ᠮᠤᠩᠭ᠋ᠤᠯ ᠭᠦᠨ ᠣᠬᠠᠭᠠᠨ

ᠪᠠᠶ᠎ᠠ ᠪᠠᠨ ᠮᠠᠳᠠᠪᠠᠯ ᠭᠦᠮᠤᠨ ᠭᠡᠳᠡᠭ᠌

ᠪᠠᠯᠴᠢᠭᠡᠷ ᠶᠢᠡᠨ ᠳᠠᠨᠢᠪᠠᠯ ᠮᠠᠯ ᠭᠡᠳᠡᠭ᠌

ᠪᠠᠯᠠᠨ ᠰᠠᠢ᠌ᠬᠠᠨ ᠮᠤᠩᠭ᠋ᠤᠯ ᠭᠡᠯᠡᠴᠡ ᠮᠢᠨᠢ

ᠪᠠᠷᠭᠡ ᠪᠣᠯᠪᠠᠰᠤᠨ ᠶᠢᠡᠷ ᠵᠢᠭᠠᠪᠣᠷᠢᠯᠠᠳᠠᠭ ᠶᠤᠮ


ᠠᠳᠤᠭᠤᠨ ᠤ ᠪᠠᠨ ᠭᠢᠷᠢ ᠪᠠᠷ ᠢᠰᠭᠡᠷᠦᠶ᠎ᠡ

ᠠᠳᠬᠠᠭ ᠰᠡᠳᠭᠢᠯ ᠡᠭᠦᠰᠭᠦ ᠦᠭᠡᠶ ᠶᠤᠮ

ᠭᠦᠡᠵᠢᠯᠡ ᠶᠢᠨ ᠶᠢᠡᠨ ᠭᠢᠷᠢ ᠪᠠᠷ ᠵᠢᠭᠢᠶ᠎ᠠ

ᠭᠦᠯ ᠨᠢᠷᠤᠭᠤ ᠳᠠᠭᠠᠷᠠᠬᠤ ᠦᠭᠡᠶ ᠶᠤᠮ


ᠡᠷ᠎ᠡ ᠭᠡᠪᠠᠯ ᠣᠷᠭᠢᠭ᠎ᠠ ᠶᠤᠮ

ᠡᠯᠵᠢᠭᠡ ᠭᠡᠪᠠᠯ ᠡᠭᠡᠭᠯᠡᠭᠡ ᠶᠤᠮ

ᠦᠨᠡᠨ ᠭᠡᠵᠤ ᠶᠠᠪᠣᠭᠰᠠᠭᠠᠷ ᠪᠠᠢ᠌ᠪᠠᠯ

ᠥᠭᠡᠷ ᠳᠡᠷᠭᠡ ᠳᠠᠤᠯᠠᠢ ᠡᠴᠠ ᠬᠤᠯᠠᠳᠠᠨ᠎ᠠ


ᠠᠪᠣ ᠶᠢᠨ ᠪᠣᠢ ᠳᠤ ᠭᠦᠮᠤᠨ ᠳᠠᠨᠢᠶ᠎ᠠ

ᠠᠠᠳᠠ ᠨᠥᠭᠦᠤᠨ ᠲᠡᠶ ᠪᠠᠨ ᠪᠦᠯᠭᠦᠮᠳᠡᠶ᠎ᠡ

ᠠᠭᠳᠠ ᠶᠢᠨ ᠪᠣᠢ ᠳᠤ ᠭᠠᠵᠠᠷ ᠦᠵᠠᠶ᠎ᠠ

ᠠᠭᠤᠳᠠᠮ ᠪᠠᠢ᠌ᠭᠠᠯᠢ ᠪᠠᠨ ᠰᠤᠨᠢᠷᠬᠠᠶ᠎ᠠ


ᠬᠤᠳᠳᠤᠭ ᠳᠤᠳᠤᠷᠠᠭᠢ ᠮᠡᠯᠡᠭᠡᠢ ᠰᠢᠭ᠌

ᠬᠤᠤᠳᠤᠤ ᠪᠣᠳᠤᠯ ᠪᠣᠤ ᠣᠷᠤᠶ᠎ᠠ

ᠬᠤᠨ ᠭᠠᠯᠠᠭᠤᠨ ᠤ ᠮᠢᠬᠠᠨ ᠳᠤ ᠳᠤᠷᠠᠯᠠᠬᠤ

