ᠭᠢᠯᠪᠠᠭᠡᠨ ᠪᠣᠳᠤᠯ ᠤᠳ

      ᠨᠢᠭᠡ

ᠪᠢ ᠨᠠᠷᠠᠨ ᠤ ᠭᠡᠷᠡᠯ ᠶᠢᠡᠷ ᠦᠨᠳᠠᠢ᠌ᠨ᠎ᠠ

ᠪᠢ ᠰᠠᠷᠠᠨ ᠤ ᠭᠡᠷᠡᠯ ᠶᠢᠡᠷ ᠳᠤᠭᠳᠤᠯᠤᠨ᠎ᠠ

ᠪᠢ ᠣᠳᠤᠳ ᠤᠨ ᠭᠡᠭᠡ ᠪᠠᠷ ᠮᠠᠷᠠᠢ᠌ᠨ᠎ᠠ

ᠪᠢ ᠣᠬᠠᠭᠠᠨ ᠤ ᠢᠯᠴᠢ ᠪᠠᠷ ᠠᠮᠢᠳᠤᠷᠠᠨ᠎ᠠ

      ᠬᠤᠶᠠᠷ

ᠪᠣᠯᠭᠤᠮᠵᠢ ᠦᠭᠡᠶ ᠳᠤ ᠥᠭᠡ ᠣᠯᠠᠨ

ᠳᠠᠷᠠ ᠪᠣᠯ ᠬᠠᠪᠣᠷ ᠤᠨ ᠬᠠᠮᠬᠤᠤᠯ  

ᠪᠣᠳᠤᠯᠭ᠎ᠠ ᠭᠦᠨ ᠳᠤ ᠳᠠᠭᠤ ᠴᠥᠭᠡᠨ

ᠳᠠᠷᠠ ᠪᠣᠯ ᠨᠠᠮᠤᠷ ᠤᠨ ᠣᠰᠤ

     ᠭᠤᠷᠪᠠ

ᠨᠢᠭᠤᠴᠠ ᠠᠪᠳᠠᠯ ᠲᠡᠶ ᠨᠤᠬᠠᠢ ᠡᠴᠡ

ᠭᠢᠴᠢᠶᠡᠭᠦ ᠶᠢ ᠪᠣᠤ ᠮᠠᠷᠳᠠ

ᠨᠢᠭᠤᠷ ᠦᠭᠡᠶ ᠭᠢᠳᠠᠯ ᠲᠡᠶ ᠨᠤᠶᠠᠤᠨ ᠡᠴᠡ

ᠭᠡᠷᠰᠡᠤᠯᠡᠭᠦ ᠶᠢ ᠪᠣᠤ ᠣᠮᠳᠠᠭᠠᠢ᠌ᠯᠠ

     ᠳᠦᠷᠪᠠ

ᠪᠢ ᠮᠠᠷᠳᠠᠶ᠎ᠠ

ᠴᠢᠮ᠎ᠠ ᠶᠢ ᠣᠳᠤ ᠮᠠᠷᠳᠠᠶ᠎ᠠ

ᠴᠡᠴᠡᠭ᠌ ᠤᠨ ᠳᠠᠯᠪᠢ ᠵᠤᠯᠭᠠᠷᠠᠬᠤ ᠰᠢᠭ᠌

ᠴᠢᠮ᠎ᠠ ᠶᠢ ᠰᠡᠮᠭᠡᠨ ᠮᠠᠷᠳᠠᠶ᠎ᠠ

ᠴᠠᠰᠤ ᠭᠠᠵᠠᠷ ᠲᠠᠭᠠᠨ ᠠᠭᠤᠰᠬᠤ ᠰᠢᠭ᠌

ᠴᠢᠮ᠎ᠠ ᠶᠢ ᠴᠢᠮᠡᠭᠡ ᠦᠭᠡᠶ ᠮᠠᠷᠳᠠᠶ᠎ᠠ

ᠴᠢᠮ᠎ᠠ ᠶᠢ ᠣᠳᠤ ᠮᠠᠷᠳᠠᠶ᠎ᠠ ᠁


ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠬᠠᠷᠢᠶ᠎ᠠ᠄ ᠰᠢᠯᠦᠭ
ᠳᠠᠷᠤᠮ᠄ 1882
ᠴᠠᠭ᠄ 2011 ᠤᠨ ᠤ 05 ᠰᠠᠷ᠎ᠠ ᠶᠢᠨ 12