠦᠷᠢᠮ ᠨᠡᠮᠡᠭᠦ

ᠨᠤᠶᠠᠨ ᠭᠦᠮᠤᠨ ᠶᠠᠯ᠎ᠠ ᠨᠡᠮᠡᠭᠦ

ᠣᠷᠠᠨ ᠭᠦᠮᠤᠨ ᠣᠴᠢᠭ ᠨᠡᠮᠡᠭᠦ

ᠣᠬᠠᠭᠠᠠᠳᠠᠢ ᠭᠦᠮᠤᠨ ᠠᠷᠭ᠎ᠠ ᠨᠡᠮᠡᠭᠦ

ᠳᠦᠷᠪᠡᠨ ᠨᠢᠭᠡ

ᠳᠤᠭᠤᠨᠤ ᠲᠡᠶ ᠭᠡᠷ ᠤᠨ ᠳᠤᠭᠤᠭ᠎ᠠ ᠨᠢᠭᠡ

ᠳᠤᠭᠤᠭ᠎ᠠ ᠲᠡᠶ ᠮᠢᠬᠠᠨ ᠤ ᠱᠦᠯᠦ ᠨᠢᠭᠡ

ᠳᠤᠯᠭ᠎ᠠ ᠲᠡᠶ ᠠᠢ᠌ᠯ ᠤᠨ ᠲᠦᠯᠦ ᠨᠢᠭᠡ

ᠳᠤᠭᠤᠷᠠᠢ ᠮᠠᠯ ᠤᠨ ᠪᠠᠯᠴᠢᠭᠡᠷ ᠨᠢᠭᠡ

ᠳᠦᠷᠪᠡᠨ ᠨᠤᠪᠰᠢ

ᠬᠤᠶᠠᠯᠢᠴᠢ ᠡᠭᠡᠨᠡᠷ ᠢᠨᠠᠭ ᠤᠨ ᠨᠤᠪᠰᠢ

ᠬᠤᠳᠠᠯᠴᠢ ᠭᠦᠮᠤᠨ ᠨᠥᠭᠦᠷ ᠤᠨ ᠨᠤᠪᠰᠢ

ᠬᠤᠪᠳᠤᠭ ᠨᠤᠶᠠᠨ ᠨᠡᠢ᠌ᠭᠡᠮ ᠤᠨ ᠨᠤᠪᠰᠢ

ᠬᠤᠯᠵᠢᠨ ᠲᠦᠰᠢᠮᠠᠯ ᠲᠦᠷᠦ ᠶᠢᠨ ᠨᠤᠪᠰᠢ

ᠳᠦᠷᠪᠡᠨ ᠨᠤᠭᠤᠭᠠᠨ

ᠠᠭᠤᠯᠠᠨ ᠳᠤ ᠪᠠᠢ᠌ᠳᠠᠭ ᠤᠭ᠍ᠶᠤ ᠨᠤᠭᠤᠭᠠᠨ

ᠣᠷᠭᠤᠵᠤ ᠪᠠᠢ᠌ᠳᠠᠭ ᠡᠪᠠᠰᠤ ᠨᠤᠭᠤᠭᠠᠨ

ᠣᠰᠤᠨ ᠳᠤ ᠪᠠᠢ᠌ᠳᠠᠭ ᠵᠠᠮᠠᠭ ᠨᠤᠭᠤᠭᠠᠨ

ᠦᠨᠦᠷ ᠰᠠᠢ᠌ᠳᠠᠢ ᠠᠷᠴᠠ ᠨᠤᠭᠤᠭᠠᠨ

ᠳᠦᠷᠪᠡᠨ ᠨᠤᠭᠤᠭᠠᠨ

ᠡᠷᠳᠡᠨᠢ ᠳᠤ ᠪᠠᠢ᠌ᠳᠠᠭ ᠡᠴᠡ ᠤᠭ᠍ᠶᠤ ᠨᠤᠭᠤᠭᠠᠨ

ᠡᠷᠭᠡᠳᠡᠨ ᠳᠤ ᠪᠠᠢ᠌ᠳᠠᠭ ᠡᠴᠡ ᠰᠦᠰᠦ ᠨᠤᠭᠤᠭᠠᠨ

ᠬᠠᠭᠠᠨ ᠳᠤ ᠪᠠᠢ᠌ᠳᠠᠭ ᠡᠴᠡ ᠳᠤᠷᠭ᠎ᠠ ᠨᠤᠭᠤᠭᠠᠨ

ᠬᠠᠳᠠᠨ ᠳᠤ ᠪᠠᠢ᠌ᠳᠠᠭ ᠡᠴᠡ ᠬᠠᠭᠳᠠ ᠨᠤᠭᠤᠭᠠᠨ

ᠳᠦᠷᠪᠡᠨ ᠨᠤᠶᠠᠨ

ᠪᠠᠶ᠎ᠠ ᠪᠠᠶ᠎ᠠ ᠳᠡᠭᠡᠨ ᠨᠤᠶᠠᠨ

ᠪᠠᠳᠡᠭᠡ ᠭᠡᠳᠡᠰᠤᠨ ᠳᠡᠭᠡᠨ ᠨᠤᠶᠠᠨ

ᠮᠠᠭᠤ ᠡᠷ᠎ᠡ ᠭᠡᠷ ᠲᠡᠭᠡᠨ ᠨᠤᠶᠠᠨ

ᠮᠤᠭᠠᠢ ᠨᠥᠭᠡᠨ ᠳᠡᠭᠡᠨ ᠨᠤᠶᠠᠨ

ᠳᠦᠷᠪᠡᠨ ᠪᠠᠷᠭᠡ

ᠨᠤᠮᠤᠬᠠᠨ ᠭᠦᠮᠤᠨ ᠨᠤᠶᠠᠨ ᠪᠣᠯᠬᠤ ᠪᠠᠷᠭᠡ

ᠨᠤᠮ ᠦᠭᠡᠶ ᠯᠠᠮᠠ ᠪᠠᠭᠰᠢ ᠪᠣᠯᠬᠤ ᠪᠠᠷᠭᠡ

ᠨᠣᠢ᠌ᠳᠠᠨ ᠮᠤᠳᠤ ᠳᠦᠰᠢᠭᠦᠷᠢ ᠪᠣᠯᠬᠤ ᠪᠠᠷᠭᠡ

ᠨᠣᠢ᠌ᠷᠮᠤᠭ ᠰᠤᠭᠳᠤᠭᠤ ᠳᠦᠰᠢᠭ᠌ ᠪᠣᠯᠬᠤ ᠪᠠᠷᠭᠡ

ᠳᠦᠷᠪᠡᠨ ᠪᠣᠯᠬᠤ

ᠭᠡᠵᠢᠭᠡ ᠶᠢ ᠳᠠᠮᠤᠪᠠᠯ ᠭᠢᠠᠵᠢ ᠪᠣᠯᠬᠤ

ᠭᠡᠷᠴᠢᠮ ᠢ ᠵᠠᠯᠭᠠᠪᠠᠯ ᠳᠡᠭᠡᠰᠤ ᠪᠣᠯᠬᠤ

