ᠪᠦᠮᠪᠦᠭᠡ

ᠡᠨ ᠱᠦᠵᠢ ᠢᠷᠡᠭᠡᠳ

ᠠᠷᠠᠤᠨ ᠤᠨ ᠠᠮᠢᠳᠤᠷᠠᠯ ᠢ ᠳᠡᠭᠡᠭ᠍ᠰᠢᠯᠡᠭᠦᠯᠤᠨ᠎ᠡ ᠭᠡᠵᠤ

ᠰᠢᠭᠢᠷ ᠡᠪᠠᠰᠤ ᠶᠢ ᠬᠤᠷᠢᠵᠤ

ᠬᠤᠵᠢᠮ ᠤᠨ ᠡᠮ ᠤᠨ ᠵᠠᠬ᠎ᠠ ᠳᠡᠯᠭᠡᠭᠦᠷ ᠢ ᠡᠵᠡᠯᠡᠨ᠎ᠡ ᠭᠡᠵᠤ

          ᠭᠡᠳᠤᠨ ᠵᠢᠯ ᠮᠠᠯᠳᠠᠬᠤ ᠦᠭᠡᠶ ᠪᠣᠯᠬᠤ ᠳ᠋ᠤ

ᠰᠢᠭᠢᠷ ᠨᠢ

ᠥᠭᠡᠷ᠎ᠡ ᠣᠷᠭᠤᠮᠠᠯ ᠳᠤ ᠢᠳᠡᠭ᠍ᠳᠡᠵᠤ

ᠦᠨᠳᠦᠰᠦ ᠨᠠᠮᠠᠭ᠎ᠠ ᠡᠴᠠ ᠡᠭᠢᠯᠡᠭᠡᠳ

ᠦᠭᠡᠶ ᠪᠣᠯᠵᠤ ᠣᠰᠠᠳᠬᠤ ᠰᠢᠬᠠᠯ᠎ᠠ᠃

ᠠᠷᠠᠤᠨ ᠤᠳ ᠨᠢ

ᠠᠢ ᠳ᠋ᠠ ︕

ᠣᠷᠭᠤᠮᠠᠯ ᠤᠨ ᠣᠬᠠᠭᠠᠨ ᠢ ᠮᠡᠳᠡᠭᠦ ᠦᠭᠡᠶ ᠳᠠᠷᠤᠭ᠎ᠠ

ᠠᠷᠠᠤᠨ ᠤᠨ ᠠᠮᠢᠳᠤᠷᠠᠯ ᠢ ᠶᠠᠭᠠᠭᠢᠵᠤ ᠳᠡᠭᠡᠭ᠍ᠰᠢᠯᠡᠭᠦᠯᠤᠨ᠎ᠡ ᠳ᠋ᠠ᠃


ᠡ ᠱᠦᠵᠢ ᠢᠷᠡᠭᠡᠳ

ᠠᠷᠠᠤᠨ ᠤᠨ ᠠᠮᠢᠳᠤᠷᠠᠯ ᠢ ᠰᠠᠢ᠌ᠵᠠᠷᠠᠭᠤᠯᠤᠨ᠎ᠠ ᠭᠡᠵᠤ

ᠰᠢᠭᠢᠷ ᠡᠪᠠᠰᠤ ᠶᠢ ᠮᠠᠯᠳᠠᠮᠠᠠᠵᠢᠨ ᠣᠷᠭᠤᠳᠠᠭ ᠭᠡᠵᠤ

ᠭᠡᠳᠤᠨ ᠵᠢᠯ ᠶᠢᠡᠷ ᠮᠠᠯᠳᠠᠭᠠᠤᠨ

ᠣᠷᠤᠯᠭ᠎ᠠ ᠨᠢ ᠰᠠᠢ᠌ᠵᠢᠷᠠᠭᠰᠠᠨ ᠴᠤ

ᠣᠷᠭᠤᠬᠤ ᠴᠢᠯᠦᠭᠡ ᠶᠢ ᠦᠭ‍ᠭᠦ ᠦᠭᠡᠶ ᠪᠣᠯᠭᠠᠪᠠ᠃

ᠠᠷᠠᠤᠨ ᠤᠳ ᠨᠢ

ᠠᠢ ᠳ᠋ᠠ ︕

ᠠᠯᠤᠰ ᠢ ᠪᠣᠳᠤᠬᠤ ᠥᠭᠡᠢ