ᠬᠤᠪᠳᠤᠭ ᠰᠡᠳᠭᠢᠯ ᠪᠣᠤ ᠡᠭᠦᠰᠭᠡᠶ᠎ᠡ


ᠪᠠᠭᠠᠳᠠᠭ ᠨᠤᠬᠠᠢ ᠨᠢ ᠭᠦᠶ‍ᠦᠳᠡᠭ᠌ ᠨᠤᠬᠠᠢ ᠪᠠᠨ ᠬᠠᠰᠢᠪᠠᠯ

ᠪᠠᠷᠠᠭᠤᠨ ᠭᠡᠷ ᠤᠨ ᠪᠠᠭᠠᠯ ᠳᠤ ᠮᠠᠭᠤᠯᠠᠭᠳᠠᠨ᠎ᠠ

ᠡᠪ ᠵᠦᠢ ᠪᠠᠷ ᠶᠠᠪᠣᠭᠰᠠᠨ ᠦᠴᠦᠭᠡᠨ ᠰᠢᠷᠭᠤᠯᠵᠢ

ᠡᠪᠠᠷᠳᠤ ᠪᠣᠭᠤ ᠭᠡᠵᠤ ᠪᠠᠷᠢᠴᠢᠬᠠᠳᠠᠭ ᠪᠠᠢ᠌ᠬᠤ


ᠮᠤᠩᠭ᠋ᠤᠯ ᠮᠤᠩᠭ᠋ᠤᠯ ᠳᠤ ᠪᠠᠨ ᠮᠠᠭᠤ ᠪᠣᠯᠪᠠᠴᠤ

ᠮᠤᠬᠤᠰᠢ ᠦᠭᠡᠶ ᠰᠡᠳᠭᠢᠯ ᠶᠢᠡᠷ ᠵᠢᠳᠭᠦᠶ᠎ᠡ

ᠮᠤᠳᠤᠨ ᠭᠦᠷᠵᠡ ᠰᠢᠪᠠᠷ ᠲᠤ ᠪᠠᠨ ᠮᠠᠭᠤ ᠪᠣᠯᠪᠠᠴᠤ

ᠮᠤᠬᠤᠷ ᠭᠠᠷ ᠡᠴᠠ ᠳᠡᠭᠡᠷ᠎ᠡ ᠯᠠ ᠶᠤᠮ


ᠦᠰᠭᠦ ᠡᠴᠠ ᠰᠤᠷᠤᠭᠰᠠᠨ ᠮᠤᠩᠭ᠋ᠤᠯ ᠭᠡᠯᠡ ᠪᠠᠨ

ᠦᠨᠳᠦᠰᠦ ᠣᠭᠰᠠᠭ᠎ᠠ ᠳᠤ ᠪᠠᠨ ᠵᠠᠯᠭᠠᠮᠵᠢᠯᠠᠶ᠎ᠠ

ᠥᠭᠦᠳᠡᠯ᠎ᠡ ᠣᠷᠤᠰᠢᠬᠤ ᠳᠦᠷᠤᠯᠭᠢ ᠨᠤᠳᠤᠭ ᠵᠢᠠᠨ

ᠦᠷ᠎ᠡ ᠬᠣᠢ᠌ᠴᠢᠰ ᠲᠤ ᠪᠠᠨ ᠦᠯᠡᠳᠡᠭᠡᠶ᠎ᠡ ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1790
ᠴᠠᠭ᠄ 2013 ᠤᠨ ᠤ 03 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