ᠳᠤᠰᠤᠯ ᠢ ᠬᠤᠷᠠᠮᠳᠤᠭᠤᠯᠪᠠᠯ ᠳᠠᠯᠠᠢ ᠪᠣᠯᠬᠤ

ᠬᠤᠰᠤᠮ ᠢ ᠬᠤᠷᠢᠶᠠᠪᠠᠯ ᠪᠠᠶᠠᠨ ᠪᠣᠯᠬᠤ

ᠳᠦᠷᠪᠡᠨ ᠪᠣᠰᠬᠠᠬᠤ

ᠨᠤᠮᠤᠨ ᠰᠤᠬᠤᠷ ᠰᠢᠷᠤᠢ ᠪᠣᠰᠬᠠᠬᠤ

ᠨᠤᠶᠠᠨ ᠭᠦᠮᠤᠨ ᠯᠠᠷᠵᠢᠶ᠎ᠠ ᠪᠣᠰᠬᠠᠬᠤ

ᠳᠦᠷᠭᠡᠨ ᠠᠭᠤᠷ ᠭᠡᠷᠡᠭᠦᠯ ᠪᠣᠰᠬᠠᠬᠤ

ᠳᠦᠳᠡᠭ᠌ ᠭᠠᠯ ᠳᠣᠢ᠌ᠮᠠᠷ ᠪᠣᠰᠬᠠᠬᠤ

ᠳᠦᠷᠪᠡᠨ ᠪᠣᠰᠢᠭᠤ

ᠭᠡᠷᠡᠭᠦᠯᠴᠢ ᠭᠦᠮᠤᠨ ᠤ ᠠᠮᠠ ᠪᠣᠰᠢᠭᠤ

ᠭᠡᠰᠦᠭᠦᠯᠴᠢ ᠭᠦᠮᠤᠨ ᠤ ᠳᠠᠪᠠᠭ ᠪᠣᠰᠢᠭᠤ

ᠬᠠᠰᠢᠷ ᠭᠦᠮᠤᠨ ᠤᠨ ᠶᠠᠪᠣᠳᠠᠯ ᠪᠣᠰᠢᠭᠤ

ᠭᠡᠷᠰᠡᠤ ᠭᠦᠮᠤᠨ ᠤ ᠰᠤᠨᠤᠷ ᠪᠣᠰᠢᠭᠤ

ᠳᠦᠷᠪᠡᠨ ᠪᠦᠭᠡ

ᠡᠮ᠎ᠡ ᠦᠭᠡᠶ ᠭᠦᠮᠤᠨ ᠤ ᠣᠢ᠌ᠯᠠ ᠨᠢ ᠪᠦᠭᠡ

ᠢᠨᠢᠶᠡᠭᠦ ᠦᠭᠡᠶ ᠭᠦᠮᠤᠨ ᠤ ᠰᠡᠳᠭᠢᠯ ᠨᠢ ᠪᠦᠭᠡ

ᠢᠴᠢᠭᠦ ᠦᠭᠡᠶ ᠭᠦᠮᠤᠨ ᠤ ᠨᠢᠭᠤᠷ ᠨᠢ ᠪᠦᠭᠡ

ᠥᠭᠦᠭᠦ ᠦᠭᠡᠶ ᠭᠦᠮᠤᠨ ᠤ ᠠᠮᠢ ᠨᠢ ᠪᠦᠭᠡ

ᠳᠦᠷᠪᠡᠨ ᠬᠠᠷ᠎ᠠ

ᠣᠭᠤᠴᠠ ᠴᠢᠨᠠᠪᠠᠴᠤ ᠳᠤᠭᠤᠭ᠎ᠠ ᠬᠠᠷ᠎ᠠ

ᠣᠳᠤᠭ᠎ᠠ ᠵᠡᠭᠦᠪᠠᠴᠤ ᠳᠤᠯᠤᠭᠠᠢ ᠬᠠᠷ᠎ᠠ

ᠣᠭᠤᠷᠠᠭ ᠢᠳᠠᠪᠠᠴᠤ ᠪᠠᠭᠠᠰᠤ ᠬᠠᠷ᠎ᠠ

ᠣᠭᠳᠠᠷᠭᠤᠢ ᠳᠤ ᠨᠢᠰᠪᠠᠴᠤ ᠰᠡᠭᠦᠳᠡᠷ ᠨᠢ ᠬᠠᠷ᠎ᠠ

ᠳᠦᠷᠪᠡᠨ ᠭᠡᠴᠡᠭᠦᠤ

ᠭᠡᠭᠡᠯᠢ ᠢᠳᠡᠳᠡᠭ᠌ ᠡᠴᠡ ᠨᠤᠶᠠᠨ ᠭᠡᠴᠡᠭᠦᠤ

ᠭᠡᠭᠡᠷ᠎ᠡ ᠭᠦᠶ‍ᠦᠳᠡᠭ᠌ ᠡᠴᠡ ᠴᠢᠨ᠋ᠸ᠎ᠠ ᠭᠡᠴᠡᠭᠦᠤ

ᠭᠡᠷᠡᠭ᠌ ᠳᠠᠳᠠᠳᠠᠭ ᠡᠴᠡ ᠯᠣᠢ᠌ᠪᠠᠷᠴᠢᠨ ᠭᠡᠴᠡᠭᠦᠤ

ᠭᠡᠩᠰᠢᠭᠦᠤ ᠢᠳᠡᠳᠡᠭ᠌ ᠡᠴᠡ ᠯᠠᠮᠠ ᠭᠡᠴᠡᠭᠦᠤ

ᠳᠦᠷᠪᠡᠨ ᠭᠡᠷᠡᠭ᠌ ᠥᠭᠡᠢ

ᠡᠮᠨᠢᠭ᠌ ᠤᠨ ᠨᠢᠷᠤᠭᠤᠨ ᠳᠤ ᠡᠮᠡᠭᠡᠯ ᠭᠡᠷᠡᠭ᠌ ᠥᠭᠡᠢ

ᠡᠯᠵᠢᠭᠡᠨ ᠳᠤᠭᠤᠷᠠᠢ ᠳᠤ ᠳᠠᠬ᠎ᠠ ᠭᠡᠷᠡᠭ᠌ ᠥᠭᠡᠢ

ᠢᠳᠡᠭᠡᠯ ᠦᠭᠡᠶ ᠭᠦᠮᠤᠨ ᠳᠤ ᠥᠭᠡ ᠭᠡᠷᠡᠭ᠌ ᠥᠭᠡᠢ

ᠡᠷᠭᠢᠮ ᠬᠤᠸᠠᠷᠠᠭ ᠲᠤ ᠡᠭᠡᠨᠡᠷ ᠭᠡᠷᠡᠭ᠌ ᠥᠭᠡᠢ

ᠳᠦᠷᠪᠡᠨ ᠭᠦᠡᠳᠤ

ᠵᠠᠯᠬᠠᠭᠤ ᠭᠦᠮᠤᠨ ᠤ ᠪᠦᠭ᠍ᠰᠡ ᠭᠦᠡᠳᠤ

