ᠡᠵᠢ ᠶᠢᠨ ᠨᠠᠮᠤᠷ ᠡᠭᠡᠵᠤ ᠢᠷᠡᠭᠦ ᠥᠭᠡᠢ
᠊᠊᠊᠊᠊᠊᠊᠊᠊᠊᠊᠊᠊᠊᠊ ᠡᠵᠢ ᠶᠢᠨ ᠶᠢᠡᠨ ᠨᠠᠰᠤ ᠨᠥᠭ᠍ᠴᠢᠭ᠍ᠰᠡᠨ ᠨᠢᠭᠡ ᠵᠢᠯ ᠤᠨ ᠣᠢ ᠳᠤ

      

ᠦᠣᠷ ᠤᠨ ᠪᠣᠯᠵᠤᠮᠤᠷ ᠲᠡᠶ ᠬᠠᠮᠳᠤ

ᠦᠨᠢᠶᠠᠨ ᠵᠠᠯᠠᠨ ᠳᠤ ᠪᠠᠨ ᠵᠢᠷᠭᠢᠭ᠍ᠰᠡᠨ

ᠦᠷᠯᠦᠭᠡ ᠶᠢᠨ ᠭᠦᠭᠡ ᠴᠠᠢ ᠳᠡᠭᠡᠷ᠎ᠡ

ᠦᠷᠤᠮ᠎ᠠ ᠳᠤᠰᠤ ᠪᠠᠷ ᠰᠢᠷᠭᠠᠯᠳᠤᠭᠰᠠᠨ

ᠡᠵᠢ ᠶᠢᠨ ᠨᠠᠮᠤᠷ ᠡᠭᠡᠵᠤ ᠢᠷᠡᠭᠦ ᠦᠭᠡᠶ


ᠲ᠋ᠤᠯᠭ᠎ᠠ ᠶᠢᠨ ᠭᠠᠯ ᠤᠨ ᠶᠢᠡᠨ ᠳᠡᠷᠭᠡᠳᠡ

ᠲᠦᠯᠤ ᠪᠠᠳᠠᠷᠭᠠᠨ ᠳᠦᠷᠡᠯᠵᠡᠭ᠍ᠰᠡᠨ

ᠳᠤᠭᠤᠨᠤᠳᠤ ᠭᠡᠷ ᠤᠨ ᠶᠢᠡᠨ ᠡᠭᠡᠪᠦᠷ ᠲᠤ

ᠨᠠᠷᠠ ᠬᠤᠷᠮᠣᠢ᠌ᠯᠠᠨ ᠭᠡᠷᠡᠯᠳᠦᠭ᠍ᠰᠡᠨ  

ᠡᠵᠢ ᠶᠢᠨ ᠨᠠᠮᠤᠷ ᠡᠭᠡᠵᠤ ᠢᠷᠡᠭᠦ ᠦᠭᠡᠶ


ᠭᠡᠷᠢᠶᠡᠨ ᠰᠡᠭᠦᠳᠡᠷ ᠡᠴᠡ ᠬᠠᠯᠬᠠᠯᠠᠵᠤ

ᠦᠷ᠎ᠡ ᠪᠠᠨ ᠡᠩᠭᠡᠷ ᠲᠤ ᠪᠠᠨ ᠳᠠᠯᠳᠠᠯᠠᠭᠰᠠᠨ

ᠦᠨᠦᠴᠢᠨ ᠪᠣᠳᠤᠭᠤ ᠶᠢᠨ ᠨᠢᠯᠪᠣᠰᠤ ᠶᠢ

ᠬᠤᠷᠮᠤᠢ ᠳᠤ ᠪᠠᠨ ᠳᠤᠰᠴᠤ ᠬᠠᠭᠤᠷᠠᠢ᠌ᠯᠠᠭᠰᠠᠨ

ᠡᠵᠢ ᠶᠢᠨ ᠨᠠᠮᠤᠷ ᠡᠭᠡᠵᠤ ᠢᠷᠡᠭᠦ ᠦᠭᠡᠶ


ᠲ᠋ᠠᠪᠤᠨ ᠮᠦᠰᠤᠨ ᠤ ᠳᠤᠮᠤᠭ ᠢ

ᠳᠠᠰᠢᠭᠤᠷ ᠤᠨ ᠥᠵᠦᠭᠦᠷ ᠲᠤ ᠪᠠᠨ ᠵᠠᠩᠭᠢᠳᠤᠭᠰᠠᠨ

ᠳᠠᠯ᠎ᠠ ᠶᠢᠨ ᠣᠯᠠᠨ ᠭᠦᠷᠦᠭᠡᠰᠤ ᠪᠠᠨ

ᠳᠠᠩᠨᠠᠢ ᠰᠤᠳᠠᠰᠤ ᠪᠠᠨ ᠰᠢᠭ ᠬᠠᠢ᠌ᠷᠠᠯᠠᠭᠰᠠᠨ

ᠡᠵᠢ ᠶᠢᠨ ᠨᠠᠮᠤᠷ ᠡᠭᠡᠵᠤ ᠢᠷᠡᠭᠦ ᠦᠭᠡᠶ


ᠡᠪᠦᠯ ᠤᠨ ᠰᠦᠨᠢ ᠶᠢᠨ ᠣᠳᠤᠳ ᠰᠢᠭ

ᠬᠠᠨᠢ ᠶᠢᠨ ᠶᠢᠡᠨ ᠳᠡᠷᠭᠡᠳᠡ ᠭᠢᠯᠠᠯᠵᠠᠭᠰᠠᠨ

ᠥᠡᠳᠡᠭᠡ ᠪᠠᠨ ᠬᠠᠮᠠᠭᠠᠯᠠᠬᠤ ᠰᠢᠪᠠᠭᠤ ᠰᠢᠭ

