ᠳᠤᠷᠠᠰᠤᠮᠵᠢ

ᠨᠠᠮᠤᠷ ᠨᠠᠮᠤᠷ ᠤᠨ ᠨᠡᠭᠦᠳᠡᠯ ᠵᠢᠠᠷ

ᠨᠠᠰᠤᠨ ᠤ ᠳᠤᠭᠠᠯᠠᠯ ᠨᠡᠮᠡᠭ᠍ᠳᠡᠵᠤ

ᠨᠢᠰᠤᠩᠬᠠᠢ ᠪᠣᠷᠤ ᠵᠢᠭᠠᠯ

ᠨᠢᠭᠡ ᠯᠠ ᠮᠡᠳᠡᠭᠦ ᠳᠤ ᠥᠰᠴᠢᠭᠡᠵᠤ

ᠭᠡᠷ ᠤᠨ ᠳᠡᠭᠡᠳᠤ ᠰᠠᠭᠤᠳᠠᠯ ᠳ᠋ᠤ

ᠡᠴᠢᠭᠡ ᠶᠢᠨ ᠶᠤᠰᠤᠭᠠᠷ ᠬᠠᠩᠬᠠᠢ᠌ᠵᠤ

ᠭᠡᠷᠭᠡᠢ ᠬᠡᠦᠬᠡᠳ ᠬᠤᠶᠠᠷ ᠳᠠᠭᠠᠨ

ᠠᠭᠤᠯᠠ ᠰᠢᠭ ᠳᠦᠰᠢᠭ᠌ ᠪᠣᠯᠵᠤ

ᠨᠢᠯᠬ᠎ᠠ ᠪᠠᠯᠴᠢᠷ ᠦᠷ᠎ᠡ ᠶᠢᠨ ᠵᠢᠠᠨ

ᠵᠤᠯᠠᠢ ᠳᠡᠭᠡᠷ᠎ᠡ ᠨᠢ ᠳᠠᠭᠠᠯᠠᠵᠤ

ᠨᠢᠭᠤᠯ ᠦᠭᠡᠶ ᠰᠠᠭᠤᠭᠰᠠᠨ ᠭᠡᠷᠭᠡᠢ ᠲᠡᠶ ᠪᠠᠨ

ᠵᠢᠷᠭᠠᠯ ᠤᠨ ᠳᠤᠬᠠᠢ ᠭᠦᠦᠷᠨᠢᠵᠤ

ᠠᠪᠣ ᠡᠵᠢ ᠬᠤᠶᠠᠷ ᠤᠨ ᠵᠢᠠᠨ

ᠦᠯᠵᠡᠢ ᠭᠡᠰᠢᠭ᠌ ᠢ ᠬᠠᠷᠢᠭᠤᠯᠵᠤ

ᠠᠢ᠌ᠯ ᠭᠡᠷ ᠤᠨ ᠠᠮᠢᠳᠤᠷᠠᠯ ᠢ

ᠥᠩᠭᠡ ᠲᠡᠶ ᠥᠭᠡᠳᠡᠳᠡᠢ ᠪᠠᠢ᠌ᠯᠭᠠᠬᠤ ᠭᠡᠵᠤ

ᠠᠳᠤᠭᠤᠨ ᠤ ᠪᠠᠨ ᠪᠠᠯᠴᠢᠭᠡᠷ ᠳᠡᠭᠡᠷ᠎ᠡ

ᠭᠠᠭᠴᠠᠭᠠᠷ ᠢᠰᠭᠡᠷᠴᠤ ᠶᠠᠪᠣᠬᠤ ᠳ᠋ᠠᠭᠠᠨ

ᠠᠠᠳᠠ ᠣᠯᠠᠨ ᠨᠥᠭᠦᠤᠨ ᠵᠢᠠᠨ

ᠭᠠᠵᠠᠷ ᠤᠨ ᠬᠤᠯᠠ ᠡᠴᠡ ᠰᠠᠨᠠᠭᠠᠯᠵᠠᠪᠠ᠃

     *   *   *

ᠬᠡᠦᠬᠡᠳ ᠠᠬᠤᠢ ᠨᠠᠰᠤᠨ ᠤ ᠪᠠᠨ