ᠠᠪᠴᠤ ᠪᠠᠷᠠᠬᠤ ᠶᠢ ᠮᠡᠳᠡᠭ᠍ᠰᠡᠨ ᠳᠠᠷᠤᠭ᠎ᠠ

ᠠᠷᠠᠤᠨ ᠤᠨ ᠠᠮᠢᠳᠤᠷᠠᠯ ᠢ ᠶᠠᠭᠠᠭᠢᠵᠤ ᠰᠠᠢ᠌ᠵᠠᠷᠠᠭᠤᠯᠤᠨ᠎ᠠ ᠳ᠋ᠠ᠃


ᠡᠢ ᠱᠦᠵᠢ ᠢᠷᠡᠭᠡᠳ

ᠠᠷᠠᠤᠨ ᠶᠢᠡᠨ ᠴᠢᠨᠡᠭᠡᠯᠢᠭ᠍ᠵᠡᠭᠦᠯᠤᠨ᠎ᠡ ᠭᠡᠵᠤ

ᠰᠢᠭᠢᠷ ᠡᠪᠠᠰᠤ ᠶᠢ ᠳᠦᠷᠭᠡᠨ ᠪᠣᠢ᠌ᠵᠢᠭᠤᠯᠵᠤ

ᠳᠦᠷᠭᠡᠨ ᠪᠠᠶᠠᠵᠢᠨ᠎ᠠ ᠭᠡᠵᠤ

ᠭᠡᠳᠤᠨ ᠵᠢᠯ ᠵᠢᠠᠷ

ᠭᠢᠮᠢ ᠶᠢᠨ ᠪᠣᠷᠳᠤᠭᠤᠷ ᠶᠢᠡᠷ ᠳᠤᠳᠤᠮᠳᠤᠵᠤ

ᠰᠢᠭᠢᠷ ᠤᠨ ᠴᠢᠨᠠᠷ ᠮᠠᠭᠤᠳᠠᠭᠠᠤᠨ

ᠣᠷᠤᠯᠭ᠎ᠠ ᠨᠢ ᠶᠡᠭᠡᠪᠠᠷ ᠪᠠᠭᠤᠷᠠᠬᠤ ᠳ᠋ᠤ

ᠠᠷᠠᠤᠨ ᠤᠳ ᠨᠢ

ᠠᠢ ᠳ᠋ᠠ ︕

ᠬᠠᠭᠤᠷᠠᠮᠠᠭ ᠶᠢᠡᠷ ᠦᠨᠡᠨ ᠢ ᠣᠷᠤᠯᠠᠭᠤᠯᠳᠠᠭ ᠳᠠᠷᠤᠭ᠎ᠠ

ᠠᠷᠠᠤᠨ ᠶᠢᠡᠨ ᠶᠠᠭᠠᠭᠢᠵᠤ ᠴᠢᠨᠡᠭᠡᠯᠢᠭ᠍ᠵᠡᠭᠦᠯᠤᠨ᠎ᠡ ᠳ᠋ᠠ᠃


ᠣ ᠱᠦᠵᠢ ᠢᠷᠡᠭᠡᠳ

ᠠᠷᠠᠤᠨ ᠶᠢᠡᠨ ᠪᠠᠶᠠᠵᠢᠭᠤᠯᠤᠨ᠎ᠠ ᠭᠡᠵᠤ

ᠰᠢᠭᠢᠷ ᠡᠪᠠᠰᠤ ᠶᠢᠨ ᠣᠷᠤᠨ ᠳ᠋ᠤ

ᠠᠵᠤ ᠠᠬᠤᠢ ᠶᠢᠨ ᠮᠤᠳᠤ ᠳᠠᠷᠢᠨ᠎ᠠ ᠭᠡᠵᠤ

ᠭᠡᠳᠤᠨ ᠵᠢᠯ ᠶᠢᠡᠷ ᠵᠢᠮᠢᠰ ᠤᠨ ᠮᠤᠳᠤ ᠳᠠᠷᠢᠭᠠᠤᠨ

ᠰᠢᠭᠢᠷ ᠴᠤ ᠥᠭᠡᠢ

ᠠᠯᠢᠮ᠎ᠠ ᠴᠤ ᠦᠭᠡᠶ ᠪᠣᠯᠬᠤ ᠳ᠋ᠤ

ᠠᠷᠠᠤᠨ ᠤᠳ ᠨᠢ