ᠵᠠᠯᠠᠭᠤ ᠭᠦᠮᠤᠨ ᠤ ᠭᠠᠷ ᠭᠦᠡᠳᠤ

ᠵᠠᠭᠤᠴᠢ ᠭᠦᠮᠤᠨ ᠤ ᠠᠵᠢᠯ ᠭᠦᠡᠳᠤ

ᠵᠢᠷᠮᠤᠰᠤᠨ ᠡᠮ᠎ᠡ ᠶᠢᠨ ᠪᠠᠶ᠎ᠠ ᠭᠦᠡᠳᠤ

ᠳᠦᠷᠪᠡᠨ ᠭᠠᠢ᠌ᠬᠠᠭᠤᠯᠬᠤ

ᠰᠢᠪᠠᠭ ᠲᠤ ᠵᠠᠷᠠᠭ᠎ᠠ ᠦᠰᠦ ᠪᠠᠨ ᠭᠠᠢ᠌ᠬᠠᠭᠤᠯᠬᠤ

ᠱᠠᠯᠪᠠᠭ ᠲᠤ ᠮᠡᠯᠡᠭᠡᠢ ᠳᠠᠭᠤ ᠪᠠᠨ ᠭᠠᠢ᠌ᠬᠠᠭᠤᠯᠬᠤ

ᠪᠣᠳᠠᠨ ᠳᠤ ᠮᠤᠭᠠᠢ ᠡᠷᠢᠶᠡᠨ ᠶᠢᠡᠨ ᠭᠠᠢ᠌ᠬᠠᠭᠤᠯᠬᠤ

ᠣᠰᠤᠨ ᠳᠤ ᠵᠢᠭᠠᠰᠤ ᠬᠠᠢ᠌ᠷᠰᠤ ᠪᠠᠨ ᠭᠠᠢ᠌ᠬᠠᠭᠤᠯᠬᠤ

ᠳᠦᠷᠪᠡᠨ ᠭᠠᠢ᠌ᠬᠠᠭᠤᠯᠬᠤ

ᠡᠵᠢ ᠶᠢᠨ ᠭᠦᠤ ᠡᠷᠳᠡᠮ ᠶᠢᠡᠨ ᠭᠠᠢ᠌ᠬᠠᠭᠤᠯᠬᠤ

ᠠᠯᠵᠠᠭᠤ ᠭᠦᠮᠤᠨ ᠨᠣᠢ᠌ᠷ ᠶᠢᠡᠨ ᠭᠠᠢ᠌ᠬᠠᠭᠤᠯᠬᠤ

ᠠᠷᠢᠭᠢᠴᠢ ᠭᠦᠮᠤᠨ ᠯᠤᠩᠬᠤ ᠪᠠᠨ ᠭᠠᠢ᠌ᠬᠠᠭᠤᠯᠬᠤ

ᠠᠢ᠌ᠯᠴᠢᠷ ᠭᠦᠮᠤᠨ ᠥᠭᠡ ᠪᠠᠨ ᠭᠠᠢ᠌ᠬᠠᠭᠤᠯᠬᠤ

ᠳᠦᠷᠪᠡᠨ ᠭᠤᠬ᠎ᠠ

ᠰᠢᠰᠢ ᠪᠣᠳᠠᠭ᠎ᠠ ᠰᠢᠳᠤᠨ ᠤ ᠭᠤᠬ᠎ᠠ

ᠰᠢᠨ᠎ᠡ ᠪᠠᠷᠢ ᠨᠢᠳᠤᠨ ᠤ ᠭᠤᠬ᠎ᠠ

ᠰᠢᠷ᠎ᠠ ᠳᠤᠰᠤ ᠬᠤᠭᠤᠯᠠᠨ ᠤ ᠭᠤᠬ᠎ᠠ

ᠰᠢᠭᠢᠷ ᠪᠣᠷᠠᠮ ᠬᠤᠭᠤᠯᠠᠢ ᠶᠢᠨ ᠭᠤᠬ᠎ᠠ

ᠳᠦᠷᠪᠡᠨ ᠭᠤᠭᠤᠵᠢᠬᠤ

ᠰᠠᠨᠠᠭᠠᠨ ᠴᠤᠭᠤᠷᠠᠬᠠᠢ ᠪᠠᠷ ᠥᠭᠡ ᠭᠤᠭᠤᠵᠢᠬᠤ

ᠰᠠᠪᠠᠨ ᠤ ᠴᠤᠭᠤᠷᠬᠠᠢ ᠪᠠᠷ ᠶᠠᠭᠤᠮ᠎ᠠ ᠭᠤᠭᠤᠵᠢᠬᠤ

ᠱᠠᠬᠠᠢ ᠶᠢᠨ ᠴᠤᠭᠤᠷᠬᠠᠢ ᠪᠠᠷ ᠰᠢᠷᠤᠢ ᠭᠤᠭᠤᠵᠢᠬᠤ

ᠰᠠᠷᠠᠪᠴᠢᠨ ᠴᠤᠭᠤᠷᠬᠠᠢ ᠪᠠᠷ ᠣᠰᠤ ᠭᠤᠭᠤᠵᠢᠬᠤ

ᠳᠦᠷᠪᠡᠨ ᠭᠤᠳᠤᠮᠰᠢᠭ

ᠡᠴᠢᠭᠡ ᠡᠴᠡ ᠪᠠᠨ ᠵᠠᠪᠳᠤᠵᠤ ᠰᠠᠬᠠᠯ ᠳᠠᠯᠪᠢᠭᠰᠠᠨ ᠭᠦᠪᠠᠭᠦᠨ ᠭᠤᠳᠤᠮᠰᠢᠭ

ᠡᠷᠡᠯᠡᠭᠦ ᠡᠴᠡ ᠣᠷᠢᠳᠠᠵᠤ ᠰᠠᠷ᠎ᠠ ᠳᠤ ᠰᠠᠭᠤᠭᠰᠠᠨ ᠭᠡᠦᠭᠡᠨ ᠭᠤᠳᠤᠮᠰᠢᠭ

ᠬᠤᠷᠢᠮᠯᠠᠯ ᠦᠭᠡᠶ ᠪᠠᠷ ᠡᠮ᠎ᠡ ᠳᠠᠭᠠᠭᠰᠠᠨ ᠡᠷ᠎ᠡ ᠭᠤᠳᠤᠮᠰᠢᠭ

ᠣᠷᠤᠭᠯᠠᠯ ᠦᠭᠡᠶ ᠪᠠᠷ ᠡᠷ᠎ᠡ ᠭᠦᠭᠡᠭᠡᠭ᠍ᠰᠡᠨ ᠡᠮ᠎ᠡ ᠭᠤᠳᠤᠮᠰᠢᠭ

ᠳᠦᠷᠪᠡᠨ ᠮᠠᠨᠠᠬᠤ

ᠬᠤᠳᠠᠴᠢ ᠨᠤᠬᠠᠢ ᠰᠥᠷᠦᠭ᠌ ᠮᠠᠨᠠᠬᠤ

ᠬᠤᠯᠠᠭᠠᠢ᠌ᠴᠢ ᠭᠦᠮᠤᠨ ᠵᠠᠮ ᠮᠠᠨᠠᠬᠤ