ᠭᠡᠭᠡᠨ ᠳᠤᠷᠠᠰᠬᠠᠯ ᠢ ᠭᠦᠭᠯᠡᠭᠦ ᠳ᠋ᠤ

ᠭᠦᠭᠡᠷᠦᠤ ᠪᠠᠯᠴᠢᠷ ᠦᠶ᠎ᠡ

ᠪᠣᠳᠤᠯ ᠤᠨ ᠥᠵᠦᠭᠦᠷ ᠳᠤᠳᠤᠷᠠᠵᠤ

ᠰᠤᠷᠭᠠᠭᠤᠯᠢ ᠶᠢᠨ ᠳᠤᠭᠤᠰᠬᠠᠨ ᠪᠠᠢ᠌ᠰᠢᠩ ᠤᠳ

ᠨᠢᠭᠡ ᠨᠢᠭᠡ ᠪᠠᠷ ᠶᠢᠡᠨ ᠥᠵᠡᠭ᠍ᠳᠡᠵᠤ

ᠰᠤᠷᠤᠭᠴᠢ ᠨᠠᠰᠤᠨ ᠤ ᠭᠢᠨᠢ ᠠᠮᠢᠳᠤᠷᠠᠯ

ᠨᠢᠳᠤᠨ ᠳ᠋ᠤᠨᠢ ᠵᠢᠷᠤᠭ ᠰᠢᠭ ᠬᠠᠷᠠᠭᠳᠠᠪᠠ᠃


ᠠᠩᠭᠢ ᠶᠢᠨ ᠪᠠᠭᠰᠢ ᠶᠢᠨ ᠭᠢᠴᠢᠶᠠᠯ ᠢ

ᠬᠤᠭᠤᠯᠠᠢ ᠨᠡᠢ᠌ᠯᠡᠭᠦᠯᠤᠨ ᠣᠩᠰᠢᠵᠤ

ᠠᠷᠠᠪ ᠳᠤᠭ᠎ᠠ ᠶᠢᠨ ᠪᠣᠳᠤᠯᠭ᠎ᠠ ᠵᠢ

ᠬᠤᠷᠤᠭᠤ ᠳᠠᠷᠤᠨ ᠪᠣᠳᠤᠵᠤ

ᠨᠤᠮ ᠤᠨ ᠬᠤᠷᠤᠬᠠᠢ ᠲᠡᠶ ᠵᠠᠷᠢᠮ ᠨᠢ

ᠰᠠᠮᠪᠠᠷ᠎ᠠ ᠳᠡᠭᠡᠷ᠎ᠡ ᠬᠠᠳᠠᠭᠳᠠᠬᠤ ᠳ᠋ᠤ

ᠨᠣᠢ᠌ᠷ ᠠᠯᠳᠠᠭᠰᠠᠨ ᠪᠣᠰᠤᠳ ᠨᠢ

ᠰᠢᠷᠡᠭᠡᠨ ᠳᠡᠭᠡᠷ᠎ᠡ ᠪᠠᠨ ᠵᠡᠭᠦᠷᠮᠡᠭᠯᠡᠨ᠎ᠡ᠃


ᠬᠠᠢ᠌ᠷ᠎ᠠ ᠮᠡᠳᠡᠭᠦ ᠦᠭᠡᠶ ᠭᠦᠦᠴᠦᠦᠯ

ᠭᠡᠦᠭᠡᠨ ᠤ ᠳᠤᠬᠠᠢ ᠭᠦᠭ᠍ᠵᠢᠵᠤ

ᠠᠯᠢᠶ᠎ᠠ ᠳᠡᠭ᠍ᠵᠢᠨ ᠬᠠᠷᠠᠴᠠ ᠨᠢ

ᠦᠬᠢᠳ ᠤᠨ ᠳᠡᠭᠡᠭᠦᠷ ᠭᠦᠶ‍ᠦᠯᠳᠦᠵᠤ

ᠣᠩᠭ᠋ᠤᠨ ᠬᠠᠢ᠌ᠷ᠎ᠠ ᠶᠢᠨ ᠳᠠᠪᠵᠢᠶ᠎ᠠ

ᠠᠷᠢᠭᠤᠨ ᠴᠠᠭᠠᠨ ᠳᠠᠭᠳᠠᠭ᠎ᠠ ᠨᠢ

ᠪᠠᠭᠰᠢ ᠶᠢᠨ ᠨᠢᠳᠤᠨ ᠤ ᠳᠠᠯᠳᠠᠭᠤᠷ