ᠦᠷᠤ ᠪᠠᠨ ᠬᠠᠳᠠᠭᠠᠵᠤ ᠶᠠᠪᠣᠭᠰᠠᠨ

ᠡᠵᠢ ᠶᠢᠨ ᠨᠠᠮᠤᠷ ᠡᠭᠡᠵᠤ ᠢᠷᠡᠭᠦ ᠦᠭᠡᠶ


ᠭᠦᠭᠡ ᠣᠳᠤᠮ ᠤᠨ ᠴᠢᠰᠤᠨ ᠳᠤ ᠪᠠᠨ

ᠭᠦᠯᠦᠰᠤᠨ ᠦᠨᠦᠷ ᠬᠠᠯᠳᠠᠭᠠᠭ᠎ᠠ ᠦᠭᠡᠶ

ᠭᠦᠭᠡᠮᠳᠦᠭ᠌ ᠳᠠᠯ᠎ᠠ ᠶᠢᠨ ᠶᠢᠡᠨ ᠨᠢᠳᠤᠨ ᠳᠤ

ᠬᠤᠮᠤᠭ ᠦᠨᠡᠰᠤ ᠰᠠᠴᠤᠭ᠎ᠠ ᠦᠭᠡᠶ

ᠡᠵᠢ ᠶᠢᠨ ᠨᠠᠮᠤᠷ ᠡᠭᠡᠵᠤ ᠢᠷᠡᠭᠦ ᠦᠭᠡᠶ


ᠴᠠᠰᠤᠳᠤ ᠦᠨᠳᠦᠷ ᠠᠭᠤᠯᠠ ᠪᠠᠨ

ᠰᠠᠭᠠᠯᠢ ᠶᠢᠨ ᠳᠡᠭᠡᠵᠢ ᠪᠠᠷ ᠶᠢᠡᠨ ᠰᠠᠴᠤᠯᠠᠭᠰᠠᠨ

ᠣᠩᠭ᠋ᠤᠨ ᠳᠠᠷᠬᠠᠨ ᠣᠪᠣᠭ᠎ᠠ ᠪᠠᠨ

ᠣᠪᠣᠭ ᠤᠨ ᠶᠤᠰᠤ ᠪᠠᠷ ᠳᠠᠭᠢᠭᠰᠠᠨ

ᠡᠵᠢ ᠶᠢᠨ ᠨᠠᠮᠤᠷ ᠡᠭᠡᠵᠤ ᠢᠷᠡᠭᠦ ᠦᠭᠡᠶ


ᠦᠳᠠᠰᠢ ᠶᠢᠨ ᠪᠣᠮᠠᠨ ᠣᠳᠤᠳ ᠢ

ᠥᠰᠭᠦ ᠮᠠᠯ ᠶᠢᠡᠷ ᠶᠢᠡᠨ ᠵᠢᠰᠤᠯᠠᠵᠤ

ᠥᠭ᠍ᠰᠦᠭᠦ ᠠᠮᠢᠳᠤᠷᠠᠯ ᠤᠨ ᠵᠠᠮ ᠶᠢᠡᠨ

ᠥᠩᠭᠡᠳᠤ ᠰᠤᠯᠤᠩᠭ᠋᠎ᠠ ᠪᠠᠷ ᠳᠡᠪᠢᠰᠦᠭ᠍ᠰᠡᠨ

ᠡᠵᠢ ᠶᠢᠨ ᠨᠠᠮᠤᠷ ᠡᠭᠡᠵᠤ ᠢᠷᠡᠭᠦ ᠦᠭᠡᠶ


ᠨᠠᠮᠤᠷ ᠤᠨ ᠭᠢᠷᠠᠭᠤ ᠳᠤ ᠴᠤᠭᠢᠭᠳᠠᠵᠤ

ᠨᠠᠪᠴᠢᠰ ᠲᠡᠶ ᠨᠢ ᠬᠠᠮᠳᠤ ᠰᠢᠷᠠᠯᠠᠭᠰᠠᠨ

ᠨᠠᠷᠠᠨ ᠡᠴᠡ ᠤᠢ᠌ᠷᠠᠬᠠᠨ ᠨᠠᠳᠠ ᠶᠢ ᠳᠦᠷᠦᠭᠦᠯᠵᠤ

ᠨᠠᠰᠤᠨ ᠤ ᠨᠠᠮᠤᠷ ᠲᠤ ᠪᠠᠨ ᠰᠢᠷᠭᠠᠯᠳᠤᠭᠰᠠᠨ

ᠡᠵᠢ ᠶᠢᠨ ᠨᠠᠮᠤᠷ ᠡᠭᠡᠵᠤ ᠢᠷᠡᠭᠦ ᠦᠭᠡᠶ ᠡ


ᠵᠤᠬᠢᠶᠠᠭᠴᠢ ᠶᠢᠨ ᠬᠠ‍‌ᠶᠢᠭ ᠄ ᠵᠠᠷᠤᠳ᠂ ᠭᠠᠬᠠᠢ᠌ᠳᠤ

ᠵᠤᠬᠢᠶᠠᠭᠴᠢ᠄ ᠭᠦᠭᠡ᠊ᠠ᠋ᠭᠤᠯᠠ
ᠬᠠᠷᠢᠶ᠎ᠠ᠄ ᠰᠢᠯᠦᠭ
ᠳᠠᠷᠤᠮ᠄ 2150
ᠴᠠᠭ᠄ 2011 ᠤᠨ ᠤ 03 ᠰᠠᠷ᠎ᠠ ᠶᠢᠨ 09