ᠰᠠᠳᠤᠷᠴᠢ ᠭᠦᠮᠤᠨ ᠡᠭᠦᠳᠡ ᠮᠠᠨᠠᠬᠤ

ᠰᠥᠰᠦᠭ᠍ᠴᠢ ᠭᠦᠮᠤᠨ ᠵᠡᠭᠦᠳᠤ ᠮᠠᠨᠠᠬᠤ

ᠳᠦᠷᠪᠡᠨ ᠮᠡᠳᠡᠭᠦ ᠥᠭᠡᠢ

ᠢᠩᠭᠡ ᠳᠠᠭᠠᠷᠠᠪᠠᠯ ᠭᠡᠪᠢᠭᠦ ᠪᠠᠨ ᠮᠡᠳᠡᠭᠦ ᠥᠭᠡᠢ

ᠢᠷᠭᠡ ᠳᠠᠷᠭᠤᠯᠠᠪᠠᠯ ᠭᠡᠪᠳᠡᠭᠦ ᠪᠠᠨ ᠮᠡᠳᠡᠭᠦ ᠥᠭᠡᠢ

ᠡᠷ᠎ᠡ ᠭᠠᠭᠴᠠᠭᠠᠷᠳᠠᠪᠠᠯ ᠣᠠᠳᠠᠬᠤ ᠪᠠᠨ ᠮᠡᠳᠡᠭᠦ ᠥᠭᠡᠢ

ᠡᠮ᠎ᠡ ᠬᠠᠩᠭ᠋ᠠᠳᠠᠪᠠᠯ ᠬᠠᠷᠢᠬᠤ ᠪᠠᠨ ᠮᠡᠳᠡᠭᠦ ᠥᠭᠡᠢ

ᠳᠦᠷᠪᠡᠨ ᠮᠢᠷᠢᠶᠠᠬᠤ

ᠰᠠᠢ᠌ᠨ ᠨᠤᠬᠠᠢ ᠬᠤᠳᠠ ᠮᠢᠷᠢᠶᠠᠬᠤ

ᠮᠠᠭᠤ ᠨᠤᠬᠠᠢ ᠡᠭᠦᠳᠡ ᠮᠢᠷᠢᠶᠠᠬᠤ

ᠰᠠᠢ᠌ᠨ ᠮᠤᠤᠷ ᠬᠤᠯᠤᠭᠠᠨ᠎ᠠ ᠮᠢᠷᠢᠶᠠᠬᠤ

ᠮᠠᠭᠤ ᠮᠤᠤᠷ ᠬᠤᠭᠤᠯᠠ ᠮᠢᠷᠢᠶᠠᠬᠤ

ᠳᠦᠷᠪᠡᠨ ᠰᠠᠢ᠌ᠨ

ᠠᠢ᠌ᠯ ᠳᠤ ᠣᠴᠢᠪᠠᠯ ᠨᠤᠮ ᠲᠡᠶ ᠰᠠᠢ᠌ᠨ

ᠠᠶᠠᠨ ᠳᠤ ᠶᠠᠪᠣᠪᠠᠯ ᠭᠠᠯ ᠲᠡᠶ ᠰᠠᠢ᠌ᠨ

ᠠᠯᠢᠶᠠᠷᠬᠠᠵᠤ ᠨᠠᠭᠠᠳᠪᠠᠯ ᠱᠤᠭ ᠲᠡᠶ ᠰᠠᠢ᠌ᠨ

ᠠᠮᠠᠷᠠᠭᠯᠠᠵᠤ ᠨᠠᠢ᠌ᠵᠠᠯᠠᠪᠠᠯ ᠱᠤᠮ ᠲᠡᠶ ᠰᠠᠢ᠌ᠨ

ᠳᠦᠷᠪᠡᠨ ᠰᠠᠩ

ᠳᠠᠯᠠᠢ ᠮᠦᠷᠠᠨ ᠣᠰᠤᠨ ᠤ ᠰᠠᠩ

ᠳᠠᠷᠬᠠᠨ ᠮᠤᠩᠭ᠋ᠤᠯ ᠡᠷᠳᠡᠨᠢ ᠶᠢᠨ ᠰᠠᠩ

ᠳᠠᠢ᠌ᠴᠢᠨ ᠵᠤᠷᠢᠭ ᠪᠠᠭᠠᠳᠤᠷ ᠤᠨ ᠰᠠᠩ

ᠳᠠᠯᠳᠠ ᠮᠡᠷᠭᠡᠳ ᠡᠷᠳᠡᠨᠢ ᠶᠢᠨ ᠰᠠᠩ

ᠳᠦᠷᠪᠡᠨ ᠰᠠᠩ

ᠵᠢᠷᠦᠭᠡ ᠰᠤᠳᠠᠰᠤ ᠴᠢᠰᠤᠨ ᠤ ᠰᠠᠩ

ᠵᠤᠷᠢᠭ ᠰᠦᠰᠦ ᠭᠦᠴᠤᠨ ᠤ ᠰᠠᠩ

ᠳᠠᠩᠭᠢᠰ ᠳᠠᠯᠠᠢ ᠣᠰᠤᠨ ᠤ ᠰᠠᠩ

ᠳᠠᠷᠢᠭᠢ ᠪᠣᠳᠤᠯ ᠣᠬᠠᠭᠠᠨ ᠤ ᠰᠠᠩ

ᠳᠦᠷᠪᠡᠨ ᠰᠢᠪᠰᠢᠭ᠌

ᠮᠠᠭᠤ ᠡᠮᠡᠭᠡᠯ ᠮᠤᠷᠢᠨ ᠤ ᠰᠢᠪᠰᠢᠭ᠌

ᠮᠠᠭᠤ ᠡᠮ᠎ᠡ ᠭᠡᠷ ᠤᠨ ᠰᠢᠪᠰᠢᠭ᠌

ᠮᠠᠭᠤ ᠨᠤᠶᠠᠨ ᠲᠦᠷᠦ ᠶᠢᠨ ᠰᠢᠪᠰᠢᠭ᠌

ᠮᠠᠭᠤ ᠨᠤᠬᠠᠢ ᠬᠤᠳᠠ ᠶᠢᠨ ᠰᠢᠪᠰᠢᠭ᠌

ᠳᠦᠷᠪᠡᠨ ᠰᠢᠷᠦᠭᠦᠨ

ᠨᠥᠭᠡᠭᠡᠭ᠍ᠰᠡᠨ ᠶᠠᠭᠤᠮᠠᠨ ᠳᠤ ᠬᠤᠯᠤᠭᠠᠨ᠎ᠠ ᠰᠢᠷᠦᠭᠦᠨ

ᠨᠥᠭᠦᠭᠡᠰᠤᠨ ᠪᠦᠰ ᠲᠤ ᠬᠠᠢ᠌ᠴᠢ ᠰᠢᠷᠦᠭᠦᠨ

ᠨᠢᠴᠦᠭᠦᠨ ᠭᠦᠯ ᠳᠤ ᠥᠷᠭᠡᠰᠤ ᠰᠢᠷᠦᠭᠦᠨ

ᠨᠥᠯᠦᠭᠦ ᠲᠡᠶ ᠭᠠᠵᠠᠷ ᠰᠠᠯᠭᠢ ᠰᠢᠷᠦᠭᠦᠨ