ᠪᠢᠴᠢᠭ᠌ ᠤᠨ ᠭᠢᠨᠢ ᠵᠠᠪᠰᠠᠷ ᠨᠢᠰᠤᠯᠳᠤᠨ᠎ᠡ᠂

ᠨᠠᠮ ᠵᠢᠮᠭᠡᠨ ᠣᠷᠴᠢᠨ ᠢ

ᠬᠤᠩᠬᠤᠨ ᠤ ᠴᠢᠮᠡᠭᠡ ᠡᠪᠳᠡᠵᠤ

ᠨᠢᠭᠡᠨ ᠴᠠᠭ ᠤᠨ ᠭᠢᠴᠢᠶᠠᠯ ᠢ

ᠬᠤᠷᠠᠭᠰᠠᠨ ᠣᠯᠠᠨ ᠳᠠᠭᠠᠨ ᠳᠤᠩᠬᠠᠭᠯᠠᠬᠤ ᠳ᠋ᠤ

ᠬᠤᠩᠬᠤᠨ ᠤ ᠴᠢᠮᠡᠭᠡ ᠶᠢ ᠵᠠᠯᠭᠠᠨ

ᠬᠡᠦᠬᠡᠳ ᠤᠨ ᠳᠠᠭᠤᠤ ᠬᠠᠩᠭᠢᠨᠠᠵᠤ

ᠵᠢᠷᠭᠠᠯ ᠵᠤᠪᠠᠯᠠᠩ ᠲᠡᠶ ᠬᠤᠷᠸ᠎ᠠ ᠵᠢᠨ

ᠢᠨᠢᠶᠠᠳᠤ ᠬᠠᠨᠢᠶᠠᠳᠤ ᠶᠢᠨ ᠳᠤᠮᠳᠠᠭᠤᠷ

ᠵᠤᠪᠠᠯᠠᠩ ᠮᠡᠳᠡᠭᠦ ᠦᠭᠡᠶ ᠪᠠᠭᠠᠴᠤᠤᠯ

ᠢᠰᠭᠡᠷᠴᠤ ᠳᠠᠭᠤᠯᠠᠨ ᠭᠦᠭ᠍ᠵᠢᠨ᠎ᠡ᠃


ᠠᠪᠣᠷᠭᠤ ᠶᠢᠨ ᠬᠤᠷᠤᠬᠠᠢ ᠲᠡᠶ ᠭᠦᠦᠴᠦᠦᠯ

ᠡᠷ᠎ᠡ ᠶᠢᠨ ᠭᠡᠢ᠌ᠮᠦᠷᠢ ᠭᠡᠢ᠌ᠰᠭᠡᠵᠤ

ᠠᠳᠠᠨ ᠳᠡᠮᠡᠭᠡᠨ ᠭᠦᠶ‍ᠦᠳᠡᠯ ᠵᠢᠠᠷ

ᠮᠠᠭᠰᠢᠨ ᠳᠠᠪᠢᠨ ᠴᠤᠭᠯᠠᠷᠠᠵᠤ

ᠵᠤᠨ ᠤ ᠳᠡᠷᠢᠭᠦᠨ ᠨᠠᠭᠠᠳᠤᠮ ᠵᠢᠠᠨ

ᠨᠠᠮᠤᠷ ᠤᠨ ᠳᠤᠮᠳᠠᠴᠢ ᠪᠠᠷ ᠳᠠᠷᠬᠠᠭᠠᠨ᠎ᠠ᠃


ᠱᠤᠳᠠᠩ ᠭᠡᠵᠢᠭᠡ ᠲᠡᠶ ᠭᠡᠦᠭᠡᠡᠴᠦᠦᠯ

ᠱᠠᠭ᠎ᠠ ᠣᠷᠭᠢᠨ ᠳᠤᠭᠯᠠᠵᠤ

ᠦᠬᠢᠨ ᠴᠠᠭᠠᠨ ᠬᠤᠷᠤᠭᠤᠨ ᠤ ᠪᠠᠨ

ᠣᠷᠠᠨ ᠠᠪᠢᠶᠠᠰ ᠢ ᠭᠠᠢ᠌ᠬᠠᠭᠤᠯᠬᠤ ᠳ᠋ᠤ