ᠠᠢ ᠳ᠋ᠠ ︕

ᠪᠢᠳᠠᠨᠤᠰ ᠴᠢᠨᠢ

ᠪᠦᠮᠪᠦᠭᠡ ᠪᠣᠯᠴᠢᠬᠠᠵᠠᠢ᠂

ᠡᠨᠡ ᠳᠠᠷᠤᠭ᠎ᠠ ᠨᠢ ᠢᠩᠭᠢᠵᠤ ᠭᠢ ᠭᠡᠭᠦ ᠳ᠋ᠤ

ᠳᠠᠷᠠ ᠳᠠᠷᠤᠭ᠎ᠠ ᠨᠢ ᠳᠡᠭᠡᠵᠤ ᠭᠢ ᠭᠡᠭ᠍ᠰᠡᠭᠡᠷ ᠪᠠᠢ᠌ᠭᠠᠤᠨ

ᠭᠤᠷᠪᠠ ᠶᠢᠨ ᠬᠤᠭᠤᠷᠤᠠᠳᠤ

ᠬᠤᠶᠠᠷ ᠤᠨ ᠳᠤᠮᠳᠠ

ᠥᠭᠡᠭᠦ ᠴᠤ ᠪᠢᠰᠢ

ᠪᠤᠯᠴᠢᠷᠬᠠᠢ ᠴᠤ ᠪᠢᠰᠢ ᠪᠣᠯᠴᠢᠬᠠᠯ᠎ᠠ᠂

ᠪᠠᠶᠠᠵᠢᠭᠰᠠᠨ ᠴᠤ ᠶᠠᠭᠤᠮ᠎ᠠ ᠥᠭᠡᠢ

ᠪᠠᠢ᠌ᠭᠰᠠᠨ ᠵᠠᠯᠠᠭᠤ ᠨᠠᠰᠤ ᠪᠠᠨ ᠴᠤ ᠪᠠᠷᠠᠯ᠎ᠠ

ᠪᠠᠶᠠᠯᠢᠭ ᠰᠠᠢ᠌ᠬᠠᠨ ᠰᠢᠭᠢᠷ ᠶᠢᠡᠨ ᠴᠤ ᠦᠭᠡᠶ ᠭᠢᠯ᠎ᠠ ᠭᠡᠳ

ᠭᠦᠷᠵᠡ ᠵᠡᠭᠡᠳᠦᠤ ᠪᠠᠨ ᠡᠭᠦᠷᠦᠭᠡᠳ

ᠭᠦᠷᠢᠶᠡᠯᠡᠵᠤ ᠬᠤᠷᠢᠭᠰᠠᠨ ᠵᠢᠭᠠᠬᠠᠨ ᠰᠢᠭᠢᠷ ᠵᠢᠠᠨ

ᠭᠦᠷᠦᠩᠭᠡᠰᠢᠭᠦᠯᠵᠤ ᠬᠠᠮᠠᠭᠠᠯᠠᠶ᠎ᠠ᠂

ᠳᠠᠭᠢᠵᠤ

ᠭᠡᠨ ᠤ ᠭᠢᠨᠢ ᠥᠭᠡ ᠶᠢ ᠴᠤ ᠰᠤᠨᠤᠰᠬᠤ ᠦᠭᠡᠶ ᠭᠡᠳ

ᠭᠡᠷ ᠭᠡᠷ ᠲᠡᠭᠡᠨ ᠶᠠᠪᠣᠭᠠᠤᠨ ᠦᠭ‍ᠭᠦᠯ᠎ᠡ᠃


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1610
ᠴᠠᠭ᠄ 2012 ᠤᠨ ᠤ 01 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