ᠳᠦᠷᠪᠡᠨ ᠰᠢᠷᠦᠭᠦᠨ

ᠬᠠᠴᠠᠷ ᠠᠮᠠᠨ ᠳᠤ ᠰᠠᠯᠭᠢ ᠰᠢᠷᠦᠭᠦᠨ

ᠬᠠᠷᠭᠠᠨ᠎ᠠ ᠰᠢᠪᠠᠭ ᠲᠤ ᠢᠮᠠᠭ᠎ᠠ ᠰᠢᠷᠦᠭᠦᠨ

ᠰᠤᠯᠪᠢᠭ᠎ᠠ ᠡᠪᠠᠷ ᠳᠤᠯᠤᠭᠠᠢ ᠳᠤ ᠰᠢᠷᠦᠭᠦᠨ

ᠰᠤᠶᠤᠭ᠎ᠠ ᠰᠢᠳᠤ ᠪᠣᠢ᠌ᠯᠠᠨ ᠳᠤ ᠰᠢᠷᠦᠭᠦᠨ

ᠳᠦᠷᠪᠡᠨ ᠰᠤᠯᠠ

ᠡᠷ᠎ᠡ ᠦᠭᠡᠶ ᠡᠮ᠎ᠡ ᠰᠤᠯᠠ

ᠡᠮᠡᠭᠡᠯ ᠦᠭᠡᠶ ᠮᠤᠷᠢ ᠰᠤᠯᠠ

ᠡᠷᠴᠢᠮ ᠦᠭᠡᠶ ᠳᠡᠭᠡᠰᠤ ᠰᠤᠯᠠ

ᠢᠳᠡᠭᠡᠯ ᠦᠭᠡᠶ ᠭᠦᠮᠤᠨ ᠰᠤᠯᠠ

ᠳᠦᠷᠪᠡᠨ ᠳᠡᠪᠠᠳᠡᠭᠦ

ᠨᠦᠮᠦᠷᠢ ᠦᠭᠡᠶ ᠮᠠᠯ ᠰᠢᠭᠤᠷᠭᠠᠨ ᠳᠤ ᠳᠡᠪᠠᠳᠡᠭᠦ

ᠨᠥᠭᠦᠷ ᠦᠭᠡᠶ ᠭᠦᠮᠤᠨ ᠵᠤᠪᠠᠯᠠᠩ ᠳᠤ ᠳᠡᠪᠠᠳᠡᠭᠦ

ᠨᠥᠭᠡᠴᠡ ᠦᠭᠡᠶ ᠠᠢ᠌ᠯ ᠭᠠᠴᠢᠭ ᠲᠤ ᠳᠡᠪᠠᠳᠡᠭᠦ

ᠨᠥᠭᠦᠭᠡᠰᠤ ᠦᠭᠡᠶ ᠡᠭᠡᠨᠡᠷ ᠵᠣᠢ᠌ᠳᠠᠯ ᠳᠤ ᠳᠡᠪᠠᠳᠡᠭᠦ

ᠳᠦᠷᠪᠡᠨ ᠳᠠᠷᠠ

ᠰᠦ᠋ ᠲᠡᠶ ᠪᠣᠯ ᠳᠤᠰᠤ ᠳᠠᠷᠠ

ᠰᠥᠰᠦᠭ᠌ ᠲᠡᠶ ᠪᠣᠯ ᠱᠠᠰᠢᠨ ᠳᠠᠷᠠ

ᠡᠳ᠋ ᠲᠡᠶ ᠪᠣᠯ ᠪᠠᠶᠠᠨ ᠳᠠᠷᠠ

ᠡᠷᠳᠡᠮ ᠲᠡᠶ ᠪᠣᠯ ᠮᠡᠷᠭᠡᠨ ᠳᠠᠷᠠ

ᠳᠦᠷᠪᠡᠨ ᠳᠤᠭᠤᠷᠢᠬᠤ

ᠪᠦᠰᠡ ᠳᠤᠤᠬᠠᠢ ᠪᠠᠶ᠎ᠠ ᠪᠠᠨ ᠳᠤᠭᠤᠷᠢᠬᠤ

ᠪᠦᠰᠡᠯᠡᠭᠦᠷ ᠣᠭᠤᠰᠤᠷ ᠭᠡᠷ ᠶᠢᠡᠨ ᠳᠤᠭᠤᠷᠢᠬᠤ

ᠪᠦᠭᠦᠳᠡ ᠠᠮᠢᠳᠠᠨ ᠳᠤᠯᠭ᠎ᠠ ᠪᠠᠨ ᠳᠤᠭᠤᠷᠢᠬᠤ

ᠪᠦᠭ᠍ᠳᠦᠷ ᠡᠯᠵᠢᠭᠡ ᠢᠩ ᠶᠢᠡᠨ ᠳᠤᠭᠤᠷᠢᠬᠤ

ᠳᠦᠷᠪᠡᠨ ᠳᠤᠭᠯᠠᠩᠬᠠᠢ

ᠠᠭᠠᠷᠤ ᠽᠠᠠᠳᠠᠨ ᠮᠤᠳᠤᠨ ᠳᠤ ᠠᠯᠳᠠᠨ ᠭᠤᠤᠷᠭᠤᠯᠳᠠᠢ ᠳᠤᠭᠯᠠᠩᠬᠠᠢ

ᠠᠮᠠᠷᠠᠭ ᠬᠤᠩᠭ᠋ᠤᠷ ᠨᠥᠭᠦᠷ ᠲᠤ ᠠᠯᠠᠭ ᠨᠢᠳᠤ ᠳᠤᠭᠯᠠᠩᠬᠠᠢ

ᠬᠤᠭᠤᠷ ᠬᠣᠢ᠌ᠴᠢᠩ ᠤᠨ ᠣᠳᠠᠰᠤᠨ ᠳᠤ ᠬᠤᠷᠤᠭᠤᠨ ᠥᠵᠦᠭᠦᠷ ᠳᠤᠭᠯᠠᠩᠬᠠᠢ

ᠬᠤᠯᠠ ᠵᠠᠮ ᠤᠨ ᠠᠶᠠᠨ ᠳᠤ ᠬᠤᠷᠳᠤᠨ ᠭᠦᠯᠦᠭ᠌ ᠳᠤᠭᠯᠠᠩᠬᠠᠢ

ᠳᠦᠷᠪᠡᠨ ᠳᠤᠭᠳᠠᠬᠤ ᠥᠭᠡᠢ

ᠡᠷᠡᠮᠡᠭ᠌ ᠮᠠᠯ ᠳᠤ ᠭᠡᠭᠡᠯ ᠳᠤᠭᠳᠠᠬᠤ ᠥᠭᠡᠢ

ᠡᠵᠡᠷᠭᠡᠭ᠌ ᠬᠠᠳᠠᠮ ᠳᠤ ᠪᠠᠷᠢ ᠳᠤᠭᠳᠠᠬᠤ ᠥᠭᠡᠢ