ᠠᠳᠠᠭ᠎ᠠ ᠵᠢᠳᠦᠭᠡ ᠲᠡᠶ ᠭᠦᠦᠴᠦᠦᠯ ᠤᠨ

ᠠᠭᠤᠷ ᠭᠢᠯᠢᠭ᠌ ᠨᠢ ᠳᠡᠭᠳᠠᠵᠤ

ᠳᠤᠭᠤᠯ ᠤᠨ ᠭᠢᠷᠢ ᠲᠡᠶ ᠴᠢᠳᠠᠯ ᠵᠢᠠᠨ

ᠳᠤᠭᠯᠠᠭᠠᠮ ᠤᠨ ᠭᠠᠵᠠᠷ ᠭᠠᠷᠭᠠᠬᠤ ᠳ᠋ᠤ

ᠭᠦᠴᠤᠨ ᠮᠡᠭᠦᠰ ᠤᠨ ᠣᠴᠢᠷ

ᠭᠡᠷᠡᠯᠳᠦᠵᠤ᠂ ᠵᠤᠳᠤᠯᠳᠤᠵᠤ ᠴᠢᠳᠠᠬᠤ ᠦᠭᠡᠶ ᠳ᠋ᠡᠭᠡᠨ

ᠠᠷᠭ᠎ᠠ ᠪᠠᠨ ᠪᠠᠷᠠᠭᠰᠠᠨ ᠦᠬᠢᠳ

ᠠᠯᠪᠠᠨ ᠭᠡᠷ ᠵᠥᠭ᠌ ᠭᠦᠶ‍ᠦᠨ᠎ᠡ᠃


ᠦᠯᠵᠡᠢ ᠪᠣᠶᠠᠨ ᠬᠤᠷᠠᠢ᠌ᠯᠠᠭᠰᠠᠨ ᠦᠨᠳᠦᠷ ᠨᠠᠰᠤᠳᠠᠢ ᠪᠠᠭᠰᠢ

ᠠᠯᠪᠠᠨ ᠭᠡᠷ ᠤᠨ ᠬᠣᠢ᠌ᠮᠤᠷ ᠡᠴᠡ ᠵᠢᠷᠦᠭᠡ ᠶᠢ ᠳᠦᠭ᠍ᠰᠢᠳᠡᠯ᠎ᠡ ᠨᠠᠭᠠᠰᠢᠯᠠᠬᠤ ᠨᠢ

ᠰᠠᠷᠠᠨ ᠤ ᠭᠡᠷᠡᠯ ᠲᠡᠶ ᠣᠬᠠᠭᠠᠨ ᠳᠤ᠂ ᠨᠠᠷᠠᠨ ᠤ ᠢᠯᠴᠢ ᠳᠦᠭᠡᠨᠡᠭᠦ ᠪᠠᠷ

ᠰᠦᠨ ᠴᠠᠭᠠᠨ ᠰᠡᠳᠭᠢᠯ ᠶᠢᠡᠨ ᠢᠪᠢᠯᠭᠦ ᠪᠠᠷ ᠢᠷᠡᠭᠡ ᠨᠢ ᠪᠠᠢ᠌ᠭ᠎ᠠ᠂

ᠠᠠᠳᠠ ᠣᠯᠠᠨ ᠨᠥᠭᠦᠤᠨ ᠶᠢᠡᠨ᠂ ᠳᠤᠷᠠᠰᠤᠨ ᠰᠠᠭᠤᠬᠤ ᠶᠢᠨ ᠬᠤᠷᠤᠮ

ᠠᠯᠳᠠᠭ᠎ᠠ ᠣᠰᠤᠯ ᠤᠨ ᠭᠡᠮᠰᠢᠯ ᠪᠦᠳᠡᠢ᠌ᠷᠡᠵᠤ᠂ ᠨᠢᠭᠡ ᠳᠤᠳᠤᠷᠠᠬᠤ ᠳ᠋ᠤ

ᠡᠴᠢᠭᠡ ᠭᠦᠮᠤᠨ ᠤ ᠣᠬᠠᠭᠠᠨ ᠳᠤ᠂ ᠨᠠᠷᠠᠨ ᠤ ᠣᠴᠢ ᠭᠢᠯᠪᠠᠵᠤ

ᠡᠷᠡᠮᠡᠭ᠌ ᠬᠤᠩᠭ᠋ᠤᠷ ᠨᠠᠰᠤ ᠪᠠᠨ᠂ ᠳᠡᠨᠡᠭ᠌ ᠭᠡᠮᠡᠨ ᠥᠨᠡᠯᠡᠭᠡ ᠥᠭᠡᠢ

ᠡᠷ᠎ᠡ ᠪᠣᠰᠤᠭ᠎ᠠ ᠶᠠᠪᠣᠬᠤ ᠶᠢᠨ᠂ ᠭᠡᠢ᠌ᠮᠦᠷᠢ ᠵᠠᠩᠭᠢᠶ᠎ᠠ ᠶᠢ ᠭᠡᠢ᠌ᠰᠭᠡᠭᠦ

ᠡ᠊ᠨᠳᠡᠵᠤ ᠣᠬᠠᠭᠠᠷᠠᠬᠤ ᠨᠢ ᠬᠤᠷᠸ᠎ᠠ ᠶᠢᠨ ᠵᠢᠮ ᠭᠡᠮᠡᠨ ᠪᠣᠳᠤᠪᠠ᠂

ᠪᠣᠳᠤᠯ ᠤᠨ ᠥᠵᠦᠭᠦᠷ ᠲᠤ ᠣᠷᠭᠤᠭᠰᠠᠨ ᠵᠢᠷᠤᠭ ᠢᠩᠭᠢᠵᠤ ᠬᠠᠭᠠᠭᠳᠠᠨ

ᠪᠣᠭᠤᠷᠤᠯ ᠪᠠᠭᠰᠢ ᠶᠢᠨ ᠰᠤᠷᠭᠠᠯ᠂ ᠣᠬᠠᠭᠠᠨ ᠳᠤ ᠦᠪᠯᠠᠵᠤ ᠦᠯᠠᠳᠠᠪᠠ᠃

          *    *    *

ᠠᠳᠤᠭᠤᠨ ᠳᠤ ᠶᠠᠪᠣᠭᠰᠠᠨ ᠡᠷ᠎ᠡ᠂ ᠣᠷᠳᠤ ᠶᠢᠨ ᠳᠠᠭᠤᠤ ᠪᠠᠨ ᠢᠰᠭᠡᠷᠴᠤ

ᠠᠷᠭᠠᠯ ᠤᠨ ᠣᠳᠤᠭ᠎ᠠ ᠰᠤᠭᠤᠨᠠᠭᠯᠠᠭᠰᠠᠨ᠂ ᠭᠡᠷ ᠵᠥᠭ᠌ ᠶᠢᠡᠨ ᠴᠢᠭᠯᠡᠪᠡ᠂

ᠠᠷᠭᠤᠮᠠᠭ ᠰᠠᠢ᠌ᠬᠠᠨ ᠵᠡᠭᠡᠷᠳᠡ ᠨᠢ᠂ ᠬᠠᠳᠠᠷᠢᠶ᠎ᠠ ᠭᠦᠶ‍ᠦᠳᠡᠯ ᠶᠢᠡᠨ ᠲᠡᠩᠴᠡᠬᠦᠯᠭᠦ ᠳ᠋ᠤ

ᠠᠳᠠᠷ ᠤᠨ ᠴᠠᠭᠠᠨ ᠳᠤᠭᠤᠰᠤ᠂ ᠰᠡᠭᠦᠯ ᠤᠨ ᠭᠢᠨᠢ ᠥᠵᠦᠭᠦᠷ ᠳᠤ ᠬᠤᠴᠤᠷᠪᠠ᠃


      2007.8.17


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠬᠠᠷᠢᠶ᠎ᠠ᠄ ᠰᠢᠯᠦᠭ
ᠳᠠᠷᠤᠮ᠄ 1837
ᠴᠠᠭ᠄ 2011 ᠤᠨ ᠤ 01 ᠰᠠᠷ᠎ᠠ ᠶᠢᠨ 07