ᠡᠷᠡᠰ ᠡᠷ᠎ᠡ ᠳᠤ ᠡᠭᠡᠨᠡᠷ ᠳᠤᠭᠳᠠᠬᠤ ᠥᠭᠡᠢ

ᠡᠮᠨᠢᠭ᠌ ᠮᠤᠷᠢᠨ ᠳᠤ ᠡᠮᠡᠭᠡᠯ ᠳᠤᠭᠳᠠᠬᠤ ᠥᠭᠡᠢ

ᠳᠦᠷᠪᠡᠨ ᠳᠦᠰᠢᠭ᠌

ᠬᠨ ᠭᠤᠶ᠎ᠠ ᠲᠠᠭᠠᠨ ᠳᠦᠰᠢᠭ᠌

ᠬᠠᠮᠠᠷ ᠠᠮᠠ ᠳᠠᠭᠠᠨ ᠳᠦᠰᠢᠭ᠌

ᠬᠠᠨᠢ ᠪᠠᠶ᠎ᠠ ᠳᠡᠭᠡᠨ ᠳᠦᠰᠢᠭ᠌

ᠬᠠᠳᠤᠨ ᠡᠷ᠎ᠡ ᠳᠡᠭᠡᠨ ᠳᠦᠰᠢᠭ᠌

ᠳᠦᠷᠪᠡᠨ ᠳᠠᠢ᠌ᠰᠤᠨ

ᠬᠤᠳᠠᠯᠴᠢ ᠭᠦᠮᠤᠨ ᠳᠤ ᠨᠥᠭᠦᠷ ᠳᠠᠢ᠌ᠰᠤᠨ

ᠬᠤᠯᠠᠭᠠᠢ᠌ᠴᠢ ᠭᠦᠮᠤᠨ ᠳᠤ ᠬᠠᠤᠯᠢ ᠳᠠᠢ᠌ᠰᠤᠨ

ᠬᠤᠸᠠᠷᠠᠭ ᠭᠦᠮᠤᠨ ᠳᠤ ᠠᠷᠢᠭᠢ ᠳᠠᠢ᠌ᠰᠤᠨ

ᠬᠤᠷᠢᠶᠠᠭᠰᠠᠨ ᠪᠣᠶᠠᠨ ᠳᠤ ᠨᠢᠭᠦᠯ ᠳᠠᠢ᠌ᠰᠤᠨ

ᠳᠦᠷᠪᠡᠨ ᠳᠡᠭᠡᠷ᠎ᠡ

ᠢᠮᠠᠭᠠᠨ ᠴᠤᠭᠯᠠᠭᠠᠨ ᠬᠤᠵᠢᠷ ᠳᠡᠭᠡᠷ᠎ᠡ

ᠢᠯᠠᠭᠠᠨ ᠴᠤᠭᠯᠠᠭᠠᠨ ᠬᠤᠵᠢᠭᠢᠷ ᠳᠡᠭᠡᠷ᠎ᠡ

ᠯᠠᠭ ᠤᠨ ᠴᠤᠭᠯᠠᠭᠠᠨ ᠬᠠᠵᠠᠭᠤ ᠳᠡᠭᠡᠷ᠎ᠡ

ᠯᠠᠮᠠ ᠶᠢᠨ ᠴᠤᠭᠯᠠᠭᠠᠨ ᠰᠦᠮ᠎ᠡ ᠳᠡᠭᠡᠷ᠎ᠡ

ᠳᠦᠷᠪᠡᠨ ᠳᠡᠭᠡᠷ᠎ᠡ

ᠬᠠᠷ᠎ᠠ ᠭᠡᠷᠢᠶ᠎ᠡ ᠣᠯᠠᠢ ᠳᠡᠭᠡᠷ᠎ᠡ

ᠬᠠᠤᠨ ᠨᠤᠶᠠᠤᠨ ᠬᠠᠬᠤᠤᠯᠢ ᠳᠡᠭᠡᠷ᠎ᠡ

ᠬᠠᠳᠤᠨ ᠦᠬᠢᠳ ᠡᠳ᠋ ᠳᠡᠭᠡᠷ᠎ᠡ

ᠬᠠᠷᠠᠴᠤ ᠠᠷᠠᠤᠨ ᠠᠵᠢᠯ ᠳᠡᠭᠡᠷ᠎ᠡ

ᠳᠦᠷᠪᠡᠨ ᠳᠤᠮᠳᠠᠭᠤᠷ

ᠳᠡᠨᠡᠭ᠌ ᠭᠦᠮᠤᠨ ᠳᠡᠭ᠌ ᠳᠤᠮᠳᠠᠭᠤᠷ

ᠳᠡᠷᠭᠡ ᠣᠨᠤᠭ᠎ᠠ ᠵᠠᠮ ᠳᠤᠮᠳᠠᠭᠤᠷ

ᠳᠡᠮᠡᠭᠡ ᠢᠮᠠᠭ᠎ᠠ ᠣᠰᠤᠨ ᠲ᠋ᠤᠮᠳᠠᠭᠤᠷ

ᠳᠡᠷᠭᠡᠯ ᠰᠠᠷᠠ ᠰᠠᠷ᠎ᠠ ᠳᠤᠮᠳᠠᠭᠤᠷ

ᠳᠦᠷᠪᠡᠨ ᠴᠢᠩᠭ᠎ᠠ

ᠪᠣᠳᠤᠭᠤᠯᠠᠭᠰᠠᠨ ᠢᠩᠭᠡ ᠶᠢᠨ ᠪᠣᠢ᠌ᠯᠠᠬᠤ ᠨᠢ ᠴᠢᠩᠭ᠎ᠠ

ᠪᠣᠬᠠᠠᠳᠠᠢ ᠪᠢᠷᠠᠭᠤ ᠶᠢᠨ ᠰᠥᠢᠯᠡᠭᠦ ᠨᠢ ᠴᠢᠩᠭ᠎ᠠ

ᠬᠠᠯᠠ ᠲᠡᠶ ᠬᠠᠳᠠᠮ ᠤᠨ ᠣᠮᠤᠭᠯᠠᠬᠤ ᠨᠢ ᠴᠢᠩᠭ᠎ᠠ

ᠬᠠᠢ᠌ᠷ᠎ᠠ ᠲᠡᠶ ᠡᠭᠡᠨᠡᠷ ᠤᠨ ᠰᠡᠵᠢᠭᠯᠡᠭᠦ ᠨᠢ ᠴᠢᠩᠭ᠎ᠠ

ᠳᠦᠷᠪᠡᠨ ᠴᠤᠭᠤᠷᠬᠠᠢ

ᠣᠷᠤᠬᠤ ᠳᠡᠭ᠍ᠷᠢ ᠶᠢᠨ ᠣᠷᠤᠢ ᠨᠢ ᠴᠤᠭᠤᠷᠬᠠᠢ

ᠭᠡᠢ᠌ᠭᠦ ᠳᠡᠭ᠍ᠷᠢ ᠶᠢᠨ ᠭᠡᠵᠢᠭᠡ ᠨᠢ ᠴᠤᠭᠤᠷᠬᠠᠢ

ᠣᠷᠭᠢᠶ᠎ᠠ ᠭᠦᠮᠤᠨ ᠤ ᠮᠠᠯᠠᠭᠠᠢ ᠨᠢ ᠴᠤᠭᠤᠷᠬᠠᠢ

ᠣᠷᠤᠭᠰᠠᠨ ᠪᠣᠤᠷ᠎ᠠ ᠶᠢᠨ ᠰᠢᠯᠢ ᠨᠢ ᠴᠤᠭᠤᠷᠬᠠᠢ

ᠳᠦᠷᠪᠡᠨ ᠵᠠᠢ᠌ᠳᠠᠩ

ᠡᠴᠢᠭᠡ ᠦᠭᠡᠶ ᠭᠦᠤ ᠵᠠᠢ᠌ᠳᠠᠩ

ᠡᠭᠡ ᠦᠭᠡᠶ ᠦᠬᠢᠨ ᠵᠠᠢ᠌ᠳᠠᠩ

ᠡᠷ᠎ᠡ ᠦᠭᠡᠶ ᠡᠮ᠎ᠡ ᠵᠠᠢ᠌ᠳᠠᠩ

ᠡᠮᠡᠭᠡᠯ ᠦᠭᠡᠶ ᠮᠤᠷᠢ ᠵᠠᠢ᠌ᠳᠠᠩ

ᠳᠦᠷᠪᠡᠨ ᠵᠢᠩ ᠳᠠᠢ

ᠠᠷᠠᠯᠵᠢᠶ᠎ᠠ ᠠᠷᠪᠢᠨ ᠭᠢᠭ᠍ᠰᠡᠨ ᠭᠦᠮᠤᠨ ᠠᠳᠬᠤᠭᠠᠤᠨ ᠭᠠᠷ ᠲᠠᠭᠠᠨ ᠵᠢᠩ ᠳᠠᠢ

ᠠᠷᠭ᠎ᠠ ᠠᠷᠪᠢᠨ ᠪᠣᠳᠤᠭᠰᠠᠨ ᠭᠦᠮᠤᠨ ᠠᠶᠤᠤᠯᠢᠬᠠᠢ ᠴᠡᠭᠡᠵᠢᠨ ᠳᠡᠭᠡᠨ ᠵᠢᠩ ᠳᠠᠢ

ᠠᠯᠤᠰ ᠵᠠᠮ ᠶᠠᠪᠣᠭᠰᠠᠨ ᠭᠦᠮᠤᠨ ᠠᠯᠬᠤᠬᠤ ᠭᠦᠯ ᠳᠡᠭᠡᠨ ᠵᠢᠩ ᠳᠠᠢ

ᠠᠯᠢ ᠣᠯᠠᠨ ᠢ ᠥᠵᠡᠭ᠍ᠰᠡᠨ ᠭᠦᠮᠤᠨ ᠠᠯᠠᠭ ᠨᠢᠳᠤᠨ ᠳᠡᠭᠡᠨ ᠵᠢᠩ ᠳᠠᠢ

ᠳᠦᠷᠪᠡᠨ ᠵᠤᠪᠠᠯᠠᠩ

ᠪᠠᠳᠬ᠎ᠠ ᠶᠠᠷ᠎ᠠ ᠭᠦᠵᠦᠭᠦᠨ ᠳᠤ ᠵᠤᠪᠠᠯᠠᠩ

ᠪᠠᠷᠴᠢᠭᠢᠷ ᠴᠤᠬᠤᠷ ᠨᠢᠭᠤᠷ ᠲᠤ ᠵᠤᠪᠠᠯᠠᠩ

ᠪᠠᠴᠢ ᠵᠠᠩ ᠪᠠᠶ᠎ᠠ ᠳᠤ ᠵᠤᠪᠠᠯᠠᠩ

ᠪᠠᠭᠠᠷᠳᠠᠭ ᠵᠠᠩ ᠪᠣᠰᠤᠳ ᠲᠤ ᠵᠤᠪᠠᠯᠠᠩ

ᠳᠦᠷᠪᠡᠨ ᠶᠠᠪᠣ

ᠳᠡᠩᠰᠡᠯᠡᠭᠦ ᠡᠴᠡ ᠮᠦᠩᠭᠦ ᠲᠡᠶ ᠶᠠᠪᠣ

ᠳᠠᠪᠠᠯ ᠭᠢᠭᠦ ᠡᠴᠡ ᠳᠤᠷᠭ᠎ᠠ ᠲᠡᠶ ᠶᠠᠪᠣ

ᠳᠠᠯ ᠢ ᠨᠢ ᠵᠠᠰᠠᠬᠤ ᠡᠴᠡ ᠮᠤᠷᠢ ᠲᠡᠶ ᠶᠠᠪᠣ

ᠳᠠᠯᠠᠩ ᠢ ᠨᠢ ᠳᠠᠳᠠᠬᠤ ᠡᠴᠡ ᠦᠨᠢᠶ᠎ᠡ ᠲᠡᠶ ᠶᠠᠪᠣ

ᠳᠦᠷᠪᠡᠨ ᠪᠢᠳᠡᠭᠡᠢ ᠶᠠᠭᠠᠷᠠ

ᠭᠡᠳᠦᠷᠭᠡᠢ ᠮᠡᠷᠭᠡᠯᠡᠭᠦ ᠪᠠᠨ ᠪᠢᠳᠡᠭᠡᠢ ᠶᠠᠭᠠᠷᠠ᠂ ᠰᠤᠨᠤᠰᠬᠠᠯ ᠢ ᠬᠤᠷᠢᠶᠠ

ᠭᠡᠴᠡᠭᠦᠤ ᠶᠡᠭᠡᠮᠰᠦᠭᠯᠡᠭᠦ ᠪᠠᠨ ᠪᠢᠳᠡᠭᠡᠢ ᠶᠡᠭᠡᠷᠡ᠂ ᠡᠷᠳᠡᠮ ᠢ ᠰᠤᠷᠤᠯᠴᠠ

ᠭᠡᠷᠴᠡᠭᠡᠢ ᠳᠦᠷᠢᠮᠡᠭᠡᠢ᠌ᠯᠡᠭᠦ ᠪᠠᠨ ᠪᠢᠳᠡᠭᠡᠢ ᠶᠠᠭᠠᠷᠠ᠂ ᠰᠡᠳᠭᠢᠯ ᠢ ᠨᠤᠮᠤᠤᠠᠬ᠎ᠠ

ᠭᠡᠳᠡᠷᠭᠦ ᠰᠥᠷᠢᠭᠦ ᠪᠠᠨ ᠪᠢᠳᠡᠭᠡᠢ ᠶᠠᠭᠠᠷᠠ᠂ ᠣᠤᠠᠬ᠎ᠠ ᠶᠢ ᠪᠣᠯᠭᠤᠮᠵᠢᠯᠠ

ᠳᠦᠷᠪᠡᠨ ᠶᠠᠭᠤᠨ ᠭᠡᠷᠡᠭ᠌

ᠠᠰᠢᠭ ᠡᠳ᠋ ᠦᠶᠡᠷ ᠤᠨ ᠣᠰᠤᠨ ᠮᠠᠳᠤ ᠳᠤᠯᠠ ᠣᠯᠵᠠᠷᠬᠠᠬᠤ ᠶᠠᠭᠤᠨ ᠭᠡᠷᠡᠭ᠌

ᠠᠯᠳᠠᠷ ᠨᠠᠷ᠎ᠠ ᠬᠠᠳᠠᠨ ᠤ ᠴᠤᠤᠷᠢᠶ᠎ᠠ ᠮᠠᠳᠤ ᠳᠤᠯᠠ ᠪᠠᠬᠠᠷᠬᠠᠬᠤ ᠶᠠᠭᠤᠨ ᠭᠡᠷᠡᠭ᠌

ᠠᠮᠤᠷ ᠵᠢᠷᠭᠠᠯ ᠵᠡᠭᠦᠳᠤᠨ ᠤ ᠴᠢᠯᠦᠭᠡ ᠮᠠᠳᠤ ᠳᠤᠯᠠ ᠳᠠᠪᠰᠢᠭᠤᠷᠠᠬᠤ ᠶᠠᠭᠤᠨ ᠭᠡᠷᠡᠭ᠌

ᠠᠬ᠎ᠠ ᠳᠡᠭᠦᠤ ᠬᠤᠨᠤᠭ ᠤᠨ ᠵᠤᠴᠢᠨ ᠮᠠᠳᠤ ᠳᠤᠯᠠ ᠥᠨᠡᠮᠰᠢᠭᠦ ᠭᠡᠷᠡᠭ᠌ ᠶᠠᠭᠤᠨ

ᠳᠦᠷᠪᠡᠨ ᠶᠠᠭᠤᠨ ᠭᠡᠷᠡᠭ᠌

ᠥᠮᠡᠭᠡᠢ ᠪᠠᠭᠠᠰᠤ ᠢᠳᠡᠭ᠍ᠴᠢ ᠭᠠᠬᠠᠢ ᠳᠤᠷ ᠰᠠᠢ᠌ᠨ ᠦᠨᠦᠷ ᠶᠠᠭᠤᠨ ᠭᠡᠷᠡᠭ᠌

ᠥᠵᠡᠯᠭᠡ ᠦᠭᠡᠶ ᠰᠤᠬᠤᠷ ᠭᠦᠮᠤᠨ ᠳᠤᠷ ᠵᠤᠯᠠ ᠶᠢᠨ ᠭᠡᠷᠡᠯ ᠶᠠᠭᠤᠨ ᠭᠡᠷᠡᠭ᠌

ᠦᠯᠦ ᠰᠢᠩᠭᠡᠭᠦ ᠪᠠᠳᠠᠭᠢ ᠡᠪᠡᠳᠴᠢᠨ ᠳᠤᠷ ᠰᠠᠢ᠌ᠨ ᠢᠳᠡᠭᠡᠨ ᠶᠠᠭᠤᠨ ᠭᠡᠷᠡᠭ᠌

ᠣᠢ ᠪᠠᠯᠠᠢ ᠳᠡᠨᠡᠭ᠌ ᠤᠳ ᠲᠤᠷ ᠡᠷᠳᠡᠮ ᠤᠨ ᠳᠡᠭᠡᠳᠤ ᠨᠤᠮ ᠶᠠᠭᠤᠨ ᠭᠡᠷᠡᠭ᠌

ᠳᠦᠷᠪᠡᠨ ᠶ‍ᠢᠷᠳᠢᠠᠴᠤ

ᠬᠤᠷᠠᠭᠠᠨ ᠳᠠᠪᠠᠯᠳᠤ ᠶᠢ ᠦᠵᠡᠪᠠᠯ ᠬᠣᠢ᠌ᠮᠤᠷ ᠲᠠᠭᠠᠨ ᠵᠠᠯᠠᠳᠠᠭ ᠶ‍ᠢᠷᠳᠢᠠᠴᠤ

ᠬᠤᠪᠴᠠᠰᠤ ᠮᠠᠭᠤᠳᠤ ᠶᠢ ᠦᠵᠡᠪᠠᠯ ᠭᠦᠭᠡᠭᠡᠳ ᠭᠠᠷᠭᠠᠳᠠᠭ ᠶ‍ᠢᠷᠳᠢᠠᠴᠤ

ᠳᠤᠷᠭᠠᠨ ᠳᠠᠪᠠᠯᠳᠤ ᠶᠢ ᠦᠵᠡᠪᠠᠯ ᠳᠤᠳᠤᠭᠰᠢ ᠪᠠᠨ ᠵᠠᠯᠠᠳᠠᠭ ᠶ‍ᠢᠷᠳᠢᠠᠴᠤ

ᠳᠤᠬᠤᠢ ᠨᠢ ᠭᠠᠷᠤᠭᠰᠠᠨ ᠢ ᠦᠵᠡᠪᠠᠯ ᠳᠤᠯᠤᠭᠠᠢ ᠶᠢ ᠨᠢ ᠵᠠᠠᠴᠢᠳᠠᠭ ᠶ‍ᠢᠷᠳᠢᠠᠴᠤ

ᠳᠦᠷᠪᠡᠨ ᠶᠤᠰᠤᠳᠠᠢ

ᠡᠵᠡᠨ ᠳᠠᠭᠤᠳᠠᠪᠠᠯ ᠭᠦᠷᠭᠦ ᠶᠤᠰᠤᠳᠠᠢ

ᠡᠷᠯᠢᠭ᠌ ᠳᠠᠭᠤᠳᠠᠪᠠᠯ ᠭᠦᠷᠭᠦ ᠶᠤᠰᠤᠳᠠᠢ

ᠵᠠᠷᠯᠢᠭ ᠪᠠᠭᠤᠪᠠᠯ ᠳᠠᠭᠠᠬᠤ ᠶᠤᠰᠤᠳᠠᠢ

ᠵᠠᠭᠢᠶ᠎ᠠ ᠢᠷᠠᠪᠠᠯ ᠳᠠᠮᠵᠢᠭᠤᠯᠬᠤ ᠶᠤᠰᠤᠳᠠᠢ


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠤ᠋·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 2127
ᠴᠠᠭ᠄ 2010 